ᠨᠡᠭᠦᠳᠡᠯ ᠮᠠᠯᠵᠢᠯ ᠤᠨ ᠰᠤᠶᠤᠯ
ᠨᠡᠶᠢᠲᠡᠯᠡᠭᠰᠡᠨ ᠴᠠᠭ᠄
2019/6/12
     ᠮᠠᠨ ᠤ ᠮᠤᠩᠭᠤᠯ ᠦᠨᠳᠦᠰᠦᠳᠡᠨ ᠤ ᠡᠷᠳᠡ ᠳᠡᠭᠡᠳᠦ ᠶᠢᠨ ᠦᠶ᠎ᠡ ᠠᠴᠠ ᠪᠠᠨ ᠠᠪᠤᠭᠠᠳ ᠮᠠᠯ ᠮᠠᠯᠵᠢᠵᠤ᠂ ᠮᠠᠯ ᠢᠶᠠᠨ ᠦᠰᠭᠡᠨ᠂ ᠮᠠᠯ ᠢᠶᠠᠨ ᠠᠷᠠᠯᠵᠢᠵᠤ ᠬᠤᠳᠠᠯᠳᠤᠬᠤ ᠪᠤᠶᠤ ᠮᠠᠯ ᠤᠨ ᠠᠰᠢᠭ ᠰᠢᠮ᠎ᠡ᠂ ᠠᠷᠠᠰᠤ ᠨᠤᠤᠰᠤ ᠪᠠᠨ ᠡᠳ᠋ᠰᠢᠭᠦᠯᠦᠨ ᠪᠤᠯᠪᠠᠰᠤᠷᠠᠭᠤᠯᠵᠤ ᠡᠳ᠋ᠯᠡᠵᠦ ᠡᠮᠦᠰᠬᠦ ᠪᠠ ᠮᠠᠯ ᠤᠨ ᠮᠢᠬ᠎ᠠ ᠰᠦ ᠪᠠᠷ ᠭᠤᠤᠯ ᠬᠤᠭᠤᠯᠠ ᠤᠮᠳᠠ ᠪᠠᠨ ᠪᠤᠯᠭᠠᠵᠤ᠂ ᠠᠵᠤ ᠲᠦᠷᠦᠨ ᠠᠮᠢᠳᠤᠷᠠᠵᠤ ᠢᠷᠡᠭᠰᠡᠨ ᠨᠡᠭᠦᠳᠡᠯᠴᠢᠨ ᠦᠨᠳᠦᠰᠦᠳᠡᠨ ᠮᠦᠨ᠃      ᠵᠢᠯ ᠤᠨ ᠳᠦᠷᠪᠡᠨ ᠤᠯᠠᠷᠢᠯ ᠢᠶᠠᠷ ᠨᠡᠭᠦᠵᠦ ᠪᠠᠭᠤᠵᠤ ᠤᠳᠤᠷᠯᠠᠨ ᠮᠠᠯᠵᠢᠬᠤ ᠳᠠᠭᠠᠨ ᠨᠤᠳᠤᠭ᠂ ᠤᠰᠤ ᠪᠡᠯᠴᠢᠭᠡᠷ ᠢᠶᠠᠨ ᠲᠤᠬᠢᠷᠠᠮᠵᠢᠳᠠᠢ ᠰᠤᠩᠭᠤᠨ ᠲᠤᠬᠢᠷᠠᠭᠤᠯᠳᠠᠭ᠃      ᠨᠢᠭᠡ᠂ ᠵᠤᠰᠠᠯᠠᠩ ᠤᠨ ᠨᠤᠳᠤᠭ ᠶᠢ ᠰᠤᠩᠭᠤᠬᠤ ᠳᠠᠭᠠᠨ ᠭᠤᠤᠯ ᠲᠠᠢ᠂ ᠨᠠᠭᠤᠷ ᠲᠠᠢ᠂ ᠳᠠᠯ᠎ᠠ ᠲᠠᠢ᠂ ᠰᠠᠷᠠᠭᠤᠯ ᠠᠭᠤᠳᠠᠮ ᠳ᠋ᠧᠩᠯᠢᠭ ᠨᠤᠳᠤᠭ ᠢ ᠰᠤᠩᠭᠤᠨ᠎ᠠ᠃ ᠵᠤᠨ ᠤ ᠤᠯᠠᠷᠢᠯ ᠪᠤᠯ ᠲᠦᠷᠦᠯ ᠪᠦᠷᠢ ᠶᠢᠨ ᠮᠠᠯ ᠤᠨ ᠤᠰᠤᠨ ᠳᠠᠷᠭᠤ ᠠᠪᠤᠭᠤᠯᠬᠤ ᠴᠠᠭ ᠬᠤᠭᠤᠴᠠᠭ᠎ᠠ ᠪᠤᠯᠬᠤᠷ ᠵᠠᠪᠠᠯ ᠤᠰᠤ ᠶᠢ ᠭᠦᠢᠴᠡᠳ ᠬᠠᠩᠭᠠᠬᠤ ᠬᠡᠷᠡᠭᠲᠠᠢ᠂ ᠵᠤᠨ  ᠤ ᠤᠯᠠᠷᠢᠯ ᠳᠤ ᠤᠰᠤᠨ ᠳᠠᠷᠭᠤ ᠮᠠᠭᠤ ᠠᠪᠤᠭᠰᠠᠨ ᠮᠠᠯ᠂ ᠨᠠᠮᠤᠷ ᠤᠨ ᠤᠯᠠᠷᠢᠯ ᠳᠤ ᠲᠤᠰᠤᠨ ᠳᠠᠷᠭᠤ ᠬᠡᠳᠦᠢ ᠰᠠᠶᠢᠨ ᠠᠪᠤᠭᠤᠯᠤᠯ᠎ᠠ ᠭᠡᠳ ᠡᠪᠦᠯ᠂ ᠬᠠᠪᠤᠷ ᠤᠨ ᠬᠦᠢᠳᠡᠨ ᠰᠢᠭᠤᠷᠭᠠᠨ ᠳᠤ ᠳᠠᠭᠠᠭᠠᠪᠤᠷᠢ ᠦᠭᠡᠢ᠂ ᠬᠦᠯᠳᠡᠭᠦᠦ ᠠᠯᠢᠮ᠎ᠠ ᠶᠢ ᠤᠰᠤᠨ ᠳᠤ ᠬᠢᠭᠰᠡᠨ ᠠᠳᠠᠯᠢ᠂ ᠤᠬᠤᠷᠬᠠᠨ ᠬᠤᠭᠤᠴᠠᠭᠠᠨ ᠤ ᠳᠤᠳᠤᠷ᠎ᠠ ᠮᠢᠬ᠎ᠠ ᠳᠠᠷᠭᠤ ᠨᠢ ᠪᠠᠭᠤᠷᠠᠵᠤ ᠬᠡᠬᠡᠯᠢ ᠭᠡᠳᠡᠰᠦ ᠨᠢ ᠬᠠᠮᠰᠢᠢᠭᠠᠳ ᠶᠠᠪᠤᠴᠢᠬᠠᠨ᠎ᠠ᠃ ᠵᠤᠨ ᠤ ᠤᠯᠠᠷᠢᠯ ᠳᠤ ᠢᠯᠠᠭ᠎ᠠ ᠪᠠᠳᠠᠭᠠᠨ᠎ᠠ ᠠᠷᠪᠢᠨ ᠪᠤᠯᠬᠤᠷ ᠡᠷᠬᠡᠪᠰᠢ ᠳ᠋ᠧᠩᠯᠢᠭ ᠨᠤᠳᠤᠭ ᠢ ᠰᠤᠩᠭᠤᠵᠤ ᠭᠡᠷ ᠢᠶᠠᠨ ᠪᠠᠷᠢᠵᠤ ᠮᠠᠯ ᠢᠶᠠᠨ ᠬᠤᠳᠠᠯᠠᠨ᠎ᠠ᠂ ᠵᠤᠨ ᠤ ᠤᠯᠠᠷᠢᠯ ᠳᠤ ᠭᠡᠳᠡᠭᠡᠨ᠎ᠡ ᠰᠢᠮᠠᠭᠤᠯ ᠠᠷᠪᠢᠨ ᠪᠤᠯᠬᠤᠷ ᠠᠭᠤᠳᠠᠮ ᠰᠠᠷᠠᠭᠤᠯ ᠳᠠᠯ᠎ᠠ ᠭᠠᠵᠠᠷ ᠮᠠᠯ ᠢᠶᠠᠨ ᠬᠠᠷᠢᠭᠤᠯᠤᠨ᠎ᠠ᠃ ᠵᠤᠨ ᠤ ᠴᠠᠭ ᠤᠨ ᠪᠤᠭ ᠮᠠᠯ ᠢ ᠦᠷᠯᠦᠭᠡ ᠡᠷᠳᠡ ᠪᠡᠯᠴᠢᠭᠡᠷ ᠲᠤ ᠭᠠᠷᠭᠠᠬᠤ ᠳᠠᠭᠠᠨ ᠡᠷᠬᠡᠪᠰᠢ ᠨᠠᠷᠠ ᠬᠠᠯᠠᠵᠤ ᠰᠢᠭᠦᠳᠡᠷᠢ ᠡᠭᠰᠢᠭᠰᠡᠨ ᠤ ᠰᠡᠭᠦᠯᠡᠷ ᠪᠡᠯᠴᠢᠭᠡᠷ ᠲᠤ ᠭᠠᠷᠭᠠᠨ᠎ᠠ᠂ ᠡᠷᠳᠡ ᠶᠢᠨ ᠰᠢᠭᠦᠳᠡᠷᠢ ᠳᠤ ᠪᠡᠯᠴᠢᠭᠡᠷ ᠲᠤ ᠭᠠᠷᠭᠠᠪᠠᠯ ᠪᠤᠭ ᠮᠠᠯ ᠂ ᠲᠤᠭᠤᠯ ᠡᠪᠡᠳᠴᠢᠨ ᠤᠯᠵᠤ ᠮᠢᠬ᠎ᠠ ᠳᠠᠷᠭᠤ ᠨᠢ ᠮᠠᠭᠤᠳᠠᠨ᠎ᠠ᠃      ᠬᠤᠶᠠᠷ᠂ ᠨᠠᠮᠤᠷᠵᠢᠶᠠᠨ ᠤ ᠨᠤᠳᠤᠭ ᠢ ᠲᠤᠬᠢᠷᠠᠭᠤᠯᠬᠤ ᠳᠠᠭᠠᠨ ᠬᠢᠷ᠎ᠠ ᠬᠠᠵᠠᠭᠤ ᠳ᠋ᠧᠩ ᠭᠠᠵᠠᠷ ᠢ ᠰᠤᠩᠭᠤᠵᠤ ᠪᠠᠭᠤᠴᠠ ᠪᠠᠨ ᠲᠤᠬᠢᠷᠠᠭᠤᠯᠬᠤ ᠪᠦᠭᠡᠳ ᠮᠠᠯ ᠢᠶᠠᠨ ᠨᠠᠭᠤᠷ᠂ ᠰᠢᠷ᠎ᠠ ᠤᠰᠤᠨ ᠳᠤ ᠳᠤᠳᠠᠭᠤ ᠤᠷᠤᠭᠤᠯᠵᠤ᠂ ᠴᠡᠪᠡᠷ ᠲᠤᠩᠭᠠᠯᠠᠭ ᠭᠤᠤᠯ ᠤᠨ ᠤᠰᠤ ᠪᠠᠷ ᠭᠦᠢᠴᠡᠳ ᠤᠰᠤᠯᠠᠨ᠎ᠠ᠃ ᠨᠠᠢᠮᠠᠨ ᠶᠢᠰᠦᠨ ᠰᠠᠷ᠎ᠠ ᠶᠢᠨ ᠦᠶ᠎ᠡ ᠪᠠᠷ ᠲᠤᠰᠤᠨ ᠳᠠᠷᠭᠤ ᠶᠢ ᠭᠦᠢᠴᠡᠳ ᠠᠪᠤᠭᠤᠯᠬᠤ ᠶᠢᠨ ᠲᠦᠯᠦᠭᠡ᠂ ᠪᠤᠭ ᠮᠠᠯ ᠢ ᠬᠤᠶᠠᠷ ᠡᠳᠦᠷ ᠲᠤ ᠨᠢᠭᠡ ᠤᠳᠠᠭ᠎ᠠ ᠤᠰᠤᠯᠠᠨ᠎ᠠ᠃ ᠨᠠᠮᠤᠷ ᠤᠨ ᠴᠠᠭ ᠲᠤ ᠶᠡᠭᠡ ᠰᠡᠭᠦᠯ ᠲᠠᠢ ᠬᠤᠨᠢ ᠪᠠ ᠬᠤᠷᠠᠭᠠᠨ ᠤ ᠰᠡᠭᠦᠯ ᠤᠨ ᠪᠠᠭᠠᠰᠤ ᠶᠢ ᠦᠷᠭᠦᠯᠵᠢ ᠠᠷᠢᠯᠭᠠᠵᠤ ᠦᠳᠦᠵᠦ ᠬᠤᠷᠤᠬᠠᠶᠢᠰᠢᠬᠤ ᠶᠢ ᠰᠡᠷᠭᠡᠶᠢᠯᠡᠨ᠎ᠡ᠃ ᠨᠠᠮᠤᠷ ᠤᠨ ᠴᠠᠭ ᠤᠨ ᠮᠠᠯ ᠢ ᠤᠰᠤᠯᠠᠵᠤ ᠬᠤᠳᠠᠯᠠᠬᠤ ᠳᠠᠭᠠᠨ ᠮᠤᠷᠢ ᠪᠠᠷ ᠳᠠᠭᠤᠬᠤ ᠪᠤᠶᠤ ᠬᠦᠶᠦᠯᠭᠡᠨ ᠲᠤᠰᠤᠨ ᠬᠦᠯᠦᠰᠦ ᠭᠠᠷᠭᠠᠬᠤ ᠶᠢ ᠡᠷᠡᠰ ᠴᠡᠭᠡᠷᠯᠡᠨ᠎ᠡ᠂ ᠨᠠᠮᠤᠷ ᠤᠨ ᠴᠠᠭ  ᠤᠨ ᠮᠠᠯ ᠢ ᠪᠡᠯᠴᠢᠭᠡᠷᠯᠡᠭᠦᠯᠬᠦ ᠳᠡᠭᠡᠨ ᠡᠪᠡᠰᠦᠨ ᠰᠤᠷ ᠢ ᠬᠦᠭᠡᠭᠡᠵᠦ᠂ ᠦᠷ᠎ᠡ ᠲᠠᠢ ᠡᠪᠡᠰᠦ ᠶᠢ ᠢᠯᠡᠭᠦᠦ ᠢᠳᠡᠭᠦᠯᠦᠨ᠎ᠡ  ᠃      ᠭᠤᠷᠪᠠ᠂ ᠡᠪᠦᠯᠵᠢᠶ᠎ᠡ ᠶᠢᠨ ᠨᠤᠳᠤᠭ ᠢ ᠰᠤᠩᠭᠤᠬᠤ ᠳᠠᠭᠠᠨ ᠠᠭᠤᠯᠠ ᠶᠢᠨ ᠨᠦᠮᠦᠷᠢ ᠭᠠᠵᠠᠷ ᠢ ᠰᠤᠩᠭᠤᠵᠤ ᠡᠪᠦᠯ ᠤᠨ ᠴᠠᠰᠤ ᠰᠢᠭᠤᠷᠭᠠᠨ ᠠᠴᠠ ᠰᠡᠷᠭᠡᠶᠢᠯᠡᠬᠦ ᠶᠢᠨ ᠲᠦᠯᠦᠭᠡ ᠠᠭᠤᠯᠠᠨ ᠤ ᠡᠩᠭᠡᠷ᠂ ᠤᠢ ᠰᠢᠭᠤᠢ ᠵᠤᠵᠠᠭᠠᠨ ᠢᠯᠡ ᠤᠰᠤ ᠲᠠᠢ ᠨᠠᠷᠠ ᠲᠤᠰᠬᠤ ᠡᠭᠡᠪᠦᠷ ᠳᠤᠯᠠᠭᠠᠨ ᠨᠤᠳᠤᠭ ᠢ ᠰᠤᠩᠭᠤᠨ ᠲᠤᠬᠢᠷᠠᠭᠤᠯᠤᠨ᠎ᠠ᠃ ᠡᠪᠦᠯ ᠶᠡᠭᠡ ᠴᠠᠰᠤ ᠤᠷᠤᠵᠤ ᠰᠢᠭᠤᠷᠭᠠᠨ ᠳᠡᠭᠳᠡᠪᠡᠯ ᠠᠭᠤᠯᠠᠨ ᠤ ᠡᠩᠭᠡᠷ ᠡᠬᠡᠪᠴᠢ ᠶᠢ ᠳᠠᠭᠠᠭᠤᠯᠵᠤ ᠮᠠᠯ ᠢᠶᠠᠨ ᠬᠠᠷᠢᠭᠤᠯᠤᠨ᠎ᠠ᠃ ᠴᠠᠰᠤ ᠭᠦᠨ ᠤᠷᠤᠪᠠᠯ ᠠᠭᠤᠯᠠᠨ ᠡᠩᠭᠡᠷ ᠤᠢ ᠰᠢᠭᠤᠢ ᠵᠤᠵᠠᠭᠠᠨ ᠭᠠᠵᠠᠷ ᠢ ᠰᠤᠩᠭᠤᠭᠰᠠᠨ ᠲᠤᠯᠠ ᠬᠤᠩᠬᠤᠷ ᠭᠠᠵᠠᠷ ᠭᠤᠤ ᠰᠤᠵᠠᠭ ᠲᠤ ᠬᠤᠷᠠᠵᠤ ᠴᠤᠭᠯᠠᠷᠠᠭᠰᠠᠨ ᠮᠤᠳᠤᠨ ᠤ ᠨᠠᠪᠴᠢ ᠯᠠᠪᠳᠠᠭᠤᠯ ᠢ ᠮᠠᠯ ᠳᠠᠭᠠᠨ ᠢᠳᠡᠭᠦᠯᠵᠦ ᠵᠤᠳ ᠰᠢᠭᠤᠷᠭᠠᠨ ᠢ ᠠᠵᠢᠭ ᠦᠭᠡᠢ ᠭᠡᠳᠦᠯᠳᠡᠭ ᠪᠠᠶᠢᠨ᠎ᠠ᠃ ᠡᠪᠦᠯ ᠤᠨ ᠤᠯᠠᠷᠢᠯ ᠳᠤ ᠮᠠᠯ ᠢ ᠵᠠᠪᠠᠯ ᠭᠦᠢᠴᠡᠳ ᠤᠰᠤᠯᠠᠬᠤ ᠬᠡᠷᠡᠭᠲᠠᠢ᠂ ᠦᠭᠡᠢ ᠪᠤᠯ ᠮᠠᠯ ᠤᠨ ᠬᠠᠯᠠᠭᠤᠨ ᠤ ᠬᠡᠮᠵᠢᠶ᠎ᠡ ᠪᠠᠭᠤᠷᠠᠵᠤ ᠮᠠᠯ ᠪᠡᠭᠡᠷᠡᠵᠦ ᠳᠠᠭᠠᠷᠠᠬᠤ ᠪᠦᠭᠡᠳ ᠮᠠᠯ ᠤᠨ ᠪᠠᠭᠠᠰᠤ ᠬᠤᠷᠭᠤᠰᠤᠯᠠᠵᠤ ᠡᠴᠡᠵᠦ ᠲᠤᠷᠠᠨ᠎ᠠ᠂ ᠡᠪᠦᠯ ᠤᠨ ᠴᠠᠭ ᠤᠨ ᠮᠠᠯ ᠤᠨ ᠬᠡᠪᠳᠡᠷᠢ ᠶᠢ ᠰᠠᠶᠢᠨ ᠵᠤᠵᠠᠭᠠᠯᠠᠵᠤ᠂ ᠬᠠᠭᠤᠷᠠᠢ ᠬᠤᠭ ᠢ ᠵᠤᠵᠠᠭᠠᠯᠠᠨ ᠳᠡᠪᠢᠰᠴᠦ ᠲᠤᠤᠷ᠎ᠠ ᠠᠴᠠ ᠨᠢ ᠵᠢᠩᠭᠢᠨᠡᠬᠦ ᠶᠢ ᠰᠠᠶᠢᠳᠤᠷ ᠰᠡᠷᠭᠡᠶᠢᠯᠡᠬᠦ ᠬᠡᠷᠡᠭᠲᠠᠢ᠃      ᠲᠦᠷᠪᠡ᠂ ᠬᠠᠪᠤᠷᠵᠢᠶᠠᠨ ᠤ ᠨᠤᠳᠤᠭ ᠢ ᠰᠤᠩᠭᠤᠬᠤ ᠳᠠᠭᠠᠨ ᠠᠭᠤᠯᠠ ᠲᠠᠢ᠂ ᠤᠰᠤ ᠲᠠᠢ ᠳᠡᠭᠰᠢ ᠳ᠋ᠯ᠎ᠠ ᠭᠠᠵᠠᠷ ᠢ ᠰᠤᠩᠭᠤᠬᠤ ᠪᠦᠭᠡᠳ ᠳᠡᠭᠡᠷ᠎ᠡ ᠵᠢᠯ ᠤᠨ ᠵᠤᠰᠠᠯᠠᠩ ᠤᠨ ᠨᠤᠳᠤᠭ ᠤᠨ ᠤᠶᠢᠷᠠᠯᠴᠠᠭ᠎ᠠ ᠨᠤᠳᠤᠭ ᠢ ᠰᠤᠩᠭᠤᠨ᠎ᠠ᠃ ᠠᠭᠤᠯᠠ ᠲᠠᠢ ᠨᠦᠮᠦᠷᠢ ᠭᠠᠵᠠᠷ ᠢ ᠰᠤᠩᠭᠤᠬᠤ ᠨᠢ ᠬᠠᠪᠤᠷ ᠤᠨ ᠬᠠᠷ᠎ᠠ ᠰᠠᠯᠬᠢ ᠵᠤᠳ ᠰᠢᠭᠤᠷᠭᠠᠨ  ᠲᠠᠢ ᠡᠳᠦᠷ ᠲᠤᠬᠢᠶᠠᠯᠳᠤᠪᠠᠯ ᠠᠭᠤᠯᠠᠨ ᠡᠩᠭᠡᠷ ᠲᠤ ᠮᠠᠯ ᠢᠶᠠᠨ ᠬᠠᠷᠢᠭᠤᠯᠤᠨ᠎ᠠ᠃ ᠳᠡᠭᠡᠷ᠎ᠡ ᠵᠢᠯ ᠤᠨ ᠵᠤᠰᠠᠯᠠᠩ ᠤᠨ ᠨᠤᠳᠤᠭ ᠠᠴᠠ ᠤᠶᠢᠷᠠᠯᠴᠠᠭ᠎ᠠ ᠪᠠᠭᠤᠬᠤ ᠨᠢ ᠵᠤᠨ ᠤ ᠤᠯᠠᠷᠢᠯ ᠤᠨ ᠮᠠᠯ ᠤᠨ ᠭᠢᠰᠭᠢᠯᠡᠵᠦ ᠤᠨᠠᠭᠠᠭᠰᠠᠨ ᠨᠤᠭᠤᠭᠠᠨ  ᠢᠶᠠᠷ ᠢᠶᠠᠨ ᠬᠠᠳᠠᠭᠰᠠᠨ ᠮᠠᠯ ᠤᠨ ᠭᠢᠰᠭᠢᠯᠡᠭᠦᠷ ᠡᠪᠡᠰᠦ ᠶᠢ ᠮᠠᠯ ᠳᠠᠭᠠᠨ ᠢᠳᠡᠭᠦᠯᠪᠡᠯ ᠰᠢᠮ᠎ᠡ ᠳᠡᠵᠢᠭᠡᠯ ᠰᠠᠶᠢᠨ ᠪᠠᠶᠢᠳᠠᠭ᠃ ᠬᠠᠪᠤᠷ ᠤᠨ ᠮᠠᠯ ᠢ ᠡᠷᠳᠡ ᠪᠡᠯᠴᠢᠭᠡᠷ ᠲᠤ ᠭᠠᠷᠭᠠᠵᠤ ᠤᠷᠤᠢ ᠬᠤᠳᠠᠯᠠᠨ᠎ᠠ᠂ ᠭᠡᠳᠡᠰᠦ ᠶᠢ ᠨᠢ ᠰᠠᠶᠢᠨ ᠳᠦᠭᠦᠷᠭᠡᠨ᠎ᠡ᠃      ᠮᠤᠩᠭᠤᠯ ᠬᠦᠮᠦᠨ ᠳᠦᠷᠪᠡᠨ ᠤᠯᠠᠷᠢᠯ ᠢᠶᠠᠷ ᠤᠳᠤᠷᠯᠠᠨ ᠮᠠᠯᠵᠢᠵᠤ ᠶᠠᠪᠤᠬᠤ ᠳᠠᠭᠠᠨ ᠪᠠᠶᠢᠭᠠᠯᠢ ᠤᠷᠴᠢᠨ ᠲᠠᠢ  ᠪᠠᠨ ᠵᠤᠬᠢᠴᠠᠯᠳᠤᠨ ᠪᠠᠶᠢᠭᠠᠯᠢ ᠪᠠᠨ ᠰᠢᠳᠤᠵᠤ᠂ ᠪᠠᠶᠢᠭᠠᠯᠢ ᠪᠠᠨ ᠬᠠᠶᠢᠷᠠᠯᠠᠵᠤ᠂ ᠪᠠᠶᠢᠭᠠᠯᠢ ᠪᠠᠨ ᠲᠦᠰᠢᠭᠯᠡᠵᠦ ᠶᠠᠪᠤᠳᠠᠭ᠂ ᠮᠤᠩᠭᠤᠯ ᠦᠨᠳᠦᠰᠦᠳᠡᠨ ᠪᠤᠯ ᠬᠠᠮᠢᠭ᠎ᠠ ᠶᠠᠮᠠᠷ ᠭᠠᠵᠠᠷ ᠨᠡᠭᠦᠵᠦ ᠶᠠᠪᠤᠯ᠎ᠠ ᠭᠡᠳ ᠠᠭᠤᠯᠠ ᠬᠠᠶᠢᠷᠬᠠᠨ ᠤ ᠨᠠᠪᠳᠠᠭ ᠱᠠᠪᠳᠠᠭ ᠲᠠᠭᠠᠨ ᠰᠦᠰᠦᠭᠯᠡᠨ ᠮᠦᠷᠭᠦᠵᠦ᠂ ᠤᠪᠤᠭ᠎ᠠ ᠱᠠᠩᠰᠢᠨ ᠳᠠᠭᠠᠨ ᠴᠠᠭᠠᠨ ᠪᠡᠯᠡᠭ ᠡᠷᠭᠦᠵᠦ᠂ ᠮᠦᠷᠭᠦᠨ ᠰᠦᠰᠦᠭᠯᠡᠳᠡᠭ ᠪᠦᠭᠡᠳ ᠠᠭᠤᠯᠠ ᠬᠠᠶᠢᠷᠬᠠᠨ ᠤ ᠮᠤᠳᠤ᠂ ᠴᠢᠯᠠᠭᠤ ᠶᠢ ᠲᠤᠷ᠎ᠠ ᠪᠠᠷ ᠢᠶᠠᠨ ᠬᠦᠳᠡᠯᠭᠡᠬᠦ ᠦᠭᠡᠢ᠂ ᠨᠠᠭᠤᠷ ᠭᠤᠤᠯ ᠤᠨ ᠤᠰᠤᠨ ᠳᠤ ᠮᠠᠭᠤ ᠰᠠᠶᠢᠨ ᠶᠠᠭᠤᠮ᠎ᠠ ᠪᠠᠨ ᠬᠠᠶᠠᠬᠤ ᠦᠭᠡᠢ᠂ ᠬᠤᠪᠴᠠᠰᠤ ᠬᠤᠨᠠᠷ  ᠢᠶᠠᠨ ᠤᠭᠢᠶᠠᠨ ᠪᠤᠵᠠᠷᠳᠤᠭᠤᠯᠬᠤ ᠦᠭᠡᠢ᠂ ᠠᠷᠢᠶᠠᠳᠠᠨ ᠵᠢᠭᠦᠷᠳᠡᠨ ᠢ ᠲᠤᠷ᠎ᠠ ᠪᠠᠷ ᠢᠶᠠᠨ ᠠᠯᠠᠵᠤ ᠰᠦᠨᠦᠭᠡᠭᠦ ᠦᠭᠡᠢ᠂ ᠵᠢᠭᠦᠷᠳᠡᠨ ᠰᠢᠪᠠᠭᠤ ᠶᠢᠨ ᠦᠨᠳᠡᠭᠡ ᠵᠤᠯᠵᠠᠭ᠎ᠠ ᠶᠢ ᠬᠦᠳᠡᠯᠭᠡᠬᠦ ᠦᠭᠡᠢ᠂ ᠪᠡᠶ᠎ᠡ ᠶᠢᠨ ᠰᠡᠭᠦᠳᠡᠷ ᠢᠶᠠᠨ ᠴᠦ ᠳᠡᠭᠡᠷ᠎ᠡ ᠨᠢ ᠲᠤᠰᠬᠠᠬᠤ ᠦᠭᠡᠢ ᠪᠠᠶᠢᠳᠠᠭ᠃      ᠨᠠᠭᠠᠳᠤ ᠵᠠᠬ᠎ᠠ ᠳᠠᠭᠠᠨ ᠮᠤᠭᠠᠢ ᠮᠡᠯᠡᠬᠡᠢ᠂ ᠵᠢᠭᠠᠰᠤ ᠵᠢᠷᠠᠭᠠᠬᠠᠢ ᠶᠢ ᠬᠦᠷᠳᠡᠯ᠎ᠡ ᠠᠯᠠᠳᠠᠭ ᠦᠭᠡᠢ ᠨᠢᠩᠵᠢᠨ ᠰᠡᠳᠬᠢᠯ ᠲᠠᠢ ᠦᠨᠳᠦᠰᠦᠳᠡᠨ ᠶᠤᠮ᠂ ᠡᠶᠢᠮᠦ ᠠᠴᠠ ᠪᠠᠶᠢᠭᠠᠯᠢ ᠤᠷᠴᠢᠨ ᠨᠢ ᠬᠡᠵᠢᠶᠡᠳᠡ ᠪᠠᠨ ᠡᠪᠳᠡᠭᠳᠡᠬᠦ ᠦᠭᠡᠢ᠂ ᠡᠪᠡᠰᠦ ᠪᠡᠯᠴᠢᠭᠡᠷ ᠨᠢ ᠬᠡᠵᠢᠶᠡᠳᠡ ᠪᠠᠨ ᠳᠠᠴᠢᠷᠳᠠᠬᠤ ᠦᠭᠡᠢ᠂ ᠠᠭᠤᠯᠠ ᠬᠠᠶᠢᠷᠬᠠᠨ ᠨᠢ ᠬᠡᠵᠢᠶᠡᠳᠡ ᠪᠠᠨ ᠰᠦᠷᠯᠢᠭ᠂ ᠣᠢ ᠮᠤᠳᠤ ᠨᠢ ᠬᠡᠵᠢᠶᠡᠳᠡ ᠪᠠᠨ ᠰᠠᠬᠤᠯᠢᠭ᠂ ᠨᠠᠭᠤᠷ ᠭᠤᠤᠯ ᠨᠢ ᠬᠡᠵᠢᠶᠡᠳᠡ ᠪᠠᠨ ᠲᠤᠩᠭᠠᠯᠠᠭ᠂ ᠬᠤᠷ᠎ᠠ ᠪᠤᠷᠤᠭᠠᠨ ᠬᠡᠵᠢᠶᠡᠳᠡ ᠪᠠᠨ ᠳᠡᠩᠴᠡᠭᠦᠷᠢᠳᠠᠢ᠂ ᠪᠠᠶᠢᠭᠠᠯᠢ ᠤᠷᠴᠢᠯᠠᠩ ᠨᠢ ᠬᠡᠵᠢᠶᠡᠳᠡ ᠪᠠᠨ ᠡᠷᠡᠭᠦᠯ ᠰᠠᠷᠠᠭᠤᠯ ᠢᠶᠠᠷ ᠢᠶᠠᠨ ᠪᠠᠶᠢᠳᠠᠭ᠃      ᠤᠳᠤᠷᠯᠠᠨ ᠮᠠᠯᠵᠢᠵᠤ ᠨᠡᠭᠦᠵᠦ ᠪᠠᠭᠤᠬᠤ ᠳᠠᠭᠠᠨ ᠪᠡᠯᠡᠳᠬᠡᠯ ᠠᠵᠢᠯ ᠢ ᠭᠦᠢᠴᠡᠳ ᠬᠢᠬᠦ ᠬᠡᠷᠡᠭᠲᠠᠢ᠃ ᠵᠢᠱᠢᠶᠡᠯᠡᠪᠡᠯ᠂  ᠮᠤᠩᠭᠤᠯ ᠭᠡᠷ᠂ ᠮᠤᠳᠤᠨ ᠳᠡᠷᠭᠡ᠂ ᠲᠦᠯ ᠮᠠᠯ ᠤᠨ ᠭᠦᠷᠦᠮᠡᠯ ᠪᠤᠷᠭᠠᠰᠤᠨ ᠪᠠ ᠮᠤᠷᠢᠨ ᠤ ᠡᠮᠡᠭᠡᠯ ᠬᠠᠵᠠᠭᠠᠷ᠂ ᠨᠤᠭᠳᠤ ᠴᠢᠳᠤᠷ᠂ ᠮᠤᠷᠢᠨ ᠤ ᠠᠷᠭᠠᠮᠵᠢᠶ᠎ᠠ ᠤᠷᠭ᠎ᠠ ᠵᠡᠷᠭᠡ ᠪᠠᠨ ᠰᠢᠨᠡᠳᠬᠡᠨ ᠰᠡᠯᠪᠢᠨ ᠵᠠᠰᠠᠵᠤ ᠪᠡᠯᠡᠳᠬᠡᠬᠦ  ᠶᠢᠨ ᠬᠠᠮᠳᠤ᠂ ᠭᠡᠷ ᠵᠠᠭᠤᠷ᠎ᠠ ᠶᠢᠨ ᠵᠠᠷᠤᠵᠤ ᠪᠠᠷᠢᠬᠤ ᠠᠮᠢᠳᠤᠷᠠᠯ ᠤᠨ ᠬᠡᠷᠡᠭᠰᠡᠯ᠂ ᠲᠤᠭᠤᠭ᠎ᠠ ᠰᠢᠨᠠᠭ᠎ᠠ᠂ ᠲᠤᠯᠭ᠎ᠠ ᠵᠤᠤᠬ᠎ᠠ᠂ ᠠᠶᠠᠭ᠎ᠠ ᠰᠠᠪᠬ᠎ᠠ᠂ ᠵᠡᠭᠦᠦ ᠤᠳᠠᠰᠤ᠂ ᠬᠠᠶᠢᠴᠢ ᠰᠢᠪᠦᠭᠡ᠂ ᠬᠡᠳᠡ ᠬᠢᠳᠤᠭ᠎ᠠ᠂ ᠬᠢᠷᠦᠭᠡ ᠰᠦᠬᠡ᠂ ᠴᠦᠴᠡ᠂ ᠤᠯᠢ ᠳᠡᠭᠡᠰᠦ᠂ ᠲᠦᠷᠦ᠂ ᠰᠠᠨᠳᠤᠤ ᠪᠤᠤᠳᠤᠤ᠂ ᠳᠡᠪᠢᠭᠦᠷ ᠫᠤᠤᠯᠤᠤ᠂ ᠦᠨᠢᠶᠡᠨ ᠰᠠᠭᠤᠯᠠᠭ᠎ᠠ᠂ ᠠᠶᠢᠷᠠᠭ  ᠤᠨ ᠬᠦᠯᠦᠭ᠂ ᠭᠠᠩ ᠰᠠᠪᠠ ᠵᠡᠷᠭᠡ ᠡᠳᠦᠷ ᠳᠤᠳᠤᠮ ᠤᠨ ᠬᠡᠷᠡᠭᠰᠡᠯ᠂ ᠪᠠᠰᠠ ᠪᠤᠳᠠᠭ᠎ᠠ ᠴᠠᠶᠢᠯᠭᠠᠬᠤ ᠤᠭᠤᠷ ᠨᠦᠳᠦᠭᠦᠷ᠂ ᠤᠷᠠᠭ᠎ᠠ ᠶᠢᠨ ᠵᠠᠯᠠᠭᠤᠷ ᠮᠤᠳᠤ᠂ ᠡᠮᠦᠰᠴᠦ ᠨᠦᠮᠦᠷᠬᠦ᠂ ᠵᠤᠵᠠᠭᠠᠨ ᠨᠢᠮᠭᠡᠨ ᠳᠡᠪᠡᠯ ᠬᠤᠪᠴᠠᠰᠤ᠂ ᠰᠢᠷᠢᠳᠡᠭ ᠳᠡᠪᠢᠰᠭᠡᠷ ᠢ ᠪᠦᠷᠢᠨ ᠭᠦᠢᠴᠡᠳ ᠪᠡᠯᠡᠳᠬᠡᠬᠦ ᠶᠢᠨ ᠬᠠᠮᠳᠤ᠂ ᠬᠦᠨᠡᠰᠦᠨ ᠪᠤᠳᠠᠭ᠎ᠠ᠂ ᠳᠠᠪᠤᠰᠤ ᠴᠠᠢ ᠶᠢ ᠭᠦᠢᠴᠡᠳ ᠠᠪᠴᠤ ᠶᠠᠪᠤᠨ᠎ᠠ᠃ ᠬᠦᠨᠡᠰᠦᠨ ᠪᠤᠳᠠᠭᠠᠨ ᠳᠤ ᠭᠤᠤᠯᠳᠠᠭᠤ᠄ ᠮᠤᠩᠭᠤᠯ ᠠᠮᠤ᠂ ᠴᠤᠯᠭᠤᠢ ᠮᠤᠩᠭᠤᠯ ᠪᠤᠳᠠᠭ᠎ᠠ ᠪᠠᠨ ᠤᠭᠤᠳᠠ ᠬᠡᠦᠳᠠᠢ ᠳᠤ ᠰᠠᠪᠠᠯᠠᠵᠤ᠂ ᠲᠡᠷᠭᠡᠨ ᠳᠡᠭᠡᠷ᠎ᠡ ᠪᠠᠨ ᠳᠡᠭᠡᠭᠡᠵᠦ ᠶᠠᠪᠤᠭᠠᠳ ᠬᠡᠵᠢᠶ᠎ᠡ ᠬᠦᠨᠡᠰᠦᠨ ᠠᠮᠤ ᠨᠢ ᠳᠤᠳᠠᠪᠠᠯ ᠲᠡᠷᠡ ᠲᠠᠷᠤᠢ ᠳᠤᠨᠢ ᠬᠠᠷ᠎ᠠ ᠴᠤᠯᠭᠤᠢ ᠮᠤᠩᠭᠤᠯ ᠪᠤᠳᠠᠭ᠎ᠠ ᠪᠠᠨ ᠬᠡᠳᠦᠨ ᠱᠧᠩ ᠢᠶᠠᠷ ᠬᠦᠭᠡᠵᠦ ᠬᠠᠭᠤᠷᠤᠭᠠᠳ ᠤᠭᠤᠷ ᠨᠦᠳᠦᠭᠦᠷ ᠢᠶᠠᠷ ᠨᠦᠳᠦᠵᠦ ᠴᠠᠶᠢᠯᠭᠠᠭᠠᠳ ᠬᠦᠨᠡᠰᠦ ᠪᠠᠨ ᠬᠢᠳᠡᠭ᠃ ᠢᠩᠭᠢᠵᠦ ᠪᠠᠭ᠎ᠠ ᠪᠠᠭ᠎ᠠ  ᠪᠠᠷ ᠭᠠᠷᠭᠠᠭᠰᠠᠨ ᠬᠠᠭᠤᠷᠤᠭᠰᠠᠨ ᠪᠤᠳᠠᠭ᠎ᠠ ᠪᠤᠷᠤᠭᠠᠨ ᠵᠤᠳ ᠲᠠᠢ ᠤᠯᠠᠷᠢᠯ ᠳᠤ ᠴᠢᠭᠢᠭᠳᠦᠵᠦ ᠳᠡᠪᠳᠦᠬᠦ ᠦᠭᠡᠢ ᠰᠢᠨ᠎ᠡ ᠰᠤᠷᠭᠤᠭ ᠢᠶᠠᠷ ᠪᠠᠶᠢᠳᠠᠭ᠃      ᠤᠭᠤᠷ ᠨᠦᠳᠦᠭᠦᠷ ᠭᠡᠳᠡᠭ ᠨᠢ ᠤᠭᠤᠷ ᠢ ᠮᠤᠳᠤ ᠪᠠᠷ ᠬᠢᠨ᠎ᠡ᠂ ᠭᠤᠷᠪᠠᠨ ᠲᠦᠭᠡ ᠢᠯᠡᠭᠦᠦ ᠪᠦᠳᠦᠭᠦᠨ᠂ ᠬᠤᠶᠠᠷ ᠲᠤᠬᠤᠢ ᠢᠯᠡᠭᠦᠦ ᠤᠷᠳᠤ᠂ ᠬᠠᠶᠢᠯᠠᠰᠤ ᠪᠠ ᠬᠤᠰᠤ ᠵᠡᠷᠭᠡ ᠴᠢᠨᠠᠷ ᠰᠠᠶᠢᠳᠠᠢ ᠬᠠᠳᠠᠭᠤ ᠮᠤᠳᠤ ᠶᠢ ᠨᠢᠭᠡ ᠲᠤᠬᠤᠢ ᠳᠤᠯᠤᠭᠠᠨ ᠢᠮᠠᠬᠤ ᠰᠢᠬᠠᠮ ᠭᠦᠨ ᠬᠦᠨᠳᠡᠯᠡᠨ ᠤᠬᠤᠵᠤ ᠵᠠᠰᠠᠭᠠᠳ ᠬᠠᠭᠤᠷᠤᠭᠰᠠᠨ ᠪᠤᠳᠠᠭ᠎ᠠ ᠪᠠᠨ ᠪᠠᠭ᠎ᠠ ᠪᠠᠭ᠎ᠠ ᠪᠠᠷ ᠬᠢᠵᠦ ᠨᠦᠳᠦᠭᠦᠷ ᠤᠨ ᠡᠰᠢ ᠪᠠᠷ ᠨᠦᠳᠦᠵᠦ ᠪᠤᠳᠠᠭ᠎ᠠ ᠪᠠᠨ ᠴᠠᠶᠢᠯᠭᠠᠳᠠᠭ ᠪᠠᠭᠠᠵᠢ᠂ ᠨᠦᠳᠦᠭᠦᠷ ᠬᠡᠳᠡᠭ  ᠨᠢ ᠰᠠᠭᠤᠷᠢ ᠶᠢᠨ ᠳᠠᠯ᠎ᠠ ᠨᠢ ᠵᠢᠷᠭᠤᠭᠠᠨ ᠢᠮᠠᠬᠤ ᠳᠡᠭᠰᠢ ᠲᠦᠷᠪᠡᠯᠵᠢᠨ᠂ ᠦᠨᠳᠦᠷ ᠤᠨ ᠬᠡᠮᠵᠢᠶ᠎ᠡ ᠨᠢ ᠵᠢᠷᠭᠤᠭᠠᠨ ᠢᠮᠠᠬᠤ᠂ ᠤᠷᠤᠢ ᠨᠢ ᠪᠦᠮᠪᠦᠷᠢᠭᠡᠨ ᠴᠢᠯᠠᠭᠤ ᠶᠢ ᠰᠠᠭᠤᠷᠢ ᠶᠢᠨ ᠳᠠᠯ᠎ᠠ ᠶᠢᠨ ᠳᠤᠮᠳᠠ ᠬᠡᠰᠡᠭ ᠲᠤ ᠳᠤᠳᠠᠭᠤ ᠮᠤᠬᠤᠷ ᠨᠦᠬᠡ ᠴᠤᠭᠤᠯᠵᠤ᠂ ᠬᠠᠳᠠᠭᠤ ᠴᠢᠨᠠᠷ ᠰᠠᠶᠢᠳᠠᠢ ᠮᠤᠳᠤ ᠪᠠᠷ ᠡᠰᠢ ᠵᠤᠬᠢᠶᠠᠭᠰᠠᠨ ᠪᠠᠭᠠᠵᠢ ᠮᠦᠨ᠃      ᠤᠳᠤᠷᠯᠠᠨ ᠨᠡᠭᠦᠵᠦ ᠶᠠᠪᠤᠬᠤ ᠳᠠᠭᠠᠨ ᠤᠨᠤᠰᠢᠨ ᠮᠤᠷᠢ 2 -3 ᠪᠡᠯᠡᠳᠬᠡᠵᠦ ᠭᠡᠷ ᠤᠨ ᠤᠶᠢᠷ᠎ᠠ ᠵᠠᠭᠤᠷ᠎ᠠ ᠠᠷᠭᠠᠮᠵᠢᠶ᠎ᠠ ᠪᠠ ᠴᠢᠳᠦᠷ ᠢᠶᠠᠷ ᠠᠷᠠᠴᠢᠯᠠᠵᠤ ᠡᠷᠭᠢᠴᠡᠭᠦᠯᠦᠨ᠎ᠡ᠃ ᠮᠤᠳᠤᠨ ᠳᠡᠷᠭᠡ ᠶᠢ 5-7 ᠶᠢ ᠪᠡᠯᠡᠳᠬᠡᠵᠦ ᠶᠠᠪᠤᠳᠠᠭ᠃      ᠡᠭᠦᠨ ᠳᠤ ᠠᠪᠳᠠᠷ᠎ᠠ ᠪᠠᠷᠠᠭ᠎ᠠ ᠳᠡᠭᠡᠭᠡᠬᠦ ᠲᠡᠷᠭᠡ ᠶᠢ ᠨᠢᠭᠡ ᠪᠡᠯᠡᠳᠬᠡᠵᠦ᠂ ᠳᠡᠭᠡᠭᠡᠭᠰᠡᠨ ᠪᠠᠷᠠᠭ᠎ᠠ ᠪᠠᠨ ᠪᠠᠭᠤᠯᠭᠠᠨ ᠠᠪᠳᠠᠭ ᠦᠭᠡᠢ᠂ ᠲᠡᠷᠭᠡ ᠲᠠᠢ ᠨᠢ ᠭᠡᠷ ᠤᠨ ᠵᠡᠭᠦᠨ ᠳᠠᠯ᠎ᠠ ᠳᠤ ᠪᠠᠶᠢᠯᠭᠠᠳᠠᠭ᠃ ᠪᠤᠷᠤᠭᠠᠨ ᠴᠠᠰᠤ ᠤᠷᠤᠪᠠᠯ ᠲᠤᠭᠤᠷᠭᠠᠨ ᠢᠰᠡᠭᠡᠢ ᠪᠠᠷ ᠪᠦᠳᠡᠭᠡᠵᠦ ᠳᠠᠯᠪᠢᠳᠠᠭ᠂ ᠤᠰᠤᠨ ᠳᠡᠷᠭᠡ ᠨᠢᠭᠡ ᠪᠡᠯᠡᠳᠬᠡᠵᠦ ᠪᠦᠳᠦᠭᠦᠨ ᠮᠤᠳᠤᠨ ᠭᠠᠩ ᠳᠡᠭᠡᠭᠡᠵᠦ ᠤᠰᠤᠨ ᠭᠠᠩ ᠳᠠᠭᠠᠨ ᠬᠡᠵᠢᠶᠡᠳᠡ ᠤᠰᠤ ᠲᠠᠢ ᠪᠠᠶᠢᠯᠭᠠᠳᠠᠭ᠂ ᠬᠤᠨᠢᠨ ᠮᠠᠨᠠᠭ᠎ᠠ ᠶᠢᠨ ᠬᠠᠮ ᠳᠡᠷᠭᠡ ᠨᠢᠭᠡ ᠶᠢ ᠪᠡᠯᠡᠳᠬᠡᠵᠦ᠂ ᠬᠤᠨᠢᠨ ᠰᠦᠷᠦᠭ ᠤᠨ ᠬᠡᠪᠳᠡᠷᠢ ᠶᠢᠨ ᠬᠠᠵᠠᠭᠤ ᠳᠤ ᠳᠠᠯᠪᠢᠳᠠᠭ᠂ ᠪᠤᠰᠤᠳ ᠳᠡᠷᠭᠡ  ᠶᠢ ᠭᠡᠷ ᠤᠨ ᠪᠠᠷᠠᠭᠤᠨ ᠳᠠᠯ᠎ᠠ ᠳᠤ ᠰᠣᠭᠰᠤᠷᠤᠨ ᠨᠠᠶᠢᠷᠠᠭᠤᠯᠵᠤ ᠳᠠᠯᠪᠢᠳᠠᠭ᠂ ᠭᠡᠶᠢᠴᠢᠨ ᠵᠤᠴᠢᠨ ᠢᠷᠡᠪᠡᠯ ᠡᠨᠡ ᠳᠡᠷᠭᠡᠨ ᠠᠴᠠ ᠮᠤᠷᠢ ᠪᠠᠨ ᠤᠶᠠᠵᠤ ᠪᠤᠯᠬᠤ ᠪᠦᠭᠡᠳ ᠤᠷᠭ᠎ᠠ ᠳᠠᠰᠢᠭᠤᠷ ᠢᠶᠠᠨ ᠳᠠᠯᠪᠢᠵᠤ ᠪᠤᠯᠤᠨ᠎ᠠ᠃      ᠤᠳᠤᠷᠯᠠᠨ ᠮᠠᠯᠵᠢᠵᠤ ᠶᠠᠪᠤᠬᠤ ᠳᠤ ᠤᠷᠭ᠎ᠠ ᠪᠤᠯ ᠳᠤᠳᠠᠭᠳᠠᠵᠤ ᠪᠤᠯᠤᠰᠢ ᠦᠭᠡᠢ ᠬᠡᠷᠡᠭᠰᠡᠯ ᠤᠨ ᠪᠠᠭᠠᠵᠢ ᠮᠥᠨ᠂ ᠤᠷᠭ᠎ᠠ ᠶᠢ ᠬᠤᠰᠤ᠂ ᠪᠤᠷᠭᠠᠰᠤ᠂ ᠮᠤᠶᠢᠯ ᠵᠡᠷᠭᠡ ᠪᠠᠬᠢᠯᠢᠭ᠌ ᠮᠤᠳᠤ ᠪᠠᠷ ᠬᠢᠳᠡᠭ᠃ ᠤᠷᠭᠠᠨ ᠤ ᠮᠤᠳᠤ ᠪᠠᠨ ᠬᠠᠳᠠᠭᠠᠭᠰᠠᠨ ᠤ ᠰᠡᠭᠦᠯᠡᠷ᠂ ᠨᠤᠶᠢᠳᠠᠨ ᠭᠠᠵᠠᠷ ᠪᠤᠯᠠᠵᠤ ᠴᠢᠭᠢᠭᠰᠡᠭᠡᠵᠦ ᠨᠤᠷᠭᠠᠭᠰᠠᠨ ᠤ ᠰᠡᠭᠦᠯᠡᠷ᠂ ᠬᠠᠭᠤᠷᠠᠢ ᠡᠪᠡᠰᠦ ᠪᠤᠶᠤ ᠬᠤᠨᠢᠨ ᠦᠷᠳᠡᠩ ᠤᠨ ᠭᠠᠯ ᠤᠨ ᠨᠤᠷᠮᠠᠨ ᠳᠤ ᠬᠠᠯᠠᠭᠠᠵᠤ ᠤᠷᠭ᠎ᠠ ᠶᠢᠨ ᠵᠠᠯᠠᠭᠤᠷ᠂ ᠬᠡᠯᠪᠢᠭᠦᠷ ᠤᠨ ᠠᠵᠢᠷᠭᠠᠨ ᠮᠤᠳᠤᠨ ᠳᠤ ᠬᠡᠯᠪᠢᠵᠦ ᠵᠠᠰᠠᠵᠤ ᠵᠠᠯᠠᠨ᠎ᠠ᠃ ᠤᠷᠭ᠎ᠠ ᠳᠤ ᠪᠦᠬᠦᠯᠢ ᠮᠤᠳᠤᠨ ᠤ ᠤᠷᠭ᠎ᠠ᠂ ᠵᠠᠯᠭᠠᠭᠤᠷᠢ ᠲᠠᠢ ᠤᠷᠭ᠎ᠠ ᠭᠡᠵᠦ ᠬᠤᠶᠠᠷ ᠶᠠᠩᠵᠤ ᠪᠠᠶᠢᠳᠠᠭ᠃ ᠵᠠᠯᠭᠠᠭᠤᠷᠢ ᠲᠠᠢ ᠤᠷᠭ᠎ᠠ ᠳᠤ ᠠᠯᠳᠠ ᠳᠠᠯᠢᠮ ᠤᠷᠳᠤ ᠶᠤᠵᠤᠭᠤᠷ᠂ ᠠᠯᠳᠠ ᠬᠢᠷᠢ ᠲᠠᠢ ᠤᠷᠳᠤ ᠴᠡᠭᠡᠵᠢ ᠶᠢᠨ ᠮᠤᠳᠤ ᠬᠡᠷᠡᠭᠯᠡᠳᠡᠭ᠃ ᠤᠷᠭ᠎ᠠ ᠶᠢᠨ ᠶᠤᠵᠤᠭᠤᠷ ᠤᠨ ᠦᠵᠦᠭᠦᠷ ᠤᠨ ᠬᠡᠰᠡᠭ ᠲᠤ ᠬᠢᠷᠦᠭᠡ ᠪᠠᠷ ᠠᠮᠠ ᠭᠠᠷᠭᠠᠵᠤ ᠤᠬᠤᠵᠤ ᠠᠪᠤᠭᠠᠳ ᠴᠡᠭᠡᠵᠢᠨ ᠮᠤᠳᠤᠨ ᠤ ᠪᠦᠳᠦᠭᠦᠨ ᠤᠭ ᠤᠨ ᠳᠠᠯ᠎ᠠ ᠳᠤ ᠰᠡᠭᠦᠯ ᠭᠠᠷᠭᠠᠨ ᠴᠠᠪᠴᠢᠵᠤ ᠵᠠᠰᠠᠭᠠᠳ ᠶᠤᠵᠤᠭᠤᠷ ᠤᠨ ᠦᠵᠦᠭᠦᠷ ᠤᠨ ᠬᠡᠰᠡᠭ ᠲᠤ ᠭᠠᠷᠭᠠᠭᠰᠠᠨ ᠠᠮᠠ ᠳᠤ ᠰᠢᠭᠤᠭᠤᠯᠵᠤ᠂ ᠠᠷᠭ᠎ᠠ ᠪᠢᠯᠢᠭ ᠢᠶᠠᠷ ᠠᠪᠴᠠᠯᠳᠤᠭᠤᠯᠤᠨ ᠳᠠᠭᠠᠷᠠᠭᠤᠯᠵᠤ᠂ ᠴᠠᠪᠠᠤ ᠪᠠᠷ ᠴᠠᠪᠠᠤᠳᠠᠵᠤ ᠨᠠᠭᠠᠨ᠎ᠠ᠃ ᠡᠨᠡ ᠬᠡᠰᠡᠭ ᠭᠠᠵᠠᠷ ᠤᠨ ᠭᠠᠳᠠᠭᠤᠷ ᠪᠢᠳᠡᠭᠦᠦ ᠦᠪᠴᠢᠭᠰᠡᠨ ᠦᠭᠡᠷ ᠤᠨ ᠰᠡᠭᠦᠯ ᠤᠨ ᠠᠷᠠᠰᠤ ᠶᠢ ᠰᠠᠶᠢᠨ ᠳᠡᠪᠳᠦᠭᠡᠵᠦ ᠪᠠᠶᠢᠭᠠᠳ ᠭᠠᠳᠠᠭᠤᠷ ᠨᠢ ᠤᠭᠯᠠᠵᠤ ᠳᠠᠯᠪᠢᠨ᠎ᠠ᠃ ᠬᠠᠳᠠᠭᠰᠠᠨ ᠤ ᠰᠡᠭᠦᠯᠡᠷ ᠪᠤᠷᠤᠭᠠᠨ ᠤᠰᠤᠨ ᠳᠤ ᠴᠠᠪᠠᠤ ᠨᠢ ᠳᠡᠪᠳᠦᠵᠦ ᠰᠠᠯᠬᠤ ᠶᠤᠰᠤ ᠦᠭᠡᠢ᠂ ᠤᠷᠭᠠᠨ ᠤ ᠴᠡᠭᠡᠵᠢᠨ ᠪᠡᠶ᠎ᠡ ᠶᠢᠨ ᠨᠠᠷᠢᠨ ᠦᠵᠦᠭᠦᠷ ᠲᠤ ᠬᠢᠳᠤᠭ᠎ᠠ ᠪᠠᠷ ᠳᠠᠩᠨᠠᠢ ᠠᠷᠤ ᠳᠤ ᠠᠪᠴᠠᠯᠳᠤᠭᠤᠯᠤᠨ ᠳᠠᠭᠠᠷᠠᠭᠤᠯᠵᠤ᠂ ᠨᠠᠷᠢᠨ ᠵᠦᠰᠦᠭᠰᠡᠨ ᠨᠢᠮᠭᠡᠨ ᠰᠤᠷ ᠢᠶᠠᠷ ᠤᠷᠢᠶᠠᠨ ᠬᠦᠯᠢᠵᠦ ᠳᠠᠯᠪᠢᠨ᠎ᠠ᠃ ᠤᠷᠭᠠᠨ ᠤ ᠨᠠᠷᠢᠨ ᠴᠠᠶᠢᠷ ᠤᠨ ᠦᠵᠦᠭᠦᠷ ᠲᠤ ᠨᠢᠭᠡ ᠪᠤᠷᠴᠠ ᠦᠨᠳᠦᠷ ᠮᠤᠷᠢᠨ ᠰᠡᠭᠦᠯ ᠤᠨ ᠬᠢᠯᠭᠠᠰᠤ ᠶᠢ ᠤᠷᠢᠶᠠᠨ ᠤᠶᠠᠵᠤ ᠰᠠᠴᠤᠭ ᠭᠠᠷᠭᠠᠨ᠎ᠠ᠂ ᠡᠭᠦᠨ ᠢ ᠤᠷᠭ᠎ᠠ ᠶᠢᠨ ᠦᠵᠦᠭᠦᠷ ᠤᠨ ᠴᠢᠭᠳᠠᠭ᠎ᠠ ᠭᠡᠨ᠎ᠡ᠃      ᠢᠩᠭᠢᠵᠦ ᠬᠢᠯᠭᠠᠰᠤᠨ ᠰᠡᠭᠦᠯ ᠢᠶᠠᠷ ᠰᠠᠴᠤᠭ ᠭᠠᠷᠭᠠᠵᠤ ᠤᠶᠠᠬᠤ ᠨᠢ ᠨᠢᠭᠡ ᠳᠤ ᠠᠳᠤᠭᠤᠨ ᠤ ᠬᠡᠶᠢᠮᠦᠷᠢ ᠶᠢ ᠳᠡᠭᠳᠡᠭᠡᠵᠦ᠂ ᠬᠤᠶᠠᠷ ᠲᠤ ᠮᠤᠷᠢ ᠤᠷᠭᠠᠯᠠᠵᠤ ᠪᠠᠷᠢᠬᠤ ᠳᠤ ᠤᠷᠭᠠᠨ ᠤ ᠬᠤᠶᠢᠪᠢ ᠤᠷᠭᠠᠨ ᠤ ᠦᠵᠦᠭᠦᠷ ᠢ ᠤᠷᠢᠶᠠᠵᠤ ᠡᠭᠡᠳᠡᠷᠡᠬᠦ ᠦᠭᠡᠢ᠂ ᠮᠤᠷᠢ ᠪᠠᠷᠢᠬᠤ ᠳᠤ ᠲᠦᠭᠦᠮ ᠪᠠᠶᠢᠳᠠᠭ᠃ ᠤᠷᠭᠠᠨ ᠤ ᠬᠤᠶᠢᠪᠢ ᠶᠢᠨ ᠦᠭᠡᠷ ᠤᠨ ᠠᠷᠠᠰᠤᠨ ᠰᠤᠷ ᠢ ᠨᠠᠷᠢᠨ ᠵᠦᠰᠦᠵᠦ᠂ ᠬᠤᠶᠠᠷ ᠮᠦᠰᠦᠮ ᠢᠶᠠᠷ ᠳᠠᠮᠤᠵᠤ ᠬᠢᠬᠦ ᠪᠦᠭᠡᠳ ᠳᠠᠩ ᠰᠤᠷ ᠢᠶᠠᠷ ᠬᠢᠭᠰᠡᠨ ᠴᠦ ᠪᠤᠢ᠃ ᠦᠬᠡᠷ ᠤᠨ ᠰᠢᠷᠪᠤᠰᠤ ᠶᠢ ᠴᠠᠭ᠎ᠠ ᠶᠢᠨ ᠱᠤᠤ ᠳᠤ ᠱᠤᠤᠯᠠᠵᠤ ᠪᠤᠯᠪᠠᠰᠤᠷᠠᠭᠤᠯᠤᠭᠠᠳ ᠭᠤᠷᠪᠠᠨ ᠮᠦᠰᠦᠮ  ᠢᠶᠠᠷ ᠮᠤᠰᠭᠢᠵᠤ ᠬᠢᠭᠰᠡᠨ ᠰᠢᠷᠪᠤᠰᠤᠨ ᠬᠤᠶᠢᠪᠢ ᠴᠦ ᠪᠤᠢ᠃ ᠬᠤᠳᠠᠯᠳᠤᠭ᠎ᠠ ᠶᠢᠨ ᠭᠤᠩᠰᠠᠨ ᠶᠤᠩᠬᠤᠷ ᠤᠨ ᠬᠤᠶᠢᠪᠢ ᠴᠦ ᠪᠤᠢ᠃ ᠤᠷᠭ᠎ᠠ ᠶᠢ ᠮᠤᠷᠢᠨ ᠳᠡᠭᠡᠷ᠎ᠡ ᠠᠪᠴᠤ ᠶᠠᠪᠤᠬᠤ ᠳᠠᠭᠠᠨ ᠴᠡᠭᠡᠵᠢᠨ ᠪᠡᠶ᠎ᠡ ᠶᠢᠨ ᠦᠵᠦᠭᠦᠷ ᠤᠷᠴᠢᠮ ᠠᠴᠠ ᠤᠶᠠᠵᠤ ᠳᠠᠯᠪᠢᠭᠰᠠᠨ ᠰᠤᠷ ᠭᠤᠭᠴᠤᠭ᠎ᠠ ᠠᠴᠠ ᠲᠤᠬᠤᠶᠢᠯᠠᠵᠤ ᠴᠢᠷᠴᠦ ᠶᠠᠪᠤᠳᠠᠭ᠃ ᠡᠨᠡ ᠬᠤᠭᠤᠴᠠᠭ᠎ᠠ ᠶᠢ ᠤᠷᠭᠠᠨ  ᠤ ᠲᠤᠬᠤᠪᠴᠢ ᠭᠡᠨ᠎ᠡ᠃ ᠤᠷᠭ᠎ᠠ ᠶᠢ ᠲᠤᠤᠷ᠎ᠠ ᠬᠠᠶᠠᠵᠤ ᠳᠡᠭᠡᠭᠦᠷ ᠨᠢ ᠠᠯᠬᠤᠵᠤ ᠭᠢᠰᠭᠢᠬᠦ ᠶᠢ ᠴᠡᠭᠡᠷᠯᠡᠨ᠎ᠡ᠃ ᠡᠷᠬᠡᠪᠰᠢ ᠤᠷᠭ᠎ᠠ ᠳᠠᠯᠪᠢᠬᠤ ᠪᠠᠷ ᠪᠡᠯᠡᠳᠬᠡᠵᠦ ᠭᠡᠷ ᠤᠨ ᠪᠠᠷᠠᠭᠤᠨ ᠳᠠᠯ᠎ᠠ ᠳᠤ ᠪᠤᠯᠠᠵᠤ ᠳᠠᠯᠪᠢᠭᠰᠠᠨ ᠰᠠᠯᠠᠭ᠎ᠠ ᠲᠠᠢ ᠮᠤᠳᠤᠨ ᠤ ᠰᠠᠯᠠᠭᠠᠨ ᠳᠤ ᠤᠨᠤᠭᠤᠯᠤᠨ ᠲᠦᠰᠢᠭᠦᠯᠵᠦ ᠳᠠᠯᠪᠢᠬᠤ ᠪᠤᠶᠤ ᠮᠤᠩᠭᠤᠯ ᠬᠡᠷ ᠤᠨ ᠬᠠᠭᠠᠯᠭ᠎ᠠ ᠶᠢᠨ ᠪᠠᠷᠠᠭᠤᠨ ᠳᠠᠯ᠎ᠠ ᠶᠢᠨ ᠬᠠᠨ᠎ᠠ ᠤᠨᠢ ᠶᠢ ᠲᠦᠰᠢᠭᠦᠯᠦᠨ ᠳᠠᠯᠪᠢᠬᠤ ᠪᠠ ᠭᠡᠷ ᠤᠨ ᠪᠠᠷᠠᠭᠤᠨ ᠳᠠᠯ ᠳᠤ ᠨᠠᠶᠢᠷᠠᠭᠤᠯᠤᠨ ᠰᠤᠭᠰᠤᠷᠴᠤ ᠳᠠᠯᠪᠢᠭᠰᠠᠨ ᠮᠤᠳᠤᠨ ᠳᠡᠷᠭᠡᠨ ᠳᠡᠭᠡᠷ᠎ᠡ ᠳᠠᠯᠪᠢᠬᠤ ᠬᠡᠷᠡᠭᠲᠠᠢ᠃      ᠮᠤᠩᠭᠤᠯ ᠬᠦᠮᠦᠨ ᠤ ᠤᠷᠭ᠎ᠠ ᠪᠤᠯ ᠤᠨᠴᠠᠭᠠᠢ ᠨᠢᠭᠡᠨ ᠵᠦᠢᠯ ᠤᠨ ᠵᠡᠪᠰᠡᠭ ᠮᠦᠨ᠃ ᠮᠤᠷᠢ ᠤᠷᠭᠠᠯᠠᠬᠤ ᠪᠠᠷ ᠪᠠᠷᠠᠬᠤ ᠦᠭᠡᠢ᠂ ᠬᠤᠨᠢ ᠬᠤᠷᠠᠭ᠎ᠠ ᠤᠷᠭᠠᠯᠠᠵᠤ ᠪᠠᠷᠢᠳᠠᠭ᠂ ᠮᠠᠯ ᠢᠶᠠᠨ ᠬᠦᠭᠡᠭᠡᠵᠦ᠂ ᠬᠤᠷᠢᠶᠠᠵᠤ ᠬᠤᠳᠠᠯᠠᠬᠤ ᠳᠠᠭᠠᠨ ᠰᠤᠷ ᠬᠤᠶᠢᠪᠢ ᠪᠠᠷ ᠰᠢᠪᠠᠳᠠᠨ ᠭᠤᠶᠠᠳᠠᠵᠤ ᠠᠶᠤᠯᠭᠠᠳᠠᠭ᠃      ᠦᠩᠭᠡᠷᠡᠭᠰᠡᠨ ᠤ ᠦᠯᠢᠭᠡᠷ ᠳᠡᠦᠭᠡᠨ ᠳᠤ ᠳᠠᠶᠢᠨ ᠪᠠᠶᠢᠯᠳᠤᠭᠠᠨ ᠳᠤ ᠬᠡᠷᠡᠭᠯᠡᠵᠦ ᠪᠠᠶᠢᠪᠠ᠃ ᠵᠢᠱᠢᠶᠡᠯᠡᠪᠡᠯ᠂ ᠳᠠᠩ ᠤᠯᠤᠰ ᠤᠨ ᠳᠠᠪᠤᠨ ᠵᠤᠸᠠᠨ ᠤ ᠱᠠᠩ ᠶᠤᠤ ᠵᠤᠸᠠᠨ ᠤ ᠦᠯᠢᠭᠡᠷ ᠲᠤ ᠬᠠᠨ ᠰᠦᠩ ᠸᠠᠩ᠂ ᠯᠢ ᠺᠦᠨ ᠤ ᠳᠠᠭᠠᠭᠤᠯᠤᠭᠰᠠᠨ ᠮᠤᠩᠭᠤᠯ ᠴᠡᠷᠢᠭ ᠤᠨ ᠠᠯᠳᠠᠨᠰᠦ᠋ᠬᠡ᠂ ᠦᠷᠭᠦᠦ᠂ ᠵᠦᠷᠭᠦᠦ ᠨᠠᠷ ᠤᠷᠭ᠎ᠠ ᠪᠢᠷᠠᠭᠤ ᠬᠡᠷᠡᠭᠯᠡᠭᠰᠡᠨ ᠴᠡᠷᠢᠭ ᠢᠶᠠᠷ ᠪᠠᠷᠠᠭᠤᠨ ᠶᠠᠨ ᠤᠯᠤᠰ ᠤᠨ ᠨᠡᠷᠡᠳᠦ ᠵᠠᠩᠵᠤᠨ ᠮᠠ ᠬᠤᠩ ᠪᠤᠤ ᠶᠢᠨ ᠴᠡᠷᠢᠭ ᠢ ᠬᠠᠭᠠᠵᠤ ᠪᠠᠶᠢᠯᠳᠤᠭᠠᠳ ᠵᠠᠩᠵᠤᠨ ᠴᠡᠷᠢᠭ ᠢ ᠪᠦᠬᠦᠨ ᠢ ᠠᠮᠢᠳᠤ ᠪᠠᠷ ᠪᠠᠷᠢᠪᠠ᠃ ᠪᠠᠰᠠ ᠮᠠᠯ ᠠᠷᠢᠶᠠᠳᠠᠨ ᠢ ᠪᠠᠷᠢᠵᠤ ᠢᠳᠡᠭᠰᠡᠨ ᠴᠠᠳᠬᠤᠯᠠᠩ ᠴᠢᠨ᠋ᠸ᠎ᠠ ᠶᠢ ᠮᠤᠷᠢ ᠪᠠᠷ ᠳᠠᠭᠤᠵᠤ ᠤᠷᠭᠠᠯᠠᠵᠤ ᠠᠪᠤᠭᠠᠳ ᠭᠡᠳᠡᠷᠭᠦ ᠪᠤᠴᠠᠨ ᠳᠤᠪᠳᠤᠯᠵᠤ ᠪᠤᠭᠤᠮᠢᠯᠠᠵᠤ ᠠᠯᠠᠳᠠᠭ ᠦᠯᠢᠭᠡᠷ ᠮᠠᠯᠵᠢᠬᠤ ᠤᠷᠤᠨ ᠳᠤ ᠦᠷᠭᠦᠯᠵᠢ ᠭᠠᠷᠳᠠᠭ᠃ ᠴᠠᠳᠬᠤᠯᠠᠩ ᠴᠢᠨ᠋ᠸ᠎ᠠ ᠶᠢ ᠮᠤᠷᠢ ᠪᠠᠷ ᠳᠠᠭᠤᠬᠤ  ᠳᠠᠭᠠᠨ ᠦᠪᠡᠷ ᠤᠨ ᠬᠦᠵᠦᠭᠦᠦ ᠪᠠᠨ ᠠᠯᠴᠢᠭᠤᠷ ᠢᠶᠠᠷ ᠴᠢᠩᠭ᠎ᠠ ᠤᠷᠢᠶᠠᠵᠤ ᠤᠶᠠᠬᠤ ᠬᠡᠷᠡᠭᠲᠠᠢ᠃ ᠳᠡᠶᠢᠮᠦ ᠦᠭᠡᠢ ᠪᠤᠯ ᠬᠤᠯᠵᠢᠨ ᠴᠢᠨ᠋ᠸ᠎ᠠ ᠢᠳᠡᠭᠰᠡᠨ ᠮᠢᠬ᠎ᠠ ᠪᠠᠨ ᠪᠦᠬᠦᠨ ᠢ ᠪᠦᠭᠡᠯᠵᠢᠵᠦ ᠭᠠᠷᠭᠠᠭᠠᠳ ᠪᠡᠶ᠎ᠡ ᠭᠦᠩᠭᠡᠨ ᠢᠶᠠᠷ ᠳᠤᠳᠠᠭᠠᠨ ᠵᠢᠭᠤᠳᠠᠳᠠᠭ ᠪᠠᠶᠢᠨ᠎ᠠ᠃ ᠬᠦᠵᠦᠭᠦᠦ ᠪᠠᠨ ᠠᠯᠴᠢᠭᠤᠷ ᠢᠶᠠᠷ ᠪᠤᠭᠤᠪᠠᠯ ᠴᠢᠨ᠋ᠸ᠎ᠠ ᠢᠳᠡᠭᠰᠡᠨ ᠮᠢᠬ᠎ᠠ ᠪᠠᠨ ᠪᠦᠭᠡᠯᠵᠢᠵᠦ ᠴᠢᠳᠠᠬᠤ ᠦᠭᠡᠢ ᠭᠡᠳᠡᠰᠦ ᠴᠠᠳᠬᠤᠯᠠᠩ ᠤᠴᠢᠷ ᠠᠴᠠ ᠮᠤᠷᠢ ᠲᠠᠢ ᠬᠦᠮᠦᠨ ᠳᠤ ᠠᠮᠠᠷᠬᠠᠨ ᠭᠦᠢᠴᠡᠭᠳᠡᠵᠦ ᠤᠷᠭ᠎ᠠ  ᠪᠠᠷ ᠤᠷᠭᠠᠯᠠᠵᠤ ᠴᠢᠷᠴᠦ ᠠᠯᠠᠳᠠᠭ ᠪᠠᠶᠢᠨ᠎ᠠ᠃      ᠤᠳᠤᠷᠯᠠᠨ ᠨᠡᠭᠦᠵᠦ ᠪᠠᠭᠤᠬᠤ ᠳᠠᠭᠠᠨ ᠵᠤᠨ ᠨᠠᠮᠤᠷ ᠤᠨ ᠤᠯᠠᠷᠢᠯ ᠳᠤ ᠨᠢᠭᠡ ᠪᠠᠭᠤᠴᠠᠨ ᠳᠡᠭᠡᠷ᠎ᠡ ᠭᠤᠷᠪᠠᠨ ᠭᠠᠷ᠎ᠠ ᠠᠴᠠ ᠢᠯᠡᠭᠦᠦ ᠰᠠᠭᠤᠳᠠᠭ ᠦᠭᠡᠢ ᠨᠡᠭᠦᠵᠦ ᠶᠠᠪᠤᠳᠠᠭ᠂ ᠨᠡᠭᠦᠵᠦ ᠶᠠᠪᠤᠬᠤ ᠳᠠᠭᠠᠨ ᠮᠤᠷᠢᠨ ᠪᠤᠯᠠᠭ᠎ᠠ᠂ ᠲᠤᠭᠤᠯ  ᠤᠨ ᠪᠠ ᠶᠢᠨ ᠪᠤᠯᠠᠭ᠎ᠠ ᠪᠤᠯᠭᠠᠭᠰᠠᠨ ᠨᠦᠬᠡ ᠪᠠᠨ ᠪᠦᠷ ᠪᠦᠭᠯᠡᠵᠦ ᠳᠠᠯᠪᠢᠳᠠᠭ ᠤᠴᠢᠷ ᠠᠴᠠ ᠤᠷᠴᠢᠨ ᠠᠬᠤᠢ᠂ ᠭᠠᠵᠠᠷ ᠤᠨ ᠬᠦᠷᠦᠰᠦ ᠡᠪᠳᠡᠭᠳᠡᠬᠦ ᠦᠭᠡᠢ ᠭᠤᠷᠪᠠᠨ ᠭᠠᠷᠠᠭ ᠤᠨ ᠳᠠᠷᠠᠭ᠎ᠠ ᠳᠠᠬᠢᠨ ᠡᠨᠡ ᠨᠤᠳᠤᠭ ᠳᠡᠭᠡᠷ᠎ᠡ ᠪᠠᠨ ᠢᠷᠡᠬᠦ ᠳᠤ ᠡᠷᠡᠭᠦᠯ ᠭᠠᠵᠠᠷ ᠠᠳᠠᠯᠢ ᠡᠪᠡᠰᠦ ᠨᠤᠭᠤᠭ᠎ᠠ ᠤᠷᠭᠤᠳᠠᠭ ᠪᠠᠶᠢᠨ᠎ᠠ᠃         ᠡᠪᠴᠢᠭᠦᠴᠢᠨ · ᠳᠣᠨᠤᠷᠤᠪ ᠤᠨ ︽ᠠᠷᠣ ᠬᠤᠷᠴᠢᠨ ᠨᠤᠲᠤᠭ ᠤᠨ ᠤᠯᠠᠮᠵᠢᠯᠠᠯᠲᠤ ᠰᠣᠶᠣᠯ︾ ᠭᠡᠬᠦ         ᠨᠣᠮ ᠠᠴᠠ ᠰᠤᠩᠭᠤᠪᠠ  
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号