ᠡᠷᠡᠮᠡᠯᠵᠡᠯᠡᠬᠦ ᠳᠡᠰ ᠳᠠᠷᠠᠭ᠎ᠠ᠄ ᠨᠦᠬᠦᠴᠡᠯ ᠳᠤ ᠨᠡᠶᠢᠴᠡᠬᠦ ᠬᠤᠳᠠ ᠬᠦᠳᠡᠭᠡ ᠶᠢᠨ ᠰᠠᠭᠤᠭᠠᠯᠢ ᠠᠷᠠᠳ ᠪᠦᠬᠦᠨ | ᠦᠪᠡᠷᠰᠡᠳ ᠤᠨ ᠢᠶᠠᠨ ᠰᠠᠭᠤᠭ᠎ᠠ ᠭᠠᠵᠠᠷ ᠤᠨ ᠰᠤᠮᠤ ᠰᠢᠶᠠᠩ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ︵ | ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ︶ ᠲᠤ ᠬᠠᠮᠤᠭ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢ | ᠰᠢᠭᠤᠳ ᠡᠷᠡᠮᠡᠯᠵᠡᠯᠡᠵᠦ ᠪᠤᠯᠤᠨ᠎ᠠ᠃ ᠰᠤᠮᠤ ᠰᠢᠶᠠᠩ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ︵ᠵᠡᠬᠡᠯᠢ | ᠭᠤᠳᠤᠮᠵᠢ ᠶᠢᠨ ᠬᠡᠷᠡᠭ ᠡᠷᠬᠢᠯᠡᠬᠦ ᠭᠠᠵᠠᠷ︶ ᠨᠢ ᠵᠦᠢ ᠪᠤᠰᠤ ᠶᠢᠨ ᠰᠢᠯᠳᠠᠭᠠᠨ ᠢᠶᠠᠷ ᠬᠠᠷᠰᠢᠯᠠᠵᠤ ᠪᠤᠯᠬᠤ ᠦᠬᠡᠢ᠃ | ᠬᠠᠮᠤᠭ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠬᠦᠷᠳᠡᠬᠦ ᠬᠦᠮᠦᠰ ᠤᠨ ᠨᠠᠶᠢᠳᠠᠯᠭ᠎ᠠ ᠪᠠᠷ ᠭᠠᠴᠠᠭ᠎ᠠ | ᠳᠤᠰᠬᠤᠨ ︵ᠰᠠᠭᠤᠭᠠᠯᠢ︶ ᠤ ᠠᠷᠠᠳ ᠤᠨ ᠵᠦᠪᠯᠡᠯ ᠨᠢ ᠤᠷᠤᠯᠠᠨ ᠡᠷᠡᠮᠡᠯᠵᠡᠯ ᠳᠤᠰᠢᠶᠠᠵᠤ ᠪᠤᠯᠤᠨ᠎ᠠ᠃ ᠬᠠᠮᠤᠭ | ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠡᠷᠡᠮᠡᠯᠵᠡᠯᠡᠭᠴᠢ ᠬᠡᠷ ᠪᠦᠯᠢ ᠪᠠᠷ ᠨᠢᠬᠡᠴᠢ ᠪᠤᠯᠭᠠᠵᠤ᠂ ᠳᠤᠭᠳᠠᠭᠠᠯ | ᠢᠶᠠᠷ ᠬᠠᠮᠢᠶ᠎ᠠ ᠪᠦᠬᠦᠢ ᠮᠠᠲ᠋ᠧᠷᠢᠶᠠᠯ ᠢᠶᠠᠨ ᠳᠤᠰᠢᠶᠠᠵᠤ᠂ ᠬᠡᠷ ᠪᠦᠯᠢ ᠶᠢᠨ ᠤᠷᠤᠯᠭ᠎ᠠ ᠪᠤᠯᠤᠨ ᠡᠳ᠋ ᠬᠦᠷᠦᠩᠬᠡ ᠶᠢᠨ | ᠪᠠᠶᠢᠳᠠᠯ ᠢᠶᠠᠨ ᠪᠢᠴᠢᠭ ᠢᠶᠠᠷ ᠨᠡᠶᠢᠳᠡᠯᠡᠵᠦ᠂ ᠡᠷᠡᠮᠡᠯᠵᠡᠯᠡᠭᠴᠢ ᠠᠴᠠ ᠭᠠᠷ ᠤᠨ ᠦᠰᠦᠭ ᠢᠶᠠᠨ ᠵᠢᠷᠤᠵᠤ ᠮᠡᠳᠡᠷᠡᠬᠦ | ᠬᠡᠷᠡᠭᠳᠠᠢ᠃ | ᠬᠢᠨᠠᠨ ᠬᠠᠷᠭᠤᠭᠤᠯᠬᠤ ᠳᠡᠰ ᠳᠠᠷᠠᠭ᠎ᠠ᠄ ᠰᠤᠮᠤ ᠰᠢᠶᠠᠩ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ︵ | ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ︶ ᠪᠤᠯ ᠬᠠᠮᠤᠭ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ | ᠡᠷᠡᠮᠡᠯᠵᠡᠯᠡᠭᠴᠢ ᠶᠢ ᠬᠢᠨᠠᠨ ᠬᠠᠷᠭᠤᠭᠤᠯᠬᠤ ᠬᠠᠷᠢᠭᠤᠴᠠᠯᠭᠠᠳᠤ ᠴᠤᠭᠴᠠ ᠮᠦᠨ᠃ ᠭᠠᠴᠠᠭ᠎ᠠ ᠳᠤᠰᠬᠤᠨ ︵ᠰᠠᠭᠤᠭᠠᠯᠢ | ︶ ᠤ ᠠᠷᠠᠳ ᠤᠨ ᠵᠦᠪᠯᠡᠯ ᠤᠨ ᠬᠠᠮᠵᠢᠯᠴᠠᠭ᠎ᠠ ᠪᠠᠷ ᠬᠠᠮᠤᠭ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ | ᠡᠷᠡᠮᠡᠯᠵᠡᠯᠡᠭᠴᠢ ᠶᠢᠨ ᠬᠡᠷ ᠪᠦᠯᠢ ᠶᠢ ᠡᠷᠦᠬᠡ ᠳᠠᠷᠠᠭᠠᠯᠠᠨ ᠪᠠᠶᠢᠴᠠᠭᠠᠵᠤ᠂ ᠡᠷᠡᠮᠡᠯᠵᠡᠯ ᠤᠨ ᠮᠠᠲ᠋ᠧᠷᠢᠶᠠᠯ ᠵᠢᠴᠢ ᠡᠯ᠎ᠡ | ᠵᠦᠢᠯ ᠤᠨ ᠮᠠᠲ᠋ᠧᠷᠢᠶᠠᠯ ᠤᠨ ᠦᠨᠡᠨ ᠪᠤᠳᠠᠳᠤ ᠴᠢᠨᠠᠷ ᠪᠤᠯᠤᠨ ᠪᠦᠷᠢᠨ ᠳᠦᠬᠦᠷ ᠴᠢᠨᠠᠷ ᠢ ᠨᠠᠷᠢᠯᠢᠭ ᠬᠠᠷᠭᠤᠭᠤᠯᠠᠨ | ᠪᠠᠶᠢᠴᠠᠭᠠᠵᠤ᠂ ᠪᠠᠶᠢᠴᠠᠭᠠᠭᠰᠠᠨ ᠬᠦᠮᠦᠨ ᠪᠤᠯᠤᠨ ᠡᠷᠡᠮᠡᠯᠵᠡᠯᠡᠭᠴᠢ ᠠᠴᠠ ᠭᠠᠷ ᠤᠨ ᠦᠰᠦᠭ ᠵᠢᠷᠤᠨ᠎ᠠ᠃ | ᠠᠷᠠᠳᠴᠢᠯᠠᠯ ᠢᠶᠠᠷ ᠳᠡᠭᠰᠢᠳᠬᠡᠨ ᠦᠨᠡᠯᠡᠬᠦ᠃ ᠡᠷᠦᠬᠡ ᠪᠠᠷ ᠪᠠᠶᠢᠴᠠᠭᠠᠵᠤ ᠳᠠᠭᠤᠰᠤᠭᠰᠠᠨ ᠤ ᠳᠠᠷᠠᠭ᠎ᠠ᠂ ᠰᠤᠮᠤ | ᠰᠢᠶᠠᠩ ᠪᠠᠯᠭᠠᠰᠤ ᠶᠢᠨ ᠠᠷᠠᠳ ᠤᠨ ᠵᠠᠰᠠᠭ ᠤᠨ ᠤᠷᠳᠣᠨ ︵ᠰᠠᠭᠤᠭᠠᠯᠢ ᠠᠷᠠᠳ ᠤᠨ ᠵᠦᠪᠯᠡᠯ ᠤᠨ ᠬᠡᠷᠡᠭ ᠡᠷᠬᠢᠯᠡᠬᠦ | ᠭᠠᠵᠠᠷ︶ ᠠᠴᠠ ᠭᠠᠴᠠᠭ᠎ᠠ ᠳᠤᠰᠬᠤᠨ ︵ᠰᠠᠭᠤᠭᠠᠯᠢ︶ ᠤ ᠠᠷᠠᠳ ᠤᠨ ᠳᠦᠯᠦᠬᠡᠯᠡᠭᠴᠢ ᠪᠤᠶᠤ ᠨᠡᠶᠢᠬᠡᠮ ᠳᠤᠭᠤᠷᠢᠭ | ᠤᠨ ᠳᠡᠭᠰᠢᠳᠬᠡᠨ ᠦᠨᠡᠯᠡᠬᠦ ᠳᠤᠭᠤᠶᠢᠯᠠᠩ ᠢ ᠵᠤᠬᠢᠶᠠᠨ ᠪᠠᠶᠢᠭᠤᠯᠵᠤ᠂ ᠡᠷᠡᠮᠡᠯᠵᠡᠯᠡᠭᠴᠢ ᠶᠢᠨ ᠬᠡᠷ ᠪᠦᠯᠢ ᠶᠢᠨ | ᠤᠷᠤᠯᠭ᠎ᠠ᠂ ᠡᠳ᠋ ᠬᠦᠷᠦᠩᠬᠡ ᠶᠢᠨ ᠪᠠᠶᠢᠳᠠᠯ ᠬᠢᠬᠡᠳ ᠡᠷᠦᠬᠡ ᠪᠠᠷ ᠪᠠᠶᠢᠴᠠᠭᠠᠭᠰᠠᠨ ᠦᠷ᠎ᠡ ᠳ᠋ᠦᠩ ᠤᠨ ᠦᠨᠡᠨ | ᠪᠤᠳᠠᠳᠤ ᠴᠢᠨᠠᠷ ᠢ ᠳᠡᠭᠰᠢᠳᠬᠡᠨ ᠦᠨᠡᠯᠡᠨ᠎ᠡ᠃ ᠰᠤᠮᠤ ᠰᠢᠶᠠᠩ ᠪᠠᠯᠭᠠᠰᠤ ᠶᠢᠨ ᠠᠷᠠᠳ ᠤᠨ ᠵᠠᠰᠠᠭ ᠤᠨ ᠤᠷᠳᠤᠨ ︵ | ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ︶ ᠨᠢ ᠬᠠᠮᠤᠭ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢ | ᠠᠷᠠᠳᠴᠢᠯᠠᠯ ᠢᠶᠠᠷ ᠳᠡᠭᠰᠢᠳᠬᠡᠨ ᠦᠨᠡᠯᠡᠬᠦ ᠠᠷᠭ᠎ᠠ ᠶᠢ ᠳᠤᠭᠳᠠᠭᠠᠨ ᠳᠡᠬᠦᠯᠳᠡᠷᠵᠢᠬᠦᠯᠵᠦ᠂ ᠳᠡᠭᠰᠢᠳᠬᠡᠨ ᠦᠨᠡᠯᠡᠬᠦ | ᠠᠯᠬᠤᠮ ᠳᠠᠷᠠᠭ᠎ᠠ᠂ ᠳᠡᠭᠰᠢᠳᠬᠡᠨ ᠦᠨᠡᠯᠡᠬᠦ ᠠᠷᠭ᠎ᠠ᠂ ᠳᠡᠭᠰᠢᠳᠬᠡᠨ ᠦᠨᠡᠯᠡᠬᠦ ᠠᠭᠤᠯᠭ᠎ᠠ ᠪᠤᠯᠤᠨ ᠤᠷᠤᠯᠴᠠᠬᠤ | ᠬᠦᠮᠦᠨ ᠢ ᠵᠢᠷᠤᠮᠵᠢᠭᠤᠯᠤᠨ᠎ᠠ᠃ | ᠬᠢᠨᠠᠨ ᠵᠦᠪᠰᠢᠶᠡᠷᠡᠬᠦ ᠳᠡᠰ ᠳᠠᠷᠠᠭ᠎ᠠ᠃ ᠬᠤᠰᠢᠭᠤ ᠠᠷᠠᠳ ᠤᠨ ᠶᠠᠪᠤᠳᠠᠯ ᠤᠨ ᠳᠤᠪᠴᠢᠶ᠎ᠠ ᠪᠤᠯ ᠬᠠᠮᠤᠭ | ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢ ᠬᠢᠨᠠᠨ ᠵᠦᠪᠰᠢᠶᠡᠷᠡᠬᠦ ᠬᠠᠷᠢᠭᠤᠴᠠᠯᠭᠠᠳᠤ ᠭᠤᠤᠯ ᠴᠤᠭᠴᠠ | ᠪᠤᠯᠤᠨ᠎ᠠ᠃ ᠬᠢᠨᠠᠨ ᠵᠦᠪᠰᠢᠶᠡᠷᠡᠬᠦ ᠳᠤᠭᠳᠠᠭᠠᠯ ᠭᠠᠷᠭᠠᠬᠤ ᠠᠴᠠ ᠤᠷᠢᠳ ᠰᠤᠮᠤ ᠰᠢᠶᠠᠩ ᠪᠠᠯᠭᠠᠰᠤ ᠶᠢᠨ ᠠᠷᠠᠳ ᠤᠨ | ᠵᠠᠰᠠᠭ ᠤᠨ ᠤᠷᠳᠤᠨ ︵ᠵᠡᠬᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ︶ ᠠᠴᠠ ᠮᠡᠳᠡᠬᠦᠯᠦᠭᠰᠡᠨ ᠪᠠᠶᠢᠴᠠᠭᠠᠯᠳᠠ | ᠶᠢᠨ ᠮᠠᠲ᠋ᠧᠷᠢᠶᠠᠯ ᠪᠤᠯᠤᠨ ᠬᠢᠨᠠᠨ ᠬᠠᠷᠢᠭᠤᠭᠤᠯᠤᠭᠰᠠᠨ ᠰᠠᠨᠠᠯ ︵ᠠᠷᠠᠳᠴᠢᠯᠠᠯ ᠢᠶᠠᠷ ᠳᠡᠭᠰᠢᠳᠬᠡᠨ ᠦᠨᠡᠯᠡᠭᠰᠡᠨ ᠦᠷ᠎ᠡ | ᠳ᠋ᠦᠩ︶ ᠢ ᠪᠦᠬᠦ ᠳᠠᠯ᠎ᠠ ᠪᠠᠷ ᠬᠢᠨᠠᠨ ᠪᠠᠶᠢᠴᠠᠭᠠᠵᠤ᠂ 30% ᠠᠴᠠ ᠳᠡᠬᠡᠭᠰᠢᠬᠢ ᠡᠷᠦᠬᠡ ᠶᠢ ᠰᠤᠭᠤᠴᠢᠨ | ᠪᠠᠶᠢᠴᠠᠭᠠᠨ᠎ᠠ᠃ ᠨᠦᠬᠦᠴᠡᠯ ᠲᠠᠢ ᠭᠠᠵᠠᠷ ᠤᠷᠤᠨ ᠨᠢ ᠰᠤᠮᠤ ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠵᠡᠬᠡᠯᠢ | ᠭᠤᠳᠤᠮᠵᠢ ᠶᠢᠨ ᠬᠡᠷᠡᠭ ᠡᠷᠬᠢᠯᠡᠬᠦ ᠭᠠᠵᠠᠷ︶᠂ ᠭᠠᠴᠠᠭ᠎ᠠ ᠳᠤᠰᠬᠤᠨ ︵ᠰᠠᠭᠤᠭᠠᠯᠢ︶ ᠤ ᠵᠦᠪᠯᠡᠯ ᠢ ᠤᠷᠢᠨ | ᠤᠷᠤᠯᠴᠠᠭᠤᠯᠵᠤ᠂ ᠬᠢᠨᠠᠨ ᠵᠦᠪᠰᠢᠶᠡᠷᠡᠬᠦ ᠶᠠᠪᠤᠴᠠ ᠳᠠᠬᠢ ᠢᠯᠡ ᠳᠤᠳᠤᠷᠠᠴᠠ ᠶᠢ ᠠᠬᠢᠭᠤᠯᠤᠨ᠎ᠠ᠃ ᠪᠠᠶᠢᠴᠠᠭᠠᠯᠳᠠ | ᠦᠬᠡᠢ ᠪᠠᠷ ᠶᠠᠮᠠᠷ ᠨᠢᠬᠡᠨ ᠤᠯᠠᠨ ᠨᠡᠶᠢᠳᠡ ᠪᠤᠶᠤ ᠬᠤᠪᠢ ᠬᠦᠮᠦᠨ ᠢ ᠬᠠᠮᠤᠭ ᠨᠠᠭᠠᠳᠤ ᠵᠠᠬ᠎ᠠ ᠶᠢᠨ ᠠᠮᠢᠳᠤᠷᠠᠯ ᠤᠨ | ᠪᠠᠳᠤᠯᠠᠭ᠎ᠠ ᠶᠢᠨ ᠬᠡᠪᠴᠢᠶᠡᠨ ᠳᠤ ᠰᠢᠭᠤᠳ ᠤᠷᠤᠭᠤᠯᠬᠤ ᠶᠢ ᠴᠢᠩᠭ᠎ᠠ ᠬᠢᠵᠠᠭᠠᠷᠯᠠᠨ᠎ᠠ᠃ | ᠢᠯᠡ ᠨᠡᠶᠢᠳᠡᠯᠡᠬᠦ ᠳᠡᠰ ᠳᠠᠷᠠᠭ᠎ᠠ᠃ ᠬᠠᠮᠤᠭ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢ ᠬᠢᠨᠠᠨ | ᠬᠠᠷᠭᠤᠭᠤᠯᠬᠤ᠂ ᠬᠢᠨᠠᠨ ᠵᠦᠪᠰᠢᠶᠡᠷᠡᠬᠦ ᠶᠢ ᠢᠯᠡ ᠨᠡᠶᠢᠳᠡᠯᠡᠬᠦ ᠳᠦᠷᠢᠮ ᠢ ᠴᠢᠩᠭ᠎ᠠ ᠬᠡᠷᠡᠭᠵᠢᠬᠦᠯᠵᠦ᠂ ᠢᠯᠡ | ᠨᠡᠶᠢᠳᠡᠯᠡᠬᠦ ᠠᠭᠤᠯᠭ᠎ᠠ᠂ ᠢᠯᠡ ᠨᠡᠶᠢᠳᠡᠯᠡᠬᠦ ᠬᠡᠯᠪᠡᠷᠢ ᠪᠤᠯᠤᠨ ᠢᠯᠡ ᠨᠡᠶᠢᠳᠡᠯᠡᠬᠦ ᠴᠠᠭ ᠤᠨ ᠬᠢᠵᠠᠭᠠᠷᠯᠠᠯ ᠵᠡᠷᠬᠡ ᠶᠢ | ᠵᠢᠷᠤᠮᠵᠢᠭᠤᠯᠤᠨ᠎ᠠ᠃ ᠨᠡᠶᠢᠬᠡᠮ ᠳᠤᠭᠤᠷᠢᠭ ᠨᠢ ᠳᠤᠭᠳᠠᠭᠰᠠᠨ ᠢᠯᠡ ᠨᠡᠶᠢᠳᠡᠯᠡᠬᠦ ᠰᠠᠮᠪᠠᠷ᠎ᠠ ᠳᠤᠬᠢᠷᠠᠭᠤᠯᠵᠤ᠂ ᠰᠤᠮᠤ | ᠰᠢᠶᠠᠩ ᠪᠠᠯᠭᠠᠰᠤ ᠶᠢᠨ ᠵᠠᠰᠠᠭ ᠤᠨ ᠤᠷᠳᠤᠨ ︵ᠬᠡᠷᠡᠭ ᠡᠷᠬᠢᠯᠡᠬᠦ ᠭᠠᠵᠠᠷ︶ ᠨᠢ ᠡᠷᠦᠬᠡ ᠶᠢᠨ ᠪᠠᠶᠢᠴᠠᠭᠠᠯᠳᠠ᠂ | ᠠᠷᠠᠳᠴᠢᠯᠠᠯ ᠢᠶᠠᠷ ᠳᠡᠭᠰᠢᠳᠬᠡᠨ ᠦᠨᠡᠯᠡᠭᠰᠡᠨ ᠪᠤᠯᠤᠨ ᠬᠢᠨᠠᠨ ᠬᠠᠷᠭᠤᠭᠤᠯᠤᠭᠰᠠᠨ ᠦᠷ᠎ᠡ ᠳ᠋ᠦᠩ ᠢ ᠴᠠᠭ ᠳᠤᠬᠠᠢ ᠳᠤ | ᠨᠢ ᠢᠯᠡ ᠨᠡᠶᠢᠳᠡᠯᠡᠵᠦ᠂ ᠦᠨᠡᠨ ᠪᠤᠳᠠᠳᠤ ᠴᠢᠨᠠᠷ ᠪᠤᠯᠤᠨ ᠤᠨᠤᠪᠴᠢᠳᠤ ᠴᠢᠨᠠᠷ ᠢ ᠦᠨᠡᠨᠬᠦ ᠪᠠᠳᠤᠯᠠᠵᠤ᠂ ᠬᠤᠰᠢᠭᠤ | ᠠᠷᠠᠳ ᠤᠨ ᠶᠠᠪᠤᠳᠠᠯ ᠤᠨ ᠳᠤᠪᠴᠢᠶ᠎ᠠ ᠨᠢ ᠬᠠᠮᠤᠭ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠬᠦᠷᠳᠡᠬᠦ | ᠡᠳᠡᠬᠡᠳ ᠤᠨ ᠬᠡᠷ ᠪᠦᠯᠢ ᠶᠢᠨ ᠪᠦᠷᠢᠯᠳᠦᠬᠦᠨ᠂ ᠤᠷᠤᠯᠭ᠎ᠠ ᠶᠢᠨ ᠪᠠᠶᠢᠳᠠᠯ᠂ ᠪᠠᠳᠤᠯᠠᠭ᠎ᠠ ᠶᠢᠨ ᠪᠡᠯᠡ ᠮᠦᠩᠬᠦ ᠵᠡᠷᠬᠡ | ᠶᠢ ᠰᠠᠭᠤᠭ᠎ᠠ ᠭᠠᠵᠠᠷ ᠲᠤ ᠨᠢ ᠤᠷᠳᠤᠮᠵᠢ ᠶᠢᠨ ᠴᠢᠨᠠᠷᠳᠠᠢ ᠢᠯᠡ ᠨᠡᠶᠢᠳᠡᠯᠡᠵᠦ᠂ ᠬᠠᠮᠤᠭ ᠨᠠᠭᠠᠳᠤ ᠵᠠᠬ᠎ᠠ ᠶᠢᠨ | ᠠᠮᠢᠳᠤᠷᠠᠯ ᠤᠨ ᠪᠠᠳᠤᠯᠠᠭ᠎ᠠ ᠬᠦᠷᠳᠡᠬᠦ ᠡᠳᠡᠬᠡᠳ ᠤᠨ ᠤᠯᠠᠨ ᠳᠤ ᠬᠠᠨᠳᠤᠭᠤᠯᠤᠭᠰᠠᠨ ᠰᠤᠷᠠᠭ ᠴᠢᠮᠡᠭᠡ ᠶᠢ ᠪᠠᠶᠢᠴᠠᠭᠠᠨ | ᠠᠰᠠᠭᠤᠬᠤ ᠵᠤᠬᠢᠴᠠᠮᠵᠢ ᠶᠢ ᠢᠳᠡᠭ ᠢᠳᠡᠭ ᠢᠶᠠᠷ ᠳᠡᠬᠦᠯᠳᠡᠷᠵᠢᠬᠦᠯᠦᠨ᠎ᠡ᠃ ᠢᠯᠡ ᠨᠡᠶᠢᠳᠡᠯᠡᠬᠦ ᠶᠠᠪᠤᠴᠠ ᠳᠤ ᠬᠠᠮᠤᠭ | ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠣᠯᠠᠭ᠎ᠠ ᠬᠦᠷᠳᠡᠬᠦ ᠡᠳᠡᠬᠡᠳ ᠤᠨ ᠬᠤᠪᠢ ᠶᠢᠨ ᠨᠢᠭᠤᠴᠠ᠂ ᠬᠠᠮᠤᠭ ᠨᠠᠭᠠᠳᠤ | ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠶᠢᠨ ᠬᠠᠷᠠᠭᠠᠯᠵᠠᠯ ᠬᠦᠷᠳᠡᠬᠦ ᠯᠦᠭᠡ ᠬᠠᠮᠢᠶ᠎ᠠ ᠦᠬᠡᠢ ᠰᠤᠷᠠᠭ ᠴᠢᠮᠡᠭᠡ ᠶᠢ | ᠢᠯᠡ ᠨᠡᠶᠢᠳᠡᠯᠡᠬᠦ ᠶᠢ ᠴᠢᠩᠭ᠎ᠠ ᠬᠢᠵᠠᠭᠠᠷᠯᠠᠨ᠎ᠠ᠃ | ᠨᠠᠭᠠᠳᠤ ᠵᠠᠬ᠎ᠠ ᠶᠢᠨ ᠪᠠᠳᠤᠯᠠᠭ᠎ᠠ ᠶᠢᠨ ᠮᠦᠩᠬᠦ ᠤᠯᠭᠤᠬᠤ ᠳᠡᠰ ᠳᠠᠷᠠᠭ᠎ᠠ᠃ ᠬᠠᠮᠤᠭ ᠨᠠᠭᠠᠳᠤ ᠵᠠᠬ᠎ᠠ ᠶᠢᠨ | ᠠᠮᠢᠳᠤᠷᠠᠯ ᠤᠨ ᠪᠠᠳᠤᠯᠠᠭ᠎ᠠ ᠶᠢᠨ ᠮᠦᠩᠬᠦ ᠶᠢ ᠨᠡᠶᠢᠬᠡᠮᠴᠢᠯᠡᠨ ᠳᠠᠷᠬᠠᠭᠠᠬᠤ ᠶᠢ ᠪᠦᠬᠦ ᠳᠠᠯ᠎ᠠ ᠪᠠᠷ ᠬᠡᠷᠡᠭᠵᠢᠬᠦᠯᠵᠦ᠂ | ᠡᠳ᠋ ᠤᠨ ᠵᠠᠰᠠᠭ ᠤᠨ ᠤᠯᠤᠰ ᠤᠨ ᠬᠦᠮᠦᠷᠬᠡ ᠶᠢᠨ ᠬᠠᠮᠢᠶᠠᠷᠤᠯᠳᠠ ᠶᠢᠨ ᠳᠦᠷᠢᠮ ᠢᠶᠠᠷ ᠬᠠᠮᠤᠭ ᠨᠠᠭᠠᠳᠤ ᠵᠠᠬ᠎ᠠ ᠶᠢᠨ | ᠠᠮᠢᠳᠤᠷᠠᠯ ᠤᠨ ᠪᠠᠳᠤᠯᠠᠭ᠎ᠠ ᠶᠢᠨ ᠮᠦᠩᠬᠦ ᠶᠢ ᠬᠡᠷ ᠪᠦᠯᠢ ᠶᠢᠨ ᠳᠠᠩᠰᠠ ᠳᠤ ᠨᠢ ᠰᠢᠭᠤᠳ ᠢᠯᠡᠬᠡᠵᠦ᠂ ᠬᠠᠮᠤᠭ | ᠨᠠᠭᠠᠳᠤ ᠵᠠᠬ᠎ᠠ ᠶᠢᠨ ᠪᠠᠳᠤᠯᠠᠭ᠎ᠠ ᠶᠢᠨ ᠮᠦᠩᠬᠦ ᠶᠢ ᠴᠠᠭ ᠳᠤᠬᠠᠢ ᠳᠤ ᠨᠢ ᠬᠦᠢᠴᠡᠳ ᠤᠯᠭᠤᠬᠤ ᠶᠢ ᠦᠨᠡᠨᠬᠦ | ᠪᠠᠳᠤᠯᠠᠨ᠎ᠠ᠃ | ᠬᠤᠳᠠ ᠬᠦᠳᠡᠭᠡ ᠶᠢᠨ ᠨᠠᠭᠠᠳᠤ ᠵᠠᠬ᠎ᠠ ᠶᠢᠨ ᠪᠠᠳᠤᠯᠠᠭ᠎ᠠ ᠶᠢᠨ ᠬᠠᠷᠠᠭᠠᠯᠵᠠᠯ ᠬᠦᠷᠳᠡᠵᠦ ᠪᠦᠬᠦᠢ ᠰᠠᠭᠤᠭᠠᠯᠢ | ᠠᠷᠠᠳ ᠤᠨ ᠬᠡᠷ ᠪᠦᠯᠢ ᠶᠢᠨ ᠬᠦᠮᠦᠨ ᠪᠦᠷᠢ ᠶᠢᠨ ᠳᠤᠮᠳᠠᠴᠢ ᠤᠷᠤᠯᠭ᠎ᠠ ᠳᠤ ᠨᠢ ᠬᠤᠪᠢᠷᠠᠯᠳᠠ ᠭᠠᠷᠪᠠᠯ ᠴᠠᠭ | ᠳᠤᠬᠠᠢ ᠳᠤ ᠨᠢ ᠬᠦᠳᠡᠯᠦᠩᠬᠦᠢ ᠪᠠᠷ ᠰᠤᠮᠤ ᠰᠢᠶᠠᠩ ᠪᠠᠯᠭᠠᠰᠤ ︵ᠬᠡᠷᠡᠭ ᠡᠷᠬᠢᠯᠡᠬᠦ ᠭᠠᠵᠠᠷ︶ ᠳᠤ ᠪᠠᠨ ᠮᠡᠳᠡᠬᠦᠯᠵᠦ᠂ | ᠰᠤᠮᠤ ᠰᠢᠶᠠᠩ ᠪᠠᠯᠭᠠᠰᠤ ︵ᠬᠡᠷᠡᠭ ᠡᠷᠬᠢᠯᠡᠬᠦ ᠭᠠᠵᠠᠷ︶ ᠨᠢ ᠬᠠᠷᠢᠭᠤᠴᠠᠨ ᠬᠤᠰᠢᠭᠤ ᠠᠷᠠᠳ ᠤᠨ ᠶᠠᠪᠤᠳᠠᠯ ᠤᠨ | ᠳᠤᠪᠴᠢᠶ᠎ᠠ ᠳᠤ ᠮᠡᠳᠡᠬᠦᠯᠵᠦ᠂ ᠪᠠᠳᠤᠯᠠᠭ᠎ᠠ ᠶᠢᠨ ᠮᠦᠩᠬᠦ ᠶᠢ ᠨᠢ ᠵᠤᠭᠰᠤᠭᠠᠬᠤ᠂ ᠬᠠᠰᠤᠬᠤ ᠪᠤᠶᠤ ᠨᠡᠮᠡᠭᠳᠡᠬᠦᠯᠬᠦ ᠭᠠᠷ | ᠬᠦᠢᠴᠡᠳᠬᠡᠯ ᠬᠢᠨ᠎ᠡ᠃ | | | | |