ᠮᠤᠷᠢᠨ ᠡᠮᠡᠭᠡᠯ
ᠨᠡᠶᠢᠲᠡᠯᠡᠭᠰᠡᠨ ᠴᠠᠭ᠄
2019/5/27
     ᠮᠠᠰᠢᠨ ᠳᠡᠷᠭᠡ᠂ ᠮᠤᠲ᠋ᠤᠷ ᠳᠡᠷᠭᠡ ᠠᠷᠤ ᠬᠤᠷᠴᠢᠨ ᠮᠤᠩᠭᠤᠯ ᠨᠤᠳᠤᠭ ᠲᠤ ᠤᠷᠤᠵᠤ ᠢᠷᠡᠬᠦ ᠠᠴᠠ ᠡᠮᠦᠨ᠎ᠡ᠂ ᠮᠤᠷᠢ ᠪᠤᠯ ᠬᠠᠮᠤᠭ ᠠᠴᠠ ᠬᠤᠷᠳᠤᠨ ᠤᠨᠤᠭ᠎ᠠ ᠬᠦᠯᠦᠭ ᠪᠤᠯᠵᠤ᠂ ᠮᠠᠯᠴᠢᠳ ᠤᠨ ᠠᠮᠢᠳᠤᠷᠠᠯ ᠦᠢᠯᠡᠳᠪᠦᠷᠢᠯᠡᠯ ᠳᠤᠨᠢ ᠦᠷᠭᠡᠨ ᠢᠶᠠᠷ ᠬᠡᠷᠡᠭᠯᠡᠭᠳᠡᠵᠦ᠂ ᠳᠡᠦᠬᠡᠳᠦ ᠴᠢᠨᠠᠷᠳᠠᠢ ᠭᠠᠪᠢᠶ᠎ᠠ ᠵᠢᠳᠬᠦᠯ ᠦᠵᠡᠭᠦᠯᠵᠦ ᠪᠠᠶᠢᠭᠰᠠᠨ ᠶᠤᠮ᠃ ᠮᠤᠷᠢ ᠶᠢ ᠡᠳ᠋ᠯᠡᠵᠦ ᠤᠨᠤᠬᠤ ᠳᠤ ᠡᠷᠬᠡᠪᠰᠢ ᠡᠮᠡᠭᠡᠯ ᠪᠠᠶᠢᠬᠤ ᠬᠡᠷᠡᠭᠲᠠᠢ᠃      ᠨᠢᠬᠡ᠂ ᠬᠠᠩᠭᠠᠢ ᠡᠮᠡᠭᠡᠯ      ᠬᠠᠩᠭᠠᠢ ᠡᠮᠡᠭᠡᠯ ᠢ ᠬᠢᠬᠦ ᠳᠤ ᠮᠤᠳᠤ ᠶᠢ ᠰᠤᠩᠭᠤᠨ᠎ᠠ᠃ ᠭᠤᠤᠯᠳᠠᠭᠤ ᠶᠠᠷ᠎ᠠ ᠬᠡᠰᠢᠭᠦᠦ ᠦᠭᠡᠢ ᠬᠤᠰᠤ᠂ ᠤᠳᠠ᠂ ᠲᠤᠮᠤ ᠵᠡᠷᠭᠡ ᠮᠤᠳᠤ ᠶᠢ ᠰᠤᠩᠭᠤᠨ᠎ᠠ᠃ ᠬᠠᠩᠭᠠᠢ ᠡᠮᠡᠭᠡᠯ ᠨᠢ ᠪᠦᠬᠦᠷᠭᠡᠨ ᠤ ᠬᠤᠶᠠᠷ ᠮᠤᠳᠤ᠂ ᠬᠠᠪᠳᠠᠭᠠᠢ  ᠶᠢᠨ ᠬᠤᠶᠠᠷ ᠮᠤᠳᠤ᠂ ᠭᠤᠤᠯ ᠤᠨ ᠨᠢᠭᠡ ᠮᠤᠳᠤ ᠵᠡᠷᠭᠡ ᠳᠠᠪᠤᠨ ᠮᠤᠳᠤ ᠪᠤᠶᠤ ᠲᠦᠷᠪᠡᠨ ᠮᠤᠳᠤ ᠪᠠᠷ ᠪᠦᠷᠢᠯᠳᠦᠨ᠎ᠡ᠃ ᠡᠮᠡᠭᠡᠯ ᠤᠨ ᠡᠮᠦᠨ᠎ᠡ ᠪᠦᠬᠦᠷᠭᠡ ᠶᠢ ᠡᠷ᠎ᠡ ᠰᠠᠯᠠᠭ᠎ᠠ ᠮᠤᠳᠤ ᠪᠠᠷ ᠬᠢᠵᠦ ᠠᠷᠤ ᠶᠢᠨ ᠪᠦᠬᠦᠷᠭᠡ ᠶᠢ ᠤᠨᠵᠢᠷᠠᠭ᠎ᠠ ᠲᠤᠬᠤᠢ ᠮᠤᠳᠤ ᠪᠤᠶᠤ ᠠᠯᠴᠠᠭᠠᠢ ᠰᠠᠯᠠᠭ᠎ᠠ ᠮᠤᠳᠤ ᠪᠠᠷ ᠬᠢᠳᠡᠭ᠃ ᠪᠦᠬᠦᠷᠭᠡ ᠶᠢ ᠠᠰᠬᠠᠨ ᠮᠤᠳᠤ ᠪᠠᠷ ᠤᠬᠤᠵᠤ ᠴᠠᠪᠴᠢᠵᠤ ᠬᠢᠵᠦ ᠪᠤᠯᠬᠤ ᠦᠭᠡᠢ᠃ ᠤᠴᠢᠷ ᠨᠢ ᠮᠤᠳᠤᠨ ᠤ ᠰᠢᠷᠭᠡᠭ ᠨᠢ ᠠᠰ ᠰᠢᠯᠤᠭᠤᠨ ᠪᠤᠯᠬᠤᠷ ᠪᠠᠬᠢᠯᠢᠭ᠌ ᠦᠭᠡᠢ ᠬᠤᠭᠤᠷᠠᠵᠤ ᠬᠠᠭᠠᠷᠠᠵᠤ ᠮᠡᠳᠡᠨ᠎ᠡ᠃ ᠬᠤᠶᠠᠷ ᠬᠠᠪᠳᠠᠭᠠᠯ ᠤᠨ ᠮᠤᠳᠤ ᠨᠢ ᠭᠤᠤᠯ ᠤᠨ ᠮᠤᠳᠤ ᠲᠠᠢ ᠪᠠᠨ ᠦᠷᠭᠦᠯᠵᠢ ᠭᠠᠷᠪᠠᠯ ᠲᠦᠷᠪᠡᠨ ᠮᠤᠳᠤᠨ ᠤ ᠡᠮᠡᠭᠡᠯ᠂ ᠬᠡᠷᠪᠡ ᠬᠠᠪᠳᠠᠭᠠᠢ ᠤᠨ ᠮᠤᠳᠤ ᠨᠢ ᠭᠤᠤᠯ ᠤᠨ ᠮᠤᠳᠤ ᠲᠠᠢ ᠦᠷᠭᠦᠯᠵᠢ ᠭᠠᠷᠴᠤ ᠬᠦᠷᠬᠦ ᠦᠭᠡᠢ ᠪᠤᠯ ᠳᠤᠮᠳᠠ ᠨᠢ ᠦᠭᠡᠷ᠎ᠡ ᠮᠤᠳᠤ ᠪᠠᠷ ᠭᠤᠤᠯ ᠬᠢᠳᠡᠭ᠂ ᠡᠶᠢᠮᠦ ᠡᠮᠡᠭᠡᠯ ᠢ ᠳᠠᠪᠤᠨ ᠮᠤᠳᠤᠨ ᠤ ᠡᠮᠡᠭᠡᠯ ᠭᠡᠳᠡᠭ᠃      ᠬᠤᠶᠠᠷ᠂ ᠬᠠᠩᠭᠠᠢ ᠡᠮᠡᠭᠡᠯ ᠢ ᠬᠢᠬᠦ ᠳᠤ ᠡᠮᠡᠭᠡᠯ ᠤᠨ ᠶᠡᠭᠡ ᠪᠠᠭ᠎ᠠ ᠪᠦᠬᠦᠷᠭᠡᠨ ᠤ ᠦᠨᠳᠦᠷ ᠤᠬᠤᠷ ᠭᠡᠵᠦ ᠲᠤᠭᠳᠠᠭᠰᠠᠨ ᠬᠡᠮᠵᠢᠶ᠎ᠡ ᠦᠭᠡᠢ ᠮᠤᠳᠤᠨ ᠤ ᠬᠦᠷᠴᠡ ᠶᠢ ᠦᠵᠡᠵᠦ ᠬᠢᠳᠡᠭ᠃      ᠡᠮᠡᠭᠡᠯ ᠤᠨ ᠮᠤᠳᠤ ᠶᠢ ᠨᠡᠶᠢᠯᠡᠭᠦᠯᠵᠦ ᠬᠢᠬᠦ ᠳᠤ᠂ ᠡᠮᠡᠭᠡᠯ ᠤᠨ ᠬᠤᠶᠠᠷ ᠬᠠᠪᠳᠠᠭᠠᠯ ᠮᠤᠳᠤ ᠪᠠᠨ ᠴᠠᠪᠴᠢᠵᠤ ᠵᠠᠰᠠᠭᠠᠳ ᠭᠤᠤᠯ ᠮᠤᠳᠤ ᠪᠠᠨ ᠬᠠᠪᠳᠠᠭᠠᠯ ᠲᠠᠢ ᠨᠡᠶᠢᠯᠡᠭᠦᠯᠵᠦ ᠴᠡᠪᠡᠤ ᠪᠠᠷ ᠨᠠᠭᠠᠨ᠎ᠠ᠃ ᠬᠠᠪᠳᠠᠭᠠᠯ ᠤᠨ ᠮᠤᠳᠤ ᠶᠢ ᠬᠤᠶᠠᠷ ᠦᠵᠦᠭᠦᠷ ᠲᠤᠨᠢ ᠠᠰ ᠬᠡᠷᠴᠢᠯᠡᠭᠡᠰᠦ ᠭᠠᠷᠭᠠᠵᠤ ᠵᠠᠰᠠᠭᠠᠳ ᠪᠦᠬᠦᠷᠭᠡᠨ ᠤ ᠬᠤᠶᠠᠷ ᠭᠤᠶ᠎ᠠ ᠶᠢᠨ ᠦᠵᠦᠭᠦᠷ ᠢ ᠴᠠᠪᠴᠢᠨ ᠵᠠᠰᠠᠵᠤ ᠬᠠᠪᠳᠠᠭᠠᠯ ᠤᠨ ᠬᠦᠨᠳᠡᠯᠡᠨ ᠬᠡᠷᠴᠢᠯᠡᠭᠡᠰᠦ ᠳᠤ ᠳᠠᠭᠠᠷᠠᠭᠤᠯᠵᠤ ᠴᠠᠪᠠᠤ ᠪᠠᠷ ᠨᠠᠭᠠᠵᠤ ᠨᠡᠶᠢᠯᠡᠭᠦᠯᠦᠨ᠎ᠡ᠂ ᠪᠦᠬᠦᠷᠭᠡᠨ ᠤ ᠭᠤᠶ᠎ᠠ ᠶᠢᠨ ᠳᠤᠳᠤᠷ᠎ᠠ ᠳᠠᠯ᠎ᠠ ᠶᠢᠨ ᠬᠤᠷᠮᠤᠢ ᠳᠤ ᠬᠠᠪᠳᠠᠭᠠᠯ ᠲᠠᠢ ᠳᠠᠪᠬᠤᠷ ᠴᠤᠭᠤᠯᠵᠤ ᠪᠦᠮᠪᠦᠷᠢᠬᠡᠨ ᠵᠤᠷᠭᠤᠭᠰᠠᠨ ᠬᠤᠯᠤᠰᠤ ᠳᠤ ᠴᠠᠪᠠᠤ ᠲᠦᠷᠬᠢᠵᠤ ᠬᠠᠳᠠᠵᠤ ᠬᠤᠯᠪᠤᠨ᠎ᠠ᠂ ᠬᠤᠶᠠᠷ ᠪᠦᠬᠦᠷᠭᠡᠨ ᠤ ᠬᠤᠶᠠᠷ ᠳᠠᠯ᠎ᠠ ᠶᠢᠨ ᠭᠤᠶ᠎ᠠ ᠶᠢ ᠬᠠᠪᠳᠠᠭᠠᠯ ᠤᠨ ᠮᠤᠳᠤ ᠲᠠᠢ ᠳᠠᠪᠬᠤᠷ ᠴᠤᠭᠤᠯᠵᠤ ᠤᠯᠤᠩ ᠵᠢᠷᠢᠮ  ᠤᠨ ᠤᠭᠴᠤᠷᠭ᠎ᠠ ᠶᠢᠨ ᠰᠤᠷ ᠳᠠᠭᠠᠷᠠᠭᠤᠯᠬᠤ ᠨᠦᠬᠡ ᠴᠤᠭᠤᠯᠤᠨ᠎ᠠ᠃ ᠬᠠᠪᠳᠠᠭᠠᠯ ᠤᠨ ᠳᠤᠮᠳᠠ ᠬᠡᠰᠡᠭ ᠤᠨ ᠳᠤᠤᠷ᠎ᠠ ᠳᠠᠯ᠎ᠠ ᠳᠤ ᠲᠦᠷᠦᠭᠡᠨ ᠰᠤᠷ ᠳᠠᠭᠠᠷᠠᠭᠤᠯᠵᠤ ᠨᠢᠮᠭᠡᠨ ᠬᠦᠨᠳᠡᠯᠡᠨ ᠨᠦᠬᠡ ᠴᠤᠭᠤᠯᠤᠨ᠎ᠠ᠂ ᠬᠠᠪᠳᠠᠭᠠᠯ ᠤᠨ ᠬᠤᠶᠠᠷ ᠦᠵᠦᠭᠦᠷ ᠭᠠᠨᠵᠤᠭ᠎ᠠ ᠳᠠᠳᠠᠬᠤ ᠬᠤᠶᠠᠷ ᠬᠤᠶᠠᠷ ᠨᠠᠷᠢᠨ ᠨᠦᠬᠡ ᠴᠤᠭᠤᠯᠤᠨ᠎ᠠ᠂ ᠭᠤᠤᠯ ᠮᠤᠳᠤᠨ ᠤ ᠬᠤᠶᠠᠷ ᠳᠠᠯ᠎ᠠ  ᠶᠢᠨ ᠰᠦᠪᠡᠭᠡ ᠶᠢᠨ ᠤᠷᠴᠢᠮ ᠳᠠᠪᠰᠠ ᠶᠢ ᠬᠠᠳᠠᠬᠤ ᠬᠤᠶᠠᠷ ᠬᠤᠶᠠᠷ ᠨᠠᠷᠢᠨ ᠨᠦᠬᠡ ᠴᠤᠭᠤᠯᠤᠨ᠎ᠠ᠃ ᠬᠠᠩᠭᠠᠢ ᠡᠮᠡᠭᠡᠯ ᠢ ᠬᠢᠬᠦ ᠳᠤ ᠬᠠᠪᠳᠠᠭᠠᠯ ᠤᠨ ᠬᠤᠶᠠᠷ ᠦᠵᠦᠭᠦᠷ ᠢ ᠳᠡᠭᠡᠭᠰᠢ ᠮᠠᠳᠠᠭᠠᠷ ᠴᠠᠪᠴᠢᠨ᠎ᠠ᠃ ᠡᠭᠦᠨ ᠳᠤ ᠬᠠᠪᠳᠠᠭᠠᠯ  ᠤᠨ ᠡᠮᠦᠨ᠎ᠡ ᠳᠠᠯ᠎ᠠ ᠶᠢᠨ ᠦᠵᠦᠭᠦᠷ ᠢ ᠬᠤᠶᠠᠷ ᠬᠤᠷᠤᠭᠤ ᠰᠢᠷᠭᠤᠵᠤ ᠪᠠᠭᠳᠠᠬᠤ᠂ ᠠᠷᠤ ᠳᠠᠯ᠎ᠠ ᠶᠢᠨ ᠦᠵᠦᠭᠦᠷ ᠢ ᠨᠢᠭᠡ ᠬᠤᠷᠤᠭᠤ ᠰᠢᠷᠭᠤᠵᠤ ᠪᠠᠭᠳᠠᠠᠬᠤ ᠪᠠᠷ ᠬᠢᠨ᠎ᠡ᠃ ᠬᠠᠪᠳᠠᠭᠠᠯ ᠤᠨ ᠬᠤᠶᠠᠷ ᠦᠵᠦᠭᠦᠷ ᠤᠨ ᠬᠤᠭᠤᠷᠤᠨᠳᠤᠬᠢ ᠬᠦᠨᠳᠡᠯᠡᠨ ᠵᠠᠢ ᠶᠢ ᠳᠡᠩᠴᠡᠭᠦᠯᠦᠨ᠎ᠡ᠂ ᠡᠮᠦᠨ᠎ᠡ ᠳᠠᠯ᠎ᠠ ᠶᠢᠨ ᠬᠠᠪᠳᠠᠭᠠᠯ ᠤᠨ ᠳᠤᠮᠳᠠᠬᠢ ᠵᠠᠢ ᠶᠢ ᠭᠠᠷ ᠤᠨ ᠨᠢᠳᠤᠷᠭ᠎ᠠ ᠬᠦᠨᠳᠡᠯᠡᠨ ᠢᠶᠠᠷ ᠪᠠᠭᠳᠠᠬᠤ ᠪᠠᠷ᠂ ᠠᠷᠤ ᠳᠠᠯ᠎ᠠ ᠶᠢᠨ ᠬᠠᠪᠳᠠᠭᠠᠯ ᠤᠨ ᠬᠤᠭᠤᠷᠤᠨᠳᠤᠬᠢ ᠵᠠᠢ ᠶᠢ ᠡᠷᠡᠬᠡᠢ ᠬᠤᠷᠤᠭᠤ  ᠪᠠᠨ ᠬᠦᠨᠳᠡᠯᠡᠨ ᠠᠳᠬᠤᠭᠰᠠᠨ ᠨᠢᠳᠤᠷᠭ᠎ᠠ ᠪᠠᠭᠳᠠᠬᠤ ᠵᠠᠢ ᠲᠠᠢ ᠬᠢᠨ᠎ᠡ᠃ ᠡᠶᠢᠮᠦ ᠶᠠᠩᠵᠤ ᠬᠡᠯᠪᠡᠷᠢ ᠪᠠᠷ ᠨᠡᠶᠢᠯᠡᠭᠦᠯᠵᠦ ᠬᠢᠭᠰᠡᠨ ᠡᠮᠡᠭᠡᠯ ᠮᠤᠷᠢᠨ ᠨᠢᠷᠤᠭᠤ ᠳᠤ ᠵᠠᠭᠤᠳᠠᠯ ᠰᠠᠶᠢᠳᠠᠢ᠂ ᠮᠤᠷᠢᠨ ᠤ ᠭᠤᠤᠯ᠂ ᠰᠦᠪᠡᠭᠡ ᠶᠢ ᠳᠠᠷᠤᠵᠤ ᠳᠠᠭᠠᠷᠢ ᠭᠠᠷᠭᠠᠬᠤ ᠦᠭᠡᠢ ᠰᠠᠶᠢᠨ ᠲᠠᠢ᠃      ᠭᠤᠷᠪᠠ᠂ ᠡᠮᠡᠭᠡᠯ ᠤᠨ ᠬᠡᠷᠡᠭᠰᠡᠯ      ᠡᠮᠡᠭᠡᠯ ᠤᠨ ᠬᠡᠷᠡᠭᠰᠡᠯ ᠳᠤ᠂ ᠳᠡᠪᠰᠡ᠂ ᠳᠡᠭᠡᠯ᠂ ᠬᠦᠯᠢᠮ᠂ ᠲᠤᠬᠤᠮ᠂ ᠲᠦᠷᠦᠭᠡ᠂ ᠭᠠᠨᠵᠤᠭ᠎ᠠ᠂ ᠤᠯᠤᠩ᠂ ᠵᠢᠷᠢᠮ ᠵᠡᠷᠭᠡ ᠪᠠᠶᠢᠳᠠᠭ᠃ ᠳᠡᠪᠰᠡ ᠶᠢ ᠨᠢᠮᠭᠡᠨ ᠢᠰᠡᠭᠡᠢ ᠪᠠᠷ ᠬᠤᠶᠠᠷ ᠪᠦᠬᠦᠷᠭᠡ ᠪᠠ ᠭᠤᠤᠯ ᠮᠤᠳᠤ ᠲᠠᠢ ᠳᠠᠭᠠᠷᠠᠭᠤᠯᠤᠨ ᠡᠰᠬᠡᠭᠡᠳ᠂ ᠬᠠᠷ᠎ᠠ ᠦᠭᠡᠳᠡᠩ ᠪᠤᠶᠤ ᠳᠠᠩᠽᠢᠷᠦ᠋ᠩ ᠢᠶᠠᠷ ᠭᠠᠳᠠᠷᠯᠠᠵᠤ ᠬᠢᠨ᠎ᠡ᠃ ᠪᠠᠰᠠ ᠪᠤᠯᠢᠭᠠᠷᠢ  ᠶᠢᠨ ᠠᠷᠠᠰᠤ ᠪᠠᠷ ᠳᠡᠪᠰᠡᠯᠡᠳᠡᠭ ᠪᠠᠶᠢᠨ᠎ᠠ᠃ ᠡᠮᠡᠭᠡᠯ ᠤᠨ ᠬᠤᠶᠠᠷ ᠲᠡᠭᠡᠯ ᠢ ᠪᠤᠯᠢᠭᠠᠷᠢ ᠪᠠᠷ ᠬᠢᠵᠤ᠂ ᠳᠡᠭᠡᠷ᠎ᠡ ᠳᠠᠯ᠎ᠠ  ᠨᠢ ᠳᠡᠭᠰᠢ ᠭᠤᠵᠤᠭᠤᠷ᠂ ᠲᠤᠤᠷ᠎ᠠ ᠳᠠᠯ᠎ᠠ ᠨᠢ ᠲᠦᠭᠦᠷᠢᠭ ᠬᠡᠯᠪᠡᠷᠢᠳᠠᠢ᠂ ᠳᠡᠭᠡᠯ ᠢ ᠬᠤᠶᠠᠷ ᠰᠤᠷ ᠢᠶᠠᠷ ᠬᠤᠯᠪᠤᠵᠤ ᠳᠡᠪᠰᠡ ᠶᠢᠨ ᠳᠤᠤᠭᠤᠷ ᠰᠢᠷᠭᠤᠭᠤᠯᠵᠤ ᠳᠡᠭᠦᠵᠢᠯᠡᠨ᠎ᠡ᠃ ᠡᠮᠡᠭᠡᠯ ᠳᠤ ᠬᠤᠶᠠᠷ ᠪᠤᠯᠢᠭᠠᠷᠢ ᠬᠦᠯᠢᠮ ᠬᠡᠷᠭᠡᠯᠡᠵᠦ ᠳᠡᠭᠡᠷ᠎ᠡ ᠳᠠᠯ᠎ᠠ ᠨᠢ ᠳᠡᠭᠰᠢ᠂ ᠲᠤᠤᠷ᠎ᠠ ᠳᠠᠯ᠎ᠠ ᠨᠢ ᠲᠦᠭᠦᠷᠢᠭ ᠬᠡᠯᠪᠡᠷᠢᠳᠠᠢ᠃ ᠳᠡᠭᠰᠢ ᠳᠠᠯ᠎ᠠ ᠪᠠᠷ ᠨᠢ ᠨᠡᠶᠢᠯᠡᠭᠦᠯᠵᠦ ᠬᠤᠯᠪᠤᠵᠤ ᠡᠮᠡᠭᠡᠯ ᠤᠨ ᠳᠤᠤᠷ᠎ᠠ ᠳᠠᠭᠠᠷᠠᠭᠤᠯᠤᠨ᠎ᠠ᠃ ᠭᠡᠬᠦ ᠳᠡᠭᠡᠨ ᠤᠯᠤᠩ᠂ ᠵᠢᠷᠢᠮ ᠤᠨ ᠤᠭᠴᠤᠷᠭ᠎ᠠ ᠲᠠᠢ ᠠᠰᠯᠠᠭᠤᠯᠵᠤ ᠨᠦᠬᠡ ᠦᠯᠡᠳᠡᠭᠡᠨ᠎ᠡ᠃ ᠬᠦᠯᠢᠮ ᠤᠨ ᠤᠷᠳᠤ ᠶᠢᠨ ᠬᠡᠮᠵᠢᠶ᠎ᠡ ᠨᠢ ᠲᠦᠷᠦᠭᠡ ᠠᠴᠠ ᠲᠤᠷᠤᠭᠰᠢ ᠢᠯᠡᠭᠦᠦ ᠭᠠᠷᠤᠭᠰᠠᠨ ᠪᠠᠶᠢᠬᠤ ᠬᠡᠷᠡᠭᠳᠠᠢ᠃ ᠲᠤᠬᠤᠮ ᠢ 3-4 ᠵᠢᠩ ᠮᠤᠷᠢᠨ ᠳᠡᠯ ᠪᠤᠶᠤ ᠢᠮᠠᠭᠠᠨ ᠤᠩᠭᠠᠰᠤ ᠪᠠᠷ ᠤᠷᠳᠤ ᠲᠦᠷᠪᠡᠯᠵᠢᠨ ᠬᠢᠵᠦ᠂ ᠤᠷᠳᠤ ᠬᠤᠶᠠᠷ ᠳᠠᠯ᠎ᠠ ᠳᠤᠨᠢ ᠬᠦᠪᠡᠭᠡ ᠭᠠᠷᠭᠠᠵᠤ ᠬᠢᠭᠡᠳ ᠬᠦᠯᠢᠮ ᠤᠨ ᠳᠤᠣᠷ᠎ᠠ ᠳᠡᠪᠢᠰᠦᠨ᠎ᠡ᠃ ᠲᠤᠬᠤᠮ  ᠢ ᠮᠤᠷᠢᠨ ᠳᠡᠯ ᠪᠤᠶᠤ ᠢᠮᠠᠭᠠᠨ ᠤᠩᠭᠠᠰᠤ ᠪᠠᠷ ᠬᠢᠬᠦ ᠨᠢ ᠮᠤᠷᠢᠨ ᠶᠢᠨ ᠬᠦᠯᠦᠰᠦᠨ ᠳᠤ ᠬᠠᠳᠠᠭᠤᠷᠠᠬᠤ ᠦᠭᠡᠢ ᠰᠠᠶᠢᠨ ᠪᠠᠶᠢᠳᠠᠭ᠃ ᠡᠮᠡᠭᠡᠯ ᠤᠨ ᠬᠤᠶᠠᠷ ᠲᠦᠷᠦᠭᠡ ᠶᠢ ᠬᠠᠷ᠎ᠠ ᠳᠡᠮᠦᠷ ᠪᠤᠶᠤ ᠦᠩᠭᠡᠳᠦ ᠳᠡᠮᠦᠷᠯᠢᠭ ᠢᠶᠠᠷ ᠴᠢᠳᠬᠤᠬᠤ ᠪᠤᠶᠤ ᠳᠡᠪᠳᠠᠵᠤ ᠬᠢᠳᠡᠭ᠃ ᠲᠦᠷᠦᠭᠡᠨ ᠰᠤᠷ ᠢ ᠬᠤᠶᠠᠷ ᠬᠤᠷᠤᠭᠤ ᠦᠷᠭᠡᠨ ᠵᠦᠰᠦᠭᠰᠡᠨ ᠰᠤᠷ ᠢ ᠨᠤᠭᠤᠯᠤᠨ ᠳᠠᠪᠬᠤᠷᠯᠠᠵᠤ᠂ ᠪᠢᠳᠡᠭᠦᠦ ᠳᠠᠯ᠎ᠠ ᠳᠤᠨᠢ ᠳᠡᠮᠦᠷ ᠭᠤᠷᠭᠢ ᠳᠠᠭᠠᠷᠠᠭᠤᠯᠵᠤ ᠨᠦᠭᠦᠭᠡ ᠦᠵᠦᠭᠦᠷ ᠨᠢ ᠭᠤᠷᠭᠢ ᠶᠢᠨ ᠨᠦᠬᠡ ᠭᠠᠷᠭᠠᠵᠤ ᠲᠦᠷᠦᠭᠡᠨ ᠤ ᠰᠡᠨᠵᠢ ᠪᠠᠷ ᠰᠢᠷᠭᠤᠭᠤᠯᠵᠤ ᠬᠠᠪᠳᠠᠭᠠᠯ ᠤᠨ ᠬᠦᠨᠳᠡᠯᠡᠨ ᠨᠦᠬᠡᠨ ᠠᠴᠠ ᠬᠡᠯᠬᠢᠨ ᠠᠪᠴᠤ ᠭᠤᠷᠭᠢ ᠠᠴᠠ ᠳᠡᠪᠡᠭᠡᠯᠡᠵᠦ ᠳᠠᠯᠪᠢᠨ᠎ᠠ᠃ ᠡᠮᠡᠭᠡᠯ ᠳᠤ ᠭᠤᠴᠢᠨ ᠬᠤᠶᠠᠷ ᠭᠠᠨᠵᠤᠭ᠎ᠠ ᠬᠡᠷᠡᠭᠯᠡᠵᠦ᠂ ᠬᠤᠷᠢᠨ ᠳᠦᠷᠪᠡ ᠨᠢ ᠪᠦᠳᠦᠭᠦᠨ᠂ ᠨᠠᠢᠮᠠ ᠨᠢ ᠨᠠᠷᠢᠨ ᠭᠠᠨᠵᠤᠭ᠎ᠠ ᠳᠠᠭᠠᠷᠠᠭᠤᠯᠤᠨ᠎ᠠ᠃ ᠡᠮᠡᠭᠡᠯ ᠳᠤ ᠬᠤᠶᠠᠷ ᠤᠯᠤᠩ᠂ ᠬᠤᠶᠠᠷ ᠵᠢᠷᠢᠮ ᠬᠡᠷᠡᠭᠯᠡᠳᠡᠭ᠃ ᠤᠯᠤᠩ ᠢ ᠬᠠᠷ᠎ᠠ ᠴᠠᠭᠠᠨ ᠵᠢᠰᠦᠮ ᠤᠨ ᠮᠤᠷᠢᠨ ᠳᠡᠯ ᠢᠶᠠᠷ ᠰᠤᠯᠤᠭᠠᠢ ᠪᠠᠷᠠᠭᠤᠨ ᠡᠷᠴᠢᠮᠳᠠᠢ ᠨᠠᠷᠢᠨ ᠳᠡᠭᠡᠰᠦ ᠳᠡᠮᠦᠵᠦ᠂ ᠬᠠᠷ᠎ᠠ᠂ ᠴᠠᠭᠠᠨ ᠢ ᠠᠯᠠᠭᠯᠠᠵᠤ ᠰᠤᠯᠤᠭᠠᠢ ᠪᠠᠷᠠᠭᠤᠨ ᠢ ᠰᠤᠯᠪᠢᠴᠠᠭᠤᠯᠤᠨ ᠨᠠᠢᠮᠠᠨ ᠮᠦᠷ ᠢᠶᠠᠷ ᠬᠠᠪᠳᠠᠭᠠᠶᠢᠯᠠᠨ ᠤᠷᠤᠨ᠎ᠠ᠃ ᠡᠨᠡ ᠨᠢ ᠤᠯᠤᠩ ᠤᠨ ᠤᠷᠪᠠᠵᠤ ᠬᠦᠷᠪᠡᠬᠦ ᠶᠢ ᠰᠡᠷᠭᠡᠶᠢᠯᠡᠨ᠎ᠡ᠃ ᠤᠯᠤᠩ ᠤᠨ ᠳᠤᠤᠷ᠎ᠠ ᠦᠵᠦᠭᠦᠷ ᠲᠤ ᠭᠤᠷᠭᠢ ᠳᠠᠭᠠᠷᠠᠭᠤᠯᠵᠤ ᠤᠯᠤᠩ ᠲᠠᠢ ᠠᠳᠠᠯᠢ ᠦᠷᠭᠡᠨ ᠰᠤᠷ ᠢᠶᠠᠷ ᠤᠯᠤᠩ  ᠤᠨ ᠦᠵᠦᠭᠦᠷ ᠢ ᠪᠢᠳᠡᠭᠦᠯᠡᠨ ᠤᠶᠤᠨ᠎ᠠ᠃ ᠤᠯᠤᠩ ᠤᠨ ᠳᠡᠭᠡᠷ᠎ᠡ ᠳᠠᠯ᠎ᠠ ᠶᠢᠨ ᠦᠵᠦᠭᠦᠷ᠂ ᠡᠪᠡᠷ ᠳᠡᠪᠡᠭᠡ ᠳᠠᠭᠠᠷᠠᠭᠤᠯᠵᠤ᠂ ᠡᠮᠡᠭᠡᠯ ᠤᠨ ᠪᠤᠷᠤᠭᠤ ᠳᠠᠯ᠎ᠠ ᠶᠢᠨ ᠬᠤᠶᠠᠷ ᠤᠭᠴᠤᠷᠭᠠᠨ ᠰᠤᠷ ᠠᠴᠠ ᠳᠡᠪᠡᠭᠡᠯᠡᠨ᠎ᠡ᠃ ᠡᠨᠡ ᠨᠢ ᠤᠯᠤᠩ ᠢ ᠰᠠᠭᠠᠵᠤ ᠳᠠᠯᠪᠢᠬᠤ ᠳᠤ ᠳᠤᠰᠠᠳᠠᠢ᠃ ᠵᠢᠷᠢᠮ ᠢ ᠨᠢᠮᠭᠡᠨ ᠰᠤᠷ ᠢ ᠨᠠᠷᠢᠬᠠᠨ ᠵᠦᠰᠦᠵᠦ᠂ ᠨᠠᠢᠮᠠᠨ ᠰᠤᠷ  ᠢᠶᠠᠷ ᠨᠦᠬᠡ ᠲᠠᠢ ᠵᠢᠷᠢᠮ ᠬᠦᠷᠦᠬᠦ ᠪᠤᠶᠤ ᠲᠦᠷᠪᠡ᠂ ᠵᠢᠷᠭᠤᠭᠠᠨ ᠰᠤᠷ ᠢᠶᠠᠷ ᠨᠦᠬᠡ ᠦᠭᠡᠢ ᠵᠢᠷᠢᠮ ᠢ ᠬᠡᠵᠢᠭᠡᠴᠢᠯᠡᠨ ᠬᠦᠷᠦᠵᠦ ᠡᠮᠡᠭᠡᠯ ᠤᠨ ᠵᠦᠪ ᠳᠠᠯ᠎ᠠ ᠶᠢᠨ ᠬᠤᠶᠠᠷ ᠤᠭᠴᠤᠷᠭ᠎ᠠ ᠶᠢᠨ ᠰᠤᠷ ᠠᠴᠠ ᠤᠶᠠᠵᠤ ᠳᠠᠯᠪᠢᠨ᠎ᠠ᠃      ᠲᠦᠷᠪᠡ᠂ ᠡᠮᠡᠭᠡᠯ ᠤᠨ ᠵᠠᠰᠠᠯ ᠴᠢᠮᠡᠭ      ᠡᠮᠡᠭᠡᠯ ᠢ  ᠮᠦᠩᠭᠦ ᠪᠤᠯᠤ ᠴᠠᠭᠠᠨ ᠭᠠᠤᠯᠢ ᠪᠠᠷ ᠬᠤᠶᠠᠷ ᠪᠦᠬᠦᠷᠭᠡ ᠬᠠᠪᠳᠠᠭᠠᠯ ᠲᠠᠢ ᠡᠷᠭᠢᠨ ᠲᠤᠭᠤᠷᠢᠨ ᠬᠦᠪᠡᠭᠡᠯᠡᠨ᠎ᠡ᠃ ᠮᠦᠩᠭᠦ ᠪᠠᠷ ᠬᠦᠪᠡᠭᠡᠯᠡᠭᠰᠡᠨ ᠢ ᠨᠢ ᠮᠦᠩᠭᠦᠨ ᠡᠮᠡᠭᠡᠯ᠂ ᠭᠠᠤᠯᠢ ᠪᠠᠷ ᠬᠦᠪᠡᠭᠡᠯᠡᠭᠰᠡᠨ ᠢ ᠨᠢ ᠴᠠᠭᠠᠨ ᠭᠠᠤᠯᠢ ᠶᠢᠨ ᠵᠠᠰᠠᠯ ᠲᠠᠢ ᠡᠮᠡᠭᠡᠯ ᠭᠡᠵᠦ ᠬᠡᠯᠡᠳᠡᠭ᠃ ᠢᠩᠭᠢᠵᠦ ᠦᠪᠴᠢ ᠬᠦᠪᠡᠭᠡᠯᠡᠭᠰᠡᠨ ᠡᠮᠡᠭᠡᠯ ᠢ ᠨᠠᠢᠮᠠᠨ ᠬᠦᠳᠡᠭᠡ  ᠲᠠᠢ ᠡᠮᠡᠭᠡᠯ ᠬᠢᠨ᠎ᠡ᠃ ᠡᠮᠡᠭᠡᠯ ᠢ ᠪᠤᠯᠢᠭᠠᠷᠢ ᠪᠤᠶᠤ ᠪᠦᠰ ᠢᠶᠠᠷ ᠳᠡᠪᠢᠰᠭᠡᠷᠯᠡᠳᠡᠭ᠂ ᠪᠦᠰ ᠢᠶᠠᠷ ᠳᠡᠪᠢᠰᠭᠡᠷᠯᠡᠭᠰᠡᠨ ᠳᠡᠪᠰᠡ ᠶᠢᠨ ᠭᠤᠤᠯ ᠳᠤ ᠪᠤᠶᠠᠨ ᠦᠰᠦᠭ ᠤᠨ ᠬᠡ ᠤᠭᠠᠯᠵᠠ᠂ ᠬᠤᠶᠠᠷ ᠪᠦᠬᠦᠷᠭᠡ ᠶᠢᠨ ᠳᠠᠬᠢᠮ ᠤᠷᠴᠢᠮ ᠪᠠᠭᠪᠠᠭ᠋ᠠᠢ ᠬᠡ ᠤᠭᠠᠯᠵᠠ᠂ ᠬᠤᠶᠠᠷ ᠳᠠᠯ᠎ᠠ ᠶᠢᠨ ᠬᠤᠷᠮᠤᠢ ᠳᠤ ᠦᠯᠵᠡᠢ ᠵᠠᠩᠭᠢᠶ᠎ᠠ ᠬᠡ ᠤᠭᠠᠯᠵᠠ ᠴᠤᠭᠤᠯᠵᠤ᠂ ᠤᠭᠤᠭᠠᠨ ᠤᠯᠠᠭᠠᠨ ᠲᠤᠷᠭ᠎ᠠ ᠪᠠᠷ ᠳᠡᠪᠢᠰᠬᠡᠷᠯᠡᠵᠦ ᠴᠤᠭᠤᠯᠤᠮᠠᠯ ᠤᠨ ᠬᠦᠪᠡᠭᠡ ᠶᠢ ᠳᠠᠷᠤᠵᠤ ᠱᠠᠭᠠᠯᠠᠵᠤ ᠤᠶᠤᠨ᠎ᠠ᠃ ᠡᠭᠦᠨ ᠢ ᠪᠦᠰᠡ ᠳᠡᠪᠰᠡ ᠭᠡᠨ᠎ᠡ᠂ ᠤᠳᠤ ᠨᠢᠭᠡ ᠨᠢ ᠪᠤᠯᠢᠭᠠᠷᠢ ᠪᠠᠷ ᠳᠡᠪᠢᠰᠭᠡᠷᠯᠡᠨ᠎ᠡ᠃ ᠳᠡᠪᠰᠡ ᠶᠢ ᠡᠮᠡᠭᠡᠯ ᠲᠠᠢ ᠬᠤᠯᠪᠤᠬᠤ ᠳᠤ ᠮᠦᠩᠭᠦ ᠪᠤᠶᠤ ᠴᠠᠭᠠᠨ ᠭᠠᠤᠯᠢ ᠶᠢᠨ ᠲᠦᠷᠪᠡᠨ ᠳᠠᠷᠤᠴᠠ ᠪᠠᠷ ᠳᠠᠷᠤᠵᠤ ᠬᠤᠯᠪᠤᠨ᠎ᠠ᠃ ᠪᠤᠯᠢᠭᠠᠷᠢ  ᠶᠢᠨ ᠳᠡᠭᠡᠯ ᠤᠨ ᠭᠠᠳᠠᠭᠤᠷ ᠨᠢᠮᠭᠡᠨ ᠨᠤᠭᠤᠭᠠᠨ ᠳᠡᠰᠡᠮ᠎ᠡ ᠪᠠᠷ ᠬᠦᠪᠡᠭᠡᠯᠡᠵᠦ ᠭᠤᠤᠯ ᠳᠤᠮᠳᠠ ᠨᠢ ᠲᠤᠮᠤ ᠰᠢᠭ᠋ ᠮᠦᠩᠭᠦ᠂ ᠭᠠᠤᠯᠢ ᠶᠢᠨ ᠳᠠᠷᠤᠴᠠ ᠳᠠᠷᠤᠵᠤ ᠳᠡᠭᠦᠨ ᠤ ᠭᠠᠳᠠᠭᠤᠷ ᠭᠤᠤᠯ ᠤᠨ ᠳᠠᠷᠤᠴᠠ ᠠᠴᠠ ᠪᠠᠭ᠎ᠠ ᠰᠢᠭ᠋ ᠳᠠᠪᠤᠨ ᠳᠠᠷᠤᠴᠠ ᠳᠠᠷᠤᠨ᠎ᠠ᠂ ᠭᠤᠤᠯ ᠳᠠᠷᠤᠴᠠ ᠶᠢᠨ ᠭᠠᠳᠠᠭᠤᠷ ᠠᠷᠪᠠᠨ ᠭᠤᠷᠪᠠᠨ ᠵᠢᠵᠢᠭ ᠳᠤᠪᠤᠷᠤᠤ ᠰᠠᠭᠤᠯᠭᠠᠨ᠎ᠠ᠃ ᠳᠠᠪᠤᠨ ᠳᠠᠷᠤᠴᠠ ᠶᠢᠨ ᠬᠤᠭᠤᠷᠤᠨᠳᠤᠬᠢ ᠵᠠᠢ ᠳᠤ ᠠᠷᠪᠠᠨ ᠳᠠᠪᠤᠨ ᠵᠢᠵᠢᠭ ᠳᠤᠪᠤᠷᠤᠤ ᠰᠠᠭᠤᠯᠭᠠᠵᠤ ᠳᠡᠭᠡᠯ ᠤᠨ ᠭᠠᠳᠠᠷ ᠬᠦᠪᠡᠭᠡ ᠶᠢ ᠲᠤᠭᠤᠷᠠᠭᠤᠯᠤᠨ ᠭᠤᠴᠢᠨ ᠬᠤᠶᠠᠷ ᠵᠢᠵᠢᠭ ᠲᠤᠪᠤᠷᠤᠤ ᠳᠠᠷᠤᠵᠤ ᠨᠢᠭᠡ ᠳᠡᠪᠡᠯ ᠳᠤ ᠨᠡᠶᠢᠳᠡ ᠵᠢᠷᠭᠤᠭᠠᠨ ᠳᠠᠷᠤᠴᠠ ᠵᠢᠷᠠᠨ ᠪᠠᠭ᠎ᠠ ᠳᠤᠪᠤᠷᠤᠤ ᠬᠡᠷᠡᠭᠯᠡᠳᠡᠭ᠃ ᠳᠡᠭᠡᠯ ᠢ ᠨᠡᠪᠳᠡᠯᠵᠦ ᠭᠠᠷᠤᠭᠰᠠᠨ ᠳᠠᠷᠤᠴᠠ ᠶᠢᠨ ᠰᠡᠨᠵᠢ ᠶᠢ ᠨᠠᠷᠢᠨ ᠰᠤᠷ ᠢᠶᠠᠷ ᠬᠤᠯᠪᠤᠵᠤ ᠤᠶᠠᠬᠤ ᠶᠢᠨ ᠳᠠᠭᠠᠤ ᠨᠢᠮᠭᠡᠨ ᠠᠷᠠᠰᠤ ᠪᠠᠷ ᠳᠤᠪᠤᠷᠤᠤ᠂ ᠳᠠᠷᠤᠴᠠ ᠶᠢᠨ ᠰᠡᠨᠵᠢ ᠶᠢ ᠳᠠᠷᠤᠵᠤ ᠳᠤᠳᠤᠷᠯᠠᠨ᠎ᠠ᠃ ᠬᠦᠯᠢᠮ ᠤᠨ ᠭᠠᠳᠠᠷ ᠬᠦᠪᠡᠭᠡ ᠶᠢ ᠨᠤᠭᠤᠭᠠᠨ ᠳᠠᠰᠤᠮ ᠢᠶᠠᠷ ᠬᠦᠪᠡᠭᠡᠯᠡᠬᠦ ᠪᠤᠶᠤ ᠵᠢᠵᠢᠭ ᠳᠤᠪᠤᠷᠤᠤ ᠳᠠᠷᠤᠨ᠎ᠠ᠃ ᠲᠤᠬᠤᠮ ᠤᠨ ᠬᠤᠶᠠᠷ ᠳᠠᠯ᠎ᠠ ᠶᠢᠨ ᠬᠦᠪᠡᠭᠡ ᠶᠢ ᠪᠤᠤ ᠤᠯᠠᠭᠠᠨ ᠦᠩᠭᠡᠳᠠᠢ ᠦᠭᠡᠳᠡᠩ ᠪᠤᠶᠤ ᠳᠠᠩᠽᠢᠷᠦ᠋ᠩ ᠪᠠᠷ ᠬᠦᠪᠡᠭᠡᠯᠡᠵᠦ ᠤᠶᠤᠨ᠎ᠠ᠃ ᠡᠮᠡᠭᠡᠯ ᠤᠨ ᠬᠠᠪᠳᠠᠭᠠᠯ ᠤᠨ ᠭᠠᠨᠵᠤᠭ᠎ᠠ ᠳᠠᠳᠠᠬᠤ ᠨᠦᠬᠡᠨ ᠤ ᠬᠦᠪᠡᠭᠡ ᠶᠢ ᠪᠠᠭᠪᠠᠭ᠋ᠠᠢ ᠬᠡᠯᠪᠡᠷᠢ ᠲᠠᠢ ᠨᠢᠮᠭᠡᠨ ᠭᠠᠤᠯᠢ ᠪᠠᠷ ᠳᠠᠷᠤᠵᠤ ᠬᠠᠳᠠᠬᠤ ᠶᠢᠨ ᠳᠠᠭᠠᠤ ᠭᠠᠨᠵᠤᠭ᠎ᠠ  ᠶᠢᠨ ᠨᠦᠬᠡ ᠪᠠᠷ ᠰᠡᠨᠵᠢ ᠲᠠᠢ ᠭᠠᠤᠯᠢ ᠶᠢᠨ ᠱᠤᠪᠵᠢ ᠳᠠᠭᠠᠷᠠᠭᠤᠯᠵᠤ ᠱᠤᠪᠵᠢ ᠶᠢᠨ ᠦᠵᠦᠭᠦᠷ ᠢ ᠬᠠᠪᠳᠠᠭᠠᠯ ᠤᠨ ᠳᠤᠤᠷ᠎ᠠ ᠳᠠᠯ᠎ᠠ ᠳᠤ ᠬᠠᠳᠠᠵᠤ ᠲᠤᠭᠳᠠᠭᠠᠨ᠎ᠠ᠃ ᠱᠤᠪᠵᠢ ᠶᠢᠨ ᠰᠡᠨᠵᠢ ᠳᠤ ᠭᠠᠷᠠᠬ᠎ᠠ ᠳᠠᠭᠠᠷᠠᠭᠤᠯᠵᠤ ᠨᠢᠬᠡ ᠬᠠᠷᠠᠬᠠᠨ  ᠠᠴᠠ ᠲᠦᠷᠪᠡᠨ ᠭᠠᠨᠵᠤᠭ᠎ᠠ ᠬᠤᠶᠠᠷ ᠬᠠᠪᠳᠠᠭᠠᠯ ᠤᠨ ᠨᠠᠢᠮᠠᠨ ᠱᠤᠪᠵᠢ ᠶᠢᠨ ᠨᠠᠢᠮᠠᠨ ᠬᠠᠷᠠᠬᠠᠨ ᠠᠴᠠ ᠨᠡᠶᠢᠳᠡ ᠭᠤᠴᠢᠨ ᠬᠤᠶᠠᠷ ᠭᠠᠨᠵᠤᠭ᠎ᠠ ᠰᠦᠪᠡᠯᠡᠵᠦ ᠳᠡᠭᠦᠵᠢᠯᠡᠨ᠎ᠡ᠃ ᠡᠭᠦᠨ ᠳᠤ ᠨᠠᠢᠮᠠᠨ ᠭᠠᠨᠵᠤᠭ᠎ᠠ ᠶᠢ ᠨᠠᠷᠢᠨ ᠬᠢᠵᠤ ᠡᠮᠡᠭᠡᠯ ᠳᠡᠭᠡᠷ᠎ᠡ ᠠᠴᠢᠭᠰᠠᠨ ᠠᠴᠢᠶ᠎ᠠ ᠶᠢ ᠳᠠᠷᠤᠭᠤᠯᠵᠤ ᠤᠶᠠᠬᠤ ᠪᠠᠷ ᠪᠡᠯᠡᠳᠬᠡᠨ᠎ᠡ᠃ ᠭᠠᠨᠵᠤᠭ᠎ᠠ ᠶᠢᠨ ᠰᠤᠷ ᠢ ᠢᠮᠠᠭᠠᠨ ᠤ ᠡᠪᠡᠷ ᠢᠶᠠᠷ ᠬᠢᠭᠰᠡᠨ ᠪᠦᠳᠦᠭᠦᠨ᠂ ᠳᠤᠮᠳᠠ᠂ ᠨᠠᠷᠢᠨ ᠭᠤᠷᠪᠠᠨ ᠨᠦᠬᠡ ᠪᠠᠷ ᠰᠠᠪᠬᠠᠷᠳᠠᠨ ᠳᠠᠳᠠᠵᠤ ᠨᠠᠷᠢᠨ ᠪᠤᠯᠭᠠᠨ᠎ᠠ᠃ ᠭᠠᠨᠵᠤᠭ᠎ᠠ ᠶᠢᠨ ᠤᠭ ᠬᠡᠪ ᠢ ᠠᠯᠳᠠᠭᠤᠯᠬᠤ ᠦᠭᠡᠢ ᠶᠢᠨ ᠲᠦᠯᠦᠭᠡ ᠳᠤᠤᠷ᠎ᠠ ᠦᠵᠦᠭᠦᠷ ᠪᠠ ᠳᠤᠮᠳᠠ ᠠᠴᠠ ᠳᠤᠤᠭᠤᠷ ᠬᠡᠰᠡᠭ ᠲᠤ ᠭᠠᠤᠯᠢ ᠪᠤᠶᠤ ᠮᠦᠩᠭᠦ ᠪᠠᠷ ᠭᠤᠷᠪᠠ ᠭᠤᠷᠪᠠᠨ ᠪᠦᠯᠡᠵᠡᠭ ᠳᠠᠭᠠᠷᠠᠭᠤᠯᠤᠨ᠎ᠠ᠃ ᠵᠦᠪ ᠳᠠᠯ᠎ᠠ  ᠶᠢᠨ ᠠᠷᠤ ᠶᠢᠨ ᠬᠠᠪᠳᠠᠭᠠᠯ ᠤᠨ ᠭᠠᠨᠵᠤᠭ᠎ᠠ ᠶᠢ ᠳᠠᠳᠠᠬᠤ ᠳᠠᠭᠠᠨ ᠰᠤᠷ ᠭᠤᠭᠴᠤᠭ᠎ᠠ ᠳᠠᠭᠠᠷᠠᠭᠤᠯᠵᠤ ᠴᠢᠳᠤᠷ ᠭᠠᠨᠵᠤᠭᠠᠯᠠᠬᠤ ᠪᠠᠷ ᠵᠤᠬᠢᠶᠠᠨ᠎ᠠ᠃      ᠮᠤᠷᠢᠨ ᠡᠮᠡᠭᠡᠯ ᠨᠢ ᠮᠤᠩᠭᠤᠯᠴᠤᠳ ᠤᠨ ᠠᠳᠤᠭᠤᠨ ᠰᠤᠶᠤᠯ ᠤᠨ ᠨᠢᠭᠡ ᠪᠦᠷᠢᠯᠳᠦᠭᠦᠨ ᠪᠤᠯᠬᠤ ᠪᠦᠭᠡᠳ ᠪᠠᠶᠠᠯᠢᠭ ᠰᠠᠶᠢᠬᠠᠨ ᠶᠤᠰᠤ ᠤᠴᠢᠷ ᠠᠬᠤᠭᠤᠯᠤᠭᠳᠠᠵᠤ ᠪᠠᠶᠢᠳᠠᠭ᠃ ᠡᠭᠦᠨ ᠳᠤ ᠪᠠᠬᠢᠯᠢᠭ᠌ ᠨᠢᠭᠳᠠ ᠴᠢᠨᠠᠷ᠂ ᠵᠠᠷᠤᠳᠠᠯ ᠬᠡᠷᠡᠭᠰᠡᠯᠳᠦ ᠴᠢᠨᠠᠷ᠂ ᠰᠢᠨᠵᠢᠯᠡᠬᠦ ᠤᠬᠠᠭᠠᠨᠴᠢ ᠴᠢᠨᠠᠷ ᠪᠠ ᠭᠤᠸ᠎ᠠ ᠰᠠᠶᠢᠬᠠᠨ ᠤ ᠤᠬᠠᠭᠠᠨ ᠵᠡᠷᠭᠡ ᠤᠯᠠᠨ ᠠᠭᠤᠯᠭ᠎ᠠ ᠪᠠᠭᠳᠠᠨ᠎ᠠ᠃                ᠡᠪᠴᠢᠭᠦᠴᠢᠨ · ᠳᠣᠨᠤᠷᠤᠪ ᠤᠨ ︽ᠠᠷᠣ ᠬᠤᠷᠴᠢᠨ ᠨᠤᠲᠤᠭ ᠤᠨ ᠤᠯᠠᠮᠵᠢᠯᠠᠯᠲᠤ ᠰᠣᠶᠣᠯ︾ ᠭᠡᠬᠦ                ᠨᠣᠮ ᠠᠴᠠ ᠰᠤᠩᠭᠤᠪᠠ  
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号