ᠴᠢᠳᠦᠷ
ᠨᠡᠶᠢᠲᠡᠯᠡᠭᠰᠡᠨ ᠴᠠᠭ᠄
2015/12/1
     ᠴᠢᠳᠦᠷ ᠪᠤᠯ ᠮᠤᠷᠢ ᠤᠨᠤᠭ᠎ᠠ ᠲᠠᠢ ᠠᠶᠢᠯ ᠪᠦᠬᠦᠨ ᠤ ᠡᠷᠭᠡᠪᠰᠢ ᠪᠡᠯᠡᠳᠬᠡᠬᠦ ᠬᠡᠷᠡᠭᠰᠡᠯ ᠮᠦᠨ᠃ ᠵᠤᠨ ᠨᠠᠮᠤᠷ ᠤᠨ ᠴᠠᠭ ᠲᠤ ᠤᠨᠤᠭ᠎ᠠ ᠬᠦᠯᠦᠰᠢ ᠪᠠᠨ ᠭᠡᠭᠡᠷ᠎ᠡ ᠭᠠᠳᠠᠨ᠎ᠠ ᠪᠡᠯᠴᠢᠭᠡᠷ ᠲᠤ ᠲᠠᠯᠪᠢᠬᠤ ᠳᠠᠭᠠᠨ ᠬᠤᠶᠠᠷ ᠬᠠ ᠨᠢᠭᠡ ᠭᠤᠶ᠎ᠠ ᠶᠢ ᠨᠢ ᠰᠢᠬᠢᠷᠡᠳᠡᠵᠤ ᠲᠤᠱᠠᠬᠤ ᠳᠤ ᠬᠡᠷᠡᠭᠰᠡᠬᠦ ᠶᠢ ᠴᠢᠳᠦᠷ ᠭᠡᠳᠡᠭ᠃ ᠨᠢᠭᠡ ᠬᠠ ᠨᠢᠭᠡ ᠭᠤᠶ᠎ᠠ ᠶᠢ ᠰᠢᠭᠢᠷᠢᠳᠡᠵᠤ ᠲᠤᠱᠠᠬᠤ ᠶᠢ ᠦᠷᠦᠭᠡᠯ ᠭᠡᠵᠤ᠂ ᠬᠤᠶᠠᠷ ᠬᠠ ᠶᠢ ᠨᠢ ᠰᠢᠬᠢᠷᠡᠳᠡᠵᠤ ᠬᠤᠯᠪᠤᠬᠤ ᠶᠢ ᠲᠤᠱᠠ ᠭᠡᠨ᠎ᠡ᠃      ᠴᠢᠳᠦᠷ ᠨᠢ ᠬᠠ᠂ ᠠᠯᠠᠭ᠎ᠠ᠂ ᠬᠦᠬᠦ᠂ ᠰᠤᠮᠤ᠂ ᠭᠠᠷᠬ᠎ᠠ᠂ ᠲᠡᠪᠡᠭᠡ ᠵᠡᠷᠭᠡ ᠪᠠᠷ ᠪᠦᠷᠢᠯᠳᠦᠳᠡᠭ  ᠃ ᠡᠮᠦᠨ᠎ᠡ ᠬᠤᠶᠠᠷ ᠬᠦᠯ ᠢ ᠬᠤᠯᠪᠤᠬᠤ ᠬᠡᠰᠡᠭ ᠢ  ᠬᠠ ᠭᠡᠵᠤ᠂ ᠰᠢᠬᠢᠷ᠎ᠠ ᠶᠢ ᠤᠷᠢᠶᠠᠬᠤ ᠬᠡᠰᠡᠭ ᠢ ᠠᠯᠠᠭ᠎ᠠ ᠭᠡᠵᠤ᠂ ᠠᠯᠠᠭ᠎ᠠ ᠶᠢᠨ ᠨᠢᠭᠡ ᠦᠵᠦᠭᠦᠷ ᠲᠤᠨᠢ ᠰᠤᠷ ᠢᠶᠠᠷ ᠭᠠᠷᠭᠠᠭᠰᠠᠨ ᠭᠤᠭᠴᠤᠭ᠎ᠠ ᠶᠢ ᠬᠦᠬᠦ ᠭᠡᠵᠤ᠂ ᠬᠠ ᠭᠤᠶ᠎ᠠ ᠶᠢᠨ  ᠬᠤᠭᠤᠷᠤᠨᠳᠤᠬᠢ ᠬᠡᠰᠡᠭ ᠢ ᠰᠤᠮᠤ ᠭᠡᠨ᠎ᠡ᠃  ᠬᠠ᠂ ᠰᠤᠮᠤ ᠶᠢᠨ ᠳᠤᠮᠳᠠ ᠲᠠᠭᠠᠷᠠᠭᠤᠯᠤᠭᠰᠠᠨ ᠡᠷᠭᠢᠭᠦᠯᠭᠡ ᠲᠠᠢ ᠲᠡᠮᠦᠷ ᠢ ᠭᠠᠷᠬ᠎ᠠ ᠭᠡᠵᠤ᠂ ᠠᠯᠠᠭ᠎ᠠ ᠶᠢᠨ ᠨᠦᠭᠦᠭᠡ ᠦᠵᠦᠭᠦᠷ ᠲᠤᠨᠢ ᠮᠤᠳᠤ᠂ ᠬᠤᠯᠤᠰᠤ᠂ ᠡᠪᠡᠷ ᠢᠶᠠᠷ ᠵᠤᠷᠭᠤᠵᠤ ᠬᠢᠭᠰᠡᠨ ᠢ ᠲᠡᠪᠡᠭᠡ ᠭᠡᠨ᠎ᠡ᠃      ᠴᠢᠳᠦᠷ ᠢ ᠶᠡᠷᠦ ᠳᠡᠭᠡᠨ ᠰᠤᠷ᠂ ᠬᠢᠯᠭᠠᠰᠤ᠂ ᠤᠯᠤᠰᠤ ᠪᠠᠷ ᠮᠤᠰᠬᠢᠵᠤ ᠬᠦᠷᠦᠳᠡᠭ᠃ ᠡᠬᠦᠨ ᠢᠶᠠᠨ ᠰᠤᠷ ᠴᠢᠳᠦᠷ᠂ ᠬᠢᠯᠭᠠᠰᠤᠨ ᠴᠢᠳᠦᠷ᠂ ᠡᠷᠭᠢᠭᠦᠯᠭᠡ ᠲᠠᠢ ᠴᠢᠳᠦᠷ᠂ ᠭᠦᠷᠦᠮᠡᠯ ᠴᠢᠳᠦᠷ ᠭᠡᠳᠡᠭ᠃      ᠴᠢᠳᠦᠷ ᠬᠢᠬᠦ ᠳᠤ ᠰᠠᠶᠢᠨ ᠰᠤᠷ ᠢ ᠰᠤᠩᠭᠤᠨ ᠮᠤᠰᠬᠢᠬᠤ ᠪᠦᠭᠡᠳ ᠮᠤᠷᠢᠨ ᠤ ᠪᠠᠨ ᠪᠡᠶ᠎ᠡ ᠪᠢᠯᠳᠡᠷ ᠲᠤ ᠲᠤᠬᠢᠷᠠᠭᠤᠯᠳᠠᠭ᠃ ᠪᠡᠶ᠎ᠡ ᠪᠢᠯᠳᠠᠷ ᠪᠦᠳᠦᠭᠦᠨ ᠮᠤᠷᠢ ᠪᠤᠯ ᠰᠤᠮᠤ ᠶᠢ ᠨᠢ ᠤᠷᠲᠤ ᠰᠢᠭ᠋ ᠮᠤᠰᠬᠢᠵᠤ᠂ ᠪᠠᠭ᠎ᠠ ᠰᠢᠭ᠋ ᠮᠤᠷᠢ ᠪᠤᠯ ᠰᠤᠮᠤ ᠶᠢ ᠨᠢ ᠤᠬᠤᠷ ᠰᠢᠭ᠋ ᠬᠢᠵᠤ᠂ ᠶᠠᠪᠤᠭᠠᠴᠢ ᠮᠤᠷᠢᠨ ᠳᠤ ᠰᠤᠮᠤ ᠨᠢ ᠤᠬᠤᠷ ᠴᠢᠳᠦᠷ ᠵᠠᠷᠤᠵᠤ᠂ ᠴᠢᠳᠦᠷ ᠮᠤᠰᠬᠢᠬᠤ  ᠳᠤ ᠡᠷᠴᠢᠮ ᠨᠢ ᠳᠤᠭᠤᠯᠳᠠᠬᠤ ᠶᠢ ᠲᠤᠩ ᠠᠩᠬᠠᠷᠳᠠᠭ᠃ ᠤᠨᠴᠠ ᠵᠠᠷᠢᠮ ᠰᠤᠷ ᠴᠤᠬᠠᠭ ᠬᠦᠮᠦᠰ ᠨᠠᠷᠢᠬᠠᠨ ᠲᠡᠮᠦᠷ ᠤᠲᠠᠰᠤ ᠪᠠᠷ ᠰᠤᠮᠤ ᠶᠢ ᠨᠢ ᠮᠤᠰᠬᠢᠵᠤ ᠬᠡᠯᠬᠢᠵᠤ ᠬᠢᠬᠦ ᠴᠤ ᠪᠤᠢ᠃ ᠰᠡᠭᠦᠯ ᠤᠨ ᠦᠶ᠎ᠡ ᠳᠤ ᠬᠢᠮᠢ ᠶᠢᠨ ᠰᠢᠷᠭᠡᠭ ᠤᠨ ᠤᠲᠠᠰᠤ ᠪᠠᠷ ᠴᠤ ᠮᠤᠰᠬᠢᠬᠤ ᠪᠤᠯᠪᠠ᠃      ᠴᠢᠳᠦᠷ ᠢ ᠰᠢᠭᠦᠳᠡᠷᠢ ᠤᠰᠤᠨ ᠳᠤ ᠳᠡᠪᠳᠦᠵᠤ ᠰᠤᠯᠠᠷᠠᠬᠤ ᠶᠢ ᠬᠢᠴᠢᠶᠡᠨ ᠪᠠᠶᠢᠡᠭᠭᠤ ᠦᠷᠦᠮ᠎ᠡ ᠲᠦᠷᠬᠢᠨ ᠰᠢᠪᠲᠤᠷᠴᠤ ᠬᠠᠳᠠᠭᠠᠳᠠᠭ᠃ ᠴᠢᠳᠦᠷ ᠢ ᠶᠡᠷᠦ ᠳᠡᠭᠡᠨ ᠭᠡᠷ ᠤᠨ ᠬᠠᠨ᠎ᠠ ᠳᠤ ᠡᠯᠭᠦᠵᠤ᠂ ᠭᠠᠳᠠᠭᠰᠢ  ᠭᠠᠷᠴᠤ ᠬᠤᠯᠨ ᠵᠠᠮ ᠶᠠᠪᠤᠪᠠᠯ ᠭᠠᠨᠵᠤᠭ᠎ᠠ ᠠᠴᠠ ᠪᠠᠨ ᠤᠶᠠᠵᠤ᠂ ᠭᠡᠭᠡᠵᠤ ᠤᠷᠬᠢᠬᠤ ᠶᠢ ᠤᠨᠴᠠᠭᠠᠢ ᠬᠡᠷᠰᠡᠦᠯᠡᠳᠡᠭ᠃      ᠴᠢᠳᠦᠷ  ᠢ ᠢᠯᠨ ᠵᠠᠩᠬᠢᠳᠤᠭ᠎ᠠ᠂ ᠨᠢᠭᠤᠴᠠ ᠵᠠᠩᠬᠢᠳᠤᠭ᠎ᠠ᠂ ᠰᠦᠯᠵᠢᠬᠡ ᠵᠠᠩᠬᠢᠳᠤᠭ᠎ᠠ ᠬᠡᠵᠤ  ᠬᠢᠳᠡᠭ᠃   ᠵᠤᠬᠢᠶᠠᠭᠴᠢ᠄ ᠨᠠ᠊ · ᠵᠢᠷᠭᠠᠯ   ᠨᠠᠶᠢᠷᠠᠭᠤᠯᠤᠭᠴᠢ᠄ ᠡ᠊ · ᠰᠠᠷᠠᠭᠤᠯ
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号