ᠭᠠᠴᠠᠭ᠎ᠠ ᠲᠤᠰᠬᠤᠨ ᠤ ︽ᠬᠤᠶᠠᠷ ᠵᠦᠪᠯᠡᠯ︾ ᠤᠨ ᠬᠤᠭᠤᠴᠠᠭ᠎ᠠ ᠰᠣᠯᠢᠬᠤ ᠰᠣᠩᠭᠤᠭᠤᠯᠢ ᠶᠢᠨ ᠲᠤᠬᠠᠢ ᠲᠤᠰᠬᠠᠢ ᠰᠣᠷᠪᠤᠯᠵᠢᠯᠠᠭ᠎ᠠ ︵ᠲᠠᠪᠤ︶
ᠨᠡᠶᠢᠲᠡᠯᠡᠭᠰᠡᠨ ᠴᠠᠭ᠄
2020/11/20
       ᠵᠣᠴᠢᠨ᠄ ᠠᠷᠤ ᠬᠤᠷᠴᠢᠨ ᠬᠤᠰᠢᠭᠤᠨ ᠤ ᠱᠤᠤ ᠪᠠᠯᠭᠠᠰᠤ ᠶᠢᠨ ᠨᠠᠮ ᠤᠨ ᠬᠤᠷᠢᠶᠠᠨ ᠤ ᠱᠦᠵᠢ ᠴᠢᠩ ᠯᠦᠩ        ᠰᠣᠷᠪᠣᠯᠵᠢᠯᠠᠭᠴᠢ᠄ ᠬᠤᠷᠳᠣᠨᠬᠦᠦ᠂ ᠦᠯᠵᠡᠶᠢᠬᠡᠰᠢᠭ
       ᠰᠣᠷᠪᠣᠯᠵᠢᠯᠠᠭᠴᠢ᠄ ᠰᠠᠶᠢᠨ ᠪᠠᠶᠢᠵᠠᠭᠠᠨ᠎ᠠ ᠦᠦ︖ ᠪᠦᠬᠦ ᠬᠤᠰᠢᠭᠤᠨ ᠤ ᠭᠠᠴᠠᠭ᠎ᠠ ᠲᠤᠰᠬᠤᠨ ᠤ ︽ᠬᠤᠶᠠᠷ ᠵᠦᠪᠯᠡᠯ︾ ᠤᠨ ᠬᠤᠭᠤᠴᠠᠭ᠎ᠠ ᠰᠣᠯᠢᠬᠤ ᠰᠣᠩᠭᠤᠭᠤᠯᠢ ᠶᠢᠨ ᠠᠵᠢᠯ ᠤᠨ ᠲᠤᠬᠠᠢ ᠲᠤᠰᠬᠠᠢ ᠰᠣᠷᠪᠣᠯᠵᠢᠯᠠᠭ᠎ᠠ ᠦᠷᠭᠦᠯᠵᠢᠯᠡᠵᠦ ᠪᠠᠶᠢᠨ᠎ᠠ᠃ ᠣᠳᠣ ᠮᠠᠨ ᠤ ᠰᠣᠷᠪᠣᠯᠵᠢᠯᠠᠭ᠎ᠠ ᠶᠢ ᠬᠦᠯᠢᠶᠡᠬᠦ ᠭᠡᠵᠦ ᠪᠠᠶᠢᠭ᠎ᠠ ᠪᠣᠯ ᠱᠣᠣ ᠪᠠᠯᠭᠠᠰᠤ ᠶᠢᠨ ᠨᠠᠮ ᠤᠨ ᠬᠤᠷᠢᠶᠠᠨ ᠤ ᠴᠢᠩ ᠯᠦᠩ ᠱᠦᠵᠢ ᠪᠣᠯᠣᠨ᠎ᠠ᠃ ᠲᠠ ᠰᠠᠶᠢᠨ ᠪᠠᠶᠢᠨ᠎ᠠ ᠦᠦ︖        ᠴᠢᠩ ᠯᠦᠩ ᠱᠦᠵᠢ᠄ ᠰᠠᠶᠢᠨ ᠪᠠᠶᠢᠨ᠎ᠠ ᠦᠦ︖        ᠰᠣᠷᠪᠣᠯᠵᠢᠯᠠᠭᠴᠢ᠄ ᠲᠠ ᠱᠤᠤ ᠪᠠᠯᠭᠠᠰᠤᠨ ᠤ ᠭᠠᠴᠠᠭ᠎ᠠ ᠲᠤᠰᠬᠤᠨ ᠤ ︽ᠬᠤᠶᠠᠷ ᠵᠦᠪᠯᠡᠯ︾ ᠤᠨ ᠬᠤᠭᠤᠴᠠᠭ᠎ᠠ ᠰᠣᠯᠢᠬᠤ ᠠᠵᠢᠯ ᠤᠨ ᠪᠡᠯᠡᠳᠬᠡᠯ ᠠᠵᠢᠯ ᠤᠨ ᠲᠤᠬᠠᠢ ᠶᠠᠷᠢᠭᠠᠳ ᠦᠭᠭᠦᠨ᠎ᠡ ᠦᠦ︖        ᠴᠢᠩ ᠯᠦᠩ ᠱᠦᠵᠢ᠄ ᠮᠠᠨ ᠤ ᠱᠤᠤ ᠪᠠᠯᠭᠠᠰᠤ ᠨᠢ 23 ᠭᠠᠴᠠᠭ᠎ᠠ ᠲᠤᠰᠬᠤᠨ᠂ 1 ᠨᠡᠶᠢᠭᠡᠮ ᠲᠤᠭᠤᠷᠢᠭ  ᠲᠠᠢ᠂ ᠭᠠᠴᠠᠭ᠎ᠠ ᠲᠤᠰᠬᠤᠨ ᠤ ︽ᠬᠤᠶᠠᠷ ᠵᠦᠪᠯᠡᠯ︾ ᠤᠨ ᠬᠤᠭᠤᠴᠠᠭ᠎ᠠ ᠰᠣᠯᠢᠬᠤ ᠰᠣᠩᠭᠤᠭᠤᠯᠢ ᠶᠢᠨ ᠠᠵᠢᠯ ᠤᠨ ᠭᠤᠷᠪᠠᠨ ᠵᠦᠢᠯ ᠤᠨ ᠠᠵᠢᠯ ᠢ ᠵᠠᠭᠤᠨ ᠤ ᠵᠠᠭᠤ ᠪᠠᠷ ᠪᠡᠶᠡᠯᠡᠭᠦᠯᠬᠦ ᠳᠡᠭᠡᠳᠦ ᠱᠠᠲᠤᠨ ᠤ ᠨᠠᠮ ᠤᠨ ᠬᠤᠷᠢᠶᠠᠨ ᠤ ᠱᠠᠭᠠᠷᠳᠠᠯᠭ᠎ᠠ ᠶᠢᠨ ᠲᠣᠭᠤᠷᠢᠨ ᠳᠤ ᠮᠠᠨ ᠤ ᠱᠣᠣ ᠪᠠᠯᠭᠠᠰᠣᠨ ᠤ ᠨᠠᠮ ᠤᠨ ᠬᠤᠷᠢᠶ᠎ᠠ ᠨᠢ ᠲᠤᠰ ᠠᠵᠢᠯ ᠢᠶᠠᠨ ᠭᠤᠣᠯᠴᠢᠯᠠᠨ ᠠᠳᠬᠤᠵᠤ ᠨᠢᠮᠪᠠᠢ ᠪᠠᠶᠢᠷᠢᠯᠠᠭᠤᠯᠵᠤ᠂ ᠡᠯ᠎ᠡ ᠵᠦᠢᠯ ᠤᠨ ᠵᠣᠬᠢᠶᠠᠨ ᠪᠠᠶᠢᠭᠤᠯᠤᠯᠲᠠ ᠪᠠᠨ ᠲᠡᠭᠦᠯᠳᠡᠷᠵᠢᠭᠦᠯᠦᠭᠰᠡᠨ ᠪᠠᠶᠢᠨ᠎ᠠ᠃ ᠲᠡᠭᠡᠪᠡᠯ ᠳᠡᠭᠡᠳᠦ ᠱᠠᠲᠣᠨ ᠤ ᠱᠠᠭᠠᠷᠳᠠᠯᠭ᠎ᠠ ᠶᠣᠰᠤᠭᠠᠷ ᠰᠣᠩᠭᠤᠭᠤᠯᠢ ᠠᠴᠠ ᠡᠮᠦᠨᠡᠬᠢ ᠪᠡᠯᠡᠳᠬᠡᠯ ᠠᠵᠢᠯ ᠤᠨ ᠲᠠᠯ᠎ᠠ ᠪᠠᠷ ᠭᠤᠣᠯᠳᠠᠭᠤ ᠬᠤᠰᠢᠭᠤᠨ ᠤ ᠳᠠᠭᠠᠭᠠᠨ ᠬᠠᠷᠢᠭᠤᠴᠠᠭᠰᠠᠨ ᠣᠳᠣᠷᠢᠳᠣᠯᠭ᠎ᠠ ᠂ ᠨᠠᠮ ᠤᠨ ᠬᠤᠷᠢᠶ᠎ᠠ ᠵᠠᠰᠠᠭ ᠤᠨ ᠣᠷᠳᠣᠨ ᠤ ᠭᠤᠤᠯ ᠬᠠᠷᠢᠭᠤᠴᠠᠯᠭᠠᠲᠠᠨ ᠢᠶᠠᠷ ᠳᠣᠭᠤᠶᠢᠯᠠᠩ ᠤᠨ ᠳᠠᠷᠤᠭ᠎ᠠ ᠪᠣᠯᠭᠠᠭᠰᠠᠨ ᠬᠠᠷᠢᠴᠠᠬᠤ ᠨᠢᠭᠡᠴᠡ ᠶᠢᠨ ᠠᠵᠢᠯᠯᠠᠬᠤ ᠳᠣᠭᠤᠶᠢᠯᠠᠩ ᠢ ᠪᠠᠶᠢᠭᠤᠯᠵᠤ᠂ ᠮᠦᠨ ᠰᠣᠩᠭᠤᠭᠤᠯᠢ ᠠᠴᠠ ᠡᠮᠦᠨᠡᠬᠢ ᠪᠡᠯᠡᠳᠬᠡᠯ ᠠᠵᠢᠯ ᠤᠨ ᠪᠠᠶᠢᠴᠠᠭᠠᠨ ᠰᠣᠳᠣᠯᠬᠤ ᠠᠵᠢᠯ ᠤᠨ ᠲᠤᠰᠬᠠᠢ ᠳᠤᠭᠤᠶᠢᠯᠠᠩ ᠢ ᠵᠣᠬᠢᠶᠠᠨ ᠪᠠᠶᠢᠭᠤᠯᠵᠤ᠂ 10 ᠰᠠᠷ᠎ᠠ ᠶᠢᠨ 15 ᠤ ᠦᠶ᠎ᠡ ᠪᠠᠷ ᠮᠠᠨ ᠤ ᠪᠠᠯᠭᠠᠰᠤ ᠶᠢᠨ ᠬᠤᠰᠢᠭᠤ ᠪᠠᠯᠭᠠᠰᠤ ᠭᠠᠴᠠᠭ᠎ᠠ ᠭᠤᠷᠪᠠᠨ ᠱᠠᠲᠣᠨ ᠤ ᠺᠠᠳ᠋ᠷ ᠣᠷᠣᠯᠴᠠᠭᠰᠠᠨ ᠳᠠᠶᠢᠴᠢᠯᠠᠯᠲᠠ ᠶᠢᠨ ᠬᠤᠷᠠᠯ ᠢ ᠬᠤᠷᠠᠯᠳᠤᠭᠤᠯᠤᠭᠰᠠᠨ ᠪᠠᠶᠢᠨ᠎ᠠ᠃ ᠲᠡᠭᠡᠪᠡᠯ ᠰᠣᠩᠭᠤᠭᠤᠯᠢ ᠶᠢᠨ ᠠᠵᠢᠯ ᠤᠨ ᠪᠡᠯᠡᠳᠬᠡᠯ ᠠᠵᠢᠯ ᠤᠨ ᠲᠠᠯ᠎ᠠ ᠪᠠᠷ ᠮᠠᠨᠤᠰ ᠭᠤᠣᠯᠳᠠᠭᠤ ᠤᠬᠠᠭᠤᠯᠬᠤ᠂ ᠠᠰᠠᠭᠤᠳᠠᠯ ᠢ ᠵᠠᠳᠠᠯᠣᠨ ᠰᠣᠳᠣᠯᠵᠣ ᠪᠠᠶᠢᠴᠠᠭᠠᠬᠤ᠂ ᠠᠰᠠᠭᠤᠳᠠᠯ ᠢ ᠰᠢᠢᠳᠪᠦᠷᠢᠯᠡᠬᠦ ᠡᠳᠡᠭᠡᠷ ᠵᠦᠢᠯ ᠢ ᠨᠢᠭᠲᠠ ᠤᠶᠠᠯᠳᠣᠭᠤᠯᠵᠣ᠂ ᠡᠮᠦᠨᠡᠬᠢ ᠪᠡᠯᠡᠳᠬᠡᠯ ᠠᠵᠢᠯ ᠢᠶᠠᠨ ᠡᠷᠴᠢᠮᠲᠡᠢ ᠰᠢᠯᠤᠭᠤᠳᠬᠠᠵᠤ ᠢᠷᠡᠵᠡᠢ᠃ ᠮᠠᠨ ᠤ ᠱᠤᠤ ᠪᠠᠯᠭᠠᠰᠤ ᠶᠢᠨ 23 ᠭᠠᠴᠠᠭ᠎ᠠ ᠲᠤᠰᠬᠤᠨ᠂ 1 ᠨᠡᠶᠢᠭᠡᠮ ᠲᠣᠭᠤᠷᠢᠭ ᠤᠨ ᠬᠦᠷᠢᠶ᠎ᠡ ᠬᠡᠪᠴᠢᠶᠡᠨ ᠳᠤ ᠪᠢᠳᠡ ᠭᠤᠤᠯᠳᠠᠭᠤ ᠤᠬᠠᠭᠤᠯᠭ᠎ᠠ ᠶᠢᠨ ᠬᠠᠭᠤᠳᠠᠰᠤ ᠲᠠᠷᠬᠠᠭᠠᠬᠤ᠂ ᠸᠢᠴᠠᠲ ᠬᠤᠯᠪᠣᠭ᠎ᠠ᠂ ᠰᠠᠭᠤᠳᠠᠯ ᠤᠨ ᠬᠤᠷᠠᠯ ᠬᠤᠷᠠᠯᠳᠣᠭᠤᠯᠬᠤ᠂ ᠡᠷᠦᠬᠡ ᠪᠠᠷ ᠲᠣᠭᠤᠷᠢᠵᠣ ᠣᠯᠠᠨ ᠲᠦᠮᠡᠨ ᠤ ᠰᠠᠨᠠᠯ ᠢ ᠬᠤᠷᠢᠶᠠᠬᠤ ᠡᠳᠡᠭᠡᠷ ᠵᠦᠢᠯ ᠤᠨ ᠠᠷᠭ᠎ᠠ ᠬᠡᠯᠪᠡᠷᠢ ᠪᠠᠷ ᠤᠬᠠᠭᠤᠯᠬᠤ ᠶᠢᠨ ᠬᠠᠮᠲᠤ ᠮᠠᠨᠣᠰ ᠭᠤᠤᠯᠳᠠᠭᠤ ᠰᠣᠩᠭᠤᠭᠤᠯᠢ ᠶᠢᠨ ᠪᠡᠯᠡᠳᠬᠡᠯ ᠬᠤᠭᠤᠴᠠᠭᠠᠨ ᠤ ᠵᠢᠱᠢᠭᠳᠡᠭᠴᠢ ᠶᠢᠨ ᠪᠡᠯᠡᠳᠬᠡᠯ ᠵᠢᠱᠢᠭᠳᠡᠭᠴᠢ ᠶᠢ ᠶᠠᠷᠢᠯᠴᠠᠨ ᠵᠢᠱᠢᠵᠦ ᠭᠠᠷᠭᠠᠬᠤ ᠡᠨᠡ ᠠᠵᠢᠯ ᠢᠶᠠᠨ ᠡᠷᠴᠢᠮᠲᠡᠢ ᠰᠠᠶᠢᠬᠠᠨ ᠶᠠᠪᠤᠭᠳᠠᠭᠤᠯᠵᠠᠢ᠃ ᠳᠡᠭᠡᠪᠡᠯ ᠡᠳᠡᠭᠡᠷ ᠠᠵᠢᠯ ᠤᠨ ᠳᠣᠮᠳᠠ ᠣᠣᠯ ᠨᠢ ᠮᠠᠨ ᠤ ᠡᠮᠦᠨᠡᠬᠢ ᠠᠷᠪᠠᠨ ᠬᠤᠭᠤᠴᠠᠭᠠᠨ ᠤ ᠭᠠᠴᠠᠭ᠎ᠠ ᠲᠤᠰᠬᠤᠨ ᠤ ︽ᠬᠤᠶᠠᠷ ᠵᠦᠪᠯᠡᠯ︾ ᠤᠨ ᠬᠤᠭᠤᠴᠠᠭ᠎ᠠ ᠰᠣᠯᠢᠬᠤ ᠠᠵᠢᠯ ᠲᠤᠰ ᠤᠳᠠᠭᠠᠨ ᠤ 2021 ᠣᠨ ᠳᠤ ᠪᠣᠯᠬᠤ ᠭᠡᠵᠦ ᠪᠠᠶᠢᠭ᠎ᠠ ᠠᠷᠪᠠᠨ ᠨᠢᠭᠡᠳᠦᠭᠡᠷ ᠬᠤᠭᠤᠴᠠᠭᠠᠨ ᠤ ᠬᠤᠭᠤᠴᠠᠭ᠎ᠠ ᠰᠣᠯᠢᠬᠤ ᠠᠵᠢᠯ ᠲᠠᠢ ᠪᠠᠨ ᠠᠳᠠᠯᠢ ᠦᠭᠡᠢ ᠲᠠᠯ᠎ᠠ ᠨᠢ ᠭᠡᠪᠡᠯ ᠬᠤᠭᠤᠴᠠᠭ᠎ᠠ ᠡᠭᠦᠷᠭᠡᠯᠡᠬᠦ ᠴᠠᠭ ᠤᠨ ᠲᠠᠯ᠎ᠠ ᠪᠠᠷ ᠲᠠᠪᠤᠨ ᠵᠢᠯ ᠪᠤᠯᠵᠤ ᠤᠷᠲᠤᠳᠬᠠᠭᠰᠠᠨ ᠪᠠᠶᠢᠨ᠎ᠠ᠂ ᠡᠶᠢᠮᠦ ᠠᠴᠠ ᠪᠠᠨ ᠡᠨᠡ ᠲᠠᠯ᠎ᠠ ᠪᠠᠷ ᠮᠠᠨᠣᠰ ᠮᠠᠯᠴᠢᠨ ᠲᠦᠮᠡᠨ ᠨᠠᠮ ᠤᠨ ᠭᠡᠰᠢᠭᠦᠨ ᠣᠯᠠᠨ ᠲᠦᠮᠡᠨ ᠳᠤ ᠢᠯᠡᠭᠦᠬᠡᠨ ᠤᠬᠠᠭᠤᠯᠬᠤ ᠴᠢᠬᠤᠯᠠᠲᠠᠢ᠃ ᠣᠳᠣ ᠨᠢᠭᠡ ᠨᠢ ᠲᠠᠪᠤᠨ ᠵᠢᠯ ᠤᠨ ᠬᠤᠭᠤᠴᠠᠭ᠎ᠠ ᠪᠣᠯᠣᠭᠰᠠᠨ ᠣᠴᠢᠷ ᠠᠴᠠ ᠰᠣᠩᠭᠤᠭᠤᠯᠢ ᠶᠢᠨ ᠬᠤᠭᠤᠴᠠᠭᠠᠨ ᠳᠤ ᠰᠣᠩᠭᠤᠭᠤᠯᠢ ᠳᠤ ᠦᠷᠢᠰᠦᠯᠳᠦᠭᠡᠨ ᠳᠤ ᠣᠷᠣᠯᠴᠠᠬᠤ ᠵᠢᠱᠢᠭᠳᠡᠭᠴᠢ ᠪᠡᠯᠡᠳᠬᠡᠯ ᠬᠦᠮᠦᠰ ᠢ ᠶᠠᠭᠠᠬᠢᠵᠦ ᠨᠠᠮ ᠤᠨ ᠭᠡᠰᠢᠭᠦᠨ᠂ ᠡᠷᠦᠬᠡ ᠶᠢᠨ ᠲᠦᠯᠦᠭᠡᠯᠡᠭᠴᠢ᠂ ᠣᠯᠠᠨ ᠲᠦᠮᠡᠨ ᠳᠤ ᠲᠠᠨᠢᠯᠴᠠᠭᠤᠯᠵᠤ᠂ ᠠᠩᠬ᠎ᠠ ᠠᠯᠬᠤᠮ ᠵᠢᠱᠢᠭᠳᠡᠭᠴᠢ ᠪᠠᠨ ᠪᠡᠯᠡᠳᠬᠡᠨ᠂ ᠲᠤᠭᠲᠠᠵᠤ ᠭᠠᠷᠭᠠᠬᠤ ᠡᠨᠡ ᠠᠰᠠᠭᠤᠳᠠᠯ ᠪᠣᠯ ᠦᠩᠭᠡᠷᠡᠭᠰᠡᠨ ᠬᠤᠭᠤᠴᠠᠭᠠᠨ ᠤ ᠬᠢ ᠲᠠᠢ ᠪᠠᠨ ᠪᠠᠰᠠ ᠠᠳᠠᠯᠢ ᠦᠭᠡᠢ ᠪᠣᠯᠣᠭᠰᠠᠨ ᠪᠠᠶᠢᠨ᠎ᠠ᠃ ᠡᠨᠡ ᠨᠢ ᠶᠠᠭᠤ ᠶᠢ ᠬᠠᠷᠠᠭᠤᠯᠵᠣ ᠪᠠᠶᠢᠨ᠎ᠠ ᠪᠣᠢ ᠭᠡᠪᠡᠯ ᠳᠠᠷᠤᠢ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠮᠡᠳᠡᠭᠦᠯᠦᠯᠲᠡ ᠳᠡᠭᠡᠷ᠎ᠡ ᠨᠠᠮ ᠪᠣᠯ ᠠᠯᠢᠪᠠ ᠶᠢ ᠣᠳᠣᠷᠢᠳᠣᠨ᠎ᠠ᠂ ᠠᠯᠢᠪᠠ ᠠᠵᠢᠯ ᠳᠤ ᠨᠠᠮ ᠤᠨ ᠣᠳᠣᠷᠢᠳᠣᠯᠭ᠎ᠠ ᠶᠢ ᠦᠨᠡᠨᠬᠦ ᠴᠢᠩᠭᠠᠳᠬᠠᠬᠤ ᠬᠡᠷᠡᠭᠲᠡᠢ ᠭᠡᠰᠡᠨ ᠨᠢ ᠮᠠᠨ ᠤ ᠦᠨᠳᠦᠰᠦᠨ ᠱᠠᠲᠤᠨ ᠳᠤ ᠭᠦᠨᠵᠡᠭᠡᠶᠢᠷᠡᠵᠦ ᠪᠤᠳᠠᠲᠠᠶᠢᠵᠢᠵᠤ ᠪᠠᠶᠢᠭ᠎ᠠ ᠶᠢ ᠬᠠᠷᠠᠭᠤᠯᠵᠣ ᠪᠠᠶᠢᠨ᠎ᠠ᠃ ᠡᠨᠡ ᠨᠢᠭᠡ ᠠᠵᠢᠯ ᠢ᠂ ᠣᠯᠣᠰ ᠲᠥᠷᠥ ᠶᠢᠨ ᠡᠨᠡ ᠬᠦ ᠱᠠᠭᠠᠷᠳᠠᠯᠭ᠎ᠠ ᠶᠢ ᠮᠠᠨᠣᠰ ᠦᠷᠭᠡᠨ ᠣᠯᠠᠨ ᠨᠠᠮ ᠤᠨ ᠭᠡᠰᠢᠭᠦᠨ ᠪᠠ ᠣᠯᠠᠨ ᠲᠦᠮᠡᠨ ᠳᠡᠭᠡᠨ ᠦᠨᠡᠨᠬᠦ ᠮᠡᠳᠡᠷᠡᠭᠦᠯᠵᠦ᠂ ᠲᠡᠳᠡᠨᠤᠰ ᠤᠨ ᠦᠵᠡᠯᠲᠡ ᠲᠠᠨᠢᠯᠲᠠ ᠳᠤ ᠨᠢ ᠬᠤᠪᠢᠷᠠᠯᠲᠠ ᠭᠠᠷᠭᠠᠬᠤ ᠣᠴᠢᠷᠲᠡᠢ᠃ ᠢᠩᠭᠢᠬᠦ ᠪᠠᠷ ᠢᠶᠠᠨ ᠣᠳᠣᠬᠠᠨ ᠳᠤ ᠪᠢᠳᠡ ᠪᠠᠶᠢᠴᠠᠭᠠᠨ ᠰᠣᠳᠣᠯᠣᠯᠲᠠ ᠪᠠᠷ ᠳᠠᠮᠵᠢᠵᠤ ᠪᠠᠶᠢᠭᠠᠳ ᠬᠡᠰᠡᠭ ᠳᠠᠭᠠᠭᠠᠭᠰᠠᠨ ᠣᠳᠣᠷᠢᠳᠣᠯᠭ᠎ᠠ ᠨᠢᠭᠡ ᠤᠳᠠᠭ᠎ᠠ ᠠᠩᠬ᠎ᠠ ᠠᠯᠬᠤᠮ ᠤᠨ ᠪᠡᠯᠡᠳᠬᠡᠯ ᠵᠢᠱᠢᠭᠳᠡᠭᠰᠡᠳ ᠲᠠᠢ ᠶᠠᠷᠢᠯᠴᠠᠬᠤ᠂ ᠨᠠᠮ ᠤᠨ ᠬᠤᠷᠢᠶ᠎ᠠ ᠵᠠᠰᠠᠭ ᠤᠨ ᠣᠷᠳᠣᠨ ᠤ ᠭᠤᠤᠯ ᠬᠠᠷᠢᠭᠤᠴᠯᠠᠭᠠᠲᠠᠨ ᠦᠪᠡᠷ ᠤᠨ ᠪᠡᠶ᠎ᠡ ᠪᠠᠷ ᠢᠶᠠᠨ ᠭᠠᠴᠠᠭ᠎ᠠ ᠲᠤᠰᠬᠤᠨ ᠳᠤ ᠬᠦᠷᠴᠦ ᠨᠢᠭᠤᠷᠳᠡᠨ ᠠᠭᠤᠯᠵᠠᠵᠤ ᠲᠤᠰᠬᠠᠢ ᠶᠠᠷᠢᠯᠴᠠᠬᠤ ᠬᠤᠶᠠᠷ ᠣᠳᠠᠭᠠᠨ ᠤ ᠨᠡᠶᠢᠳᠡᠮ ᠶᠠᠷᠢᠯᠴᠠᠬᠤ ᠬᠡᠯᠪᠡᠷᠢ ᠪᠠᠷ ᠳᠠᠷᠣᠢ ᠬᠠᠭᠠᠰ ᠰᠠᠷ᠎ᠠ ᠰᠢᠬᠠᠮ ᠤᠨ ᠴᠠᠭ ᠢ ᠵᠠᠷᠤᠴᠠᠭᠤᠯᠵᠤ ᠪᠠᠶᠢᠭᠠᠳ ᠠᠩᠬ᠎ᠠ ᠠᠯᠬᠤᠮ ᠤᠨ ᠪᠡᠯᠡᠳᠬᠡᠯ ᠵᠢᠱᠢᠭᠳᠡᠭᠰᠡᠳ ᠢᠶᠠᠨ ᠲᠠᠨᠢᠯᠴᠠᠭᠤᠯᠤᠭᠠᠳ ᠭᠠᠷᠭᠠᠭᠰᠠᠨ ᠪᠠᠶᠢᠨ᠎ᠠ᠃        ᠡᠭᠦᠨ ᠤ ᠳᠣᠮᠳᠠ ᠮᠠᠨ ᠤ ᠬᠡᠰᠡᠭ ᠪᠦᠯᠦᠭ ᠨᠠᠮ ᠤᠨ ᠭᠡᠰᠢᠭᠦᠨ ᠪᠠ ᠦᠷᠭᠡᠨ ᠣᠯᠠᠨ ᠲᠦᠮᠡᠨ ᠬᠤᠶᠠᠷ ᠵᠦᠢᠯ ᠳᠡᠭᠡᠷ᠎ᠡ ᠮᠠᠳᠠᠭ ᠲᠠᠢ ᠪᠤᠶᠤ ᠤᠶᠢᠯᠠᠭᠠᠯᠲᠠ ᠲᠠᠨᠢᠯᠲᠠ ᠭᠦᠢᠴᠡᠳ ᠦᠭᠡᠢ ᠪᠠᠶᠢᠨ᠎ᠠ᠃ ᠳᠠᠷᠤᠢ ᠠᠩᠬ᠎ᠠ ᠠᠯᠬᠤᠮ ᠤᠨ ᠵᠢᠱᠢᠭᠳᠡᠭᠴᠢ ᠶᠢ ᠣᠷᠢᠳᠠᠪᠠᠷ ᠨᠠᠮ ᠤᠨ ᠭᠡᠰᠢᠭᠦᠨ ᠣᠯᠠᠨ ᠲᠦᠮᠡᠨ ᠤ ᠲᠦᠯᠦᠭᠡᠯᠡᠭᠴᠢ ᠲᠠᠨᠢᠯᠴᠠᠭᠤᠯᠵᠤ ᠪᠡᠯᠡᠳᠬᠡᠵᠦ ᠭᠠᠷᠭᠠᠬᠤ ᠦᠶᠡᠰ ᠲᠡᠳᠡᠨᠦᠰ ᠶᠠᠭᠤ ᠭᠡᠵᠦ ᠡᠭᠡᠳᠡᠷᠡᠵᠦ ᠪᠠᠶᠢᠭ᠎ᠠ ᠪᠣᠢ ᠭᠡᠪᠡᠯ ᠨᠠᠮ ᠤᠨ ᠡᠭᠦᠷ ᠤᠨ ᠱᠦᠵᠢ ᠂ ᠭᠠᠴᠠᠭᠠᠨ ᠵᠦᠪᠯᠡᠯ ᠤᠨ ᠡᠷᠬᠢᠯᠡᠭᠴᠢ ᠬᠤᠶᠠᠷ ᠡᠨᠡ ᠲᠤᠰᠢᠶᠠᠯ ᠢ ᠨᠢᠭᠡ ᠯᠡ ᠬᠦᠮᠦᠨ ᠳᠠᠪᠬᠤᠷ ᠬᠠᠷᠢᠭᠤᠴᠠᠬᠤ ᠪᠣᠯᠣᠭᠰᠠᠨ ᠡᠨᠡ ᠲᠠᠯ᠎ᠠ ᠪᠠᠷ ᠲᠠᠨᠢᠯᠲᠠ ᠶᠢᠨ ᠲᠠᠯ᠎ᠠ ᠪᠠᠷ ᠣᠶᠢᠯᠠᠭᠠᠯᠲᠠ ᠠᠨᠠᠢ ᠳᠤᠲᠠᠭᠤ ᠪᠠᠶᠢᠭ᠎ᠠ᠃ ᠣᠳᠣ ᠨᠢᠭᠡ ᠨᠢ᠂ ᠰᠣᠩᠭᠤᠭᠤᠯᠢ ᠶᠢᠨ ᠶᠠᠪᠤᠴᠠ ᠶᠢᠨ ᠲᠠᠯ᠎ᠠ ᠪᠠᠷ ᠬᠤᠪᠢᠷᠠᠯᠲᠠ ᠲᠠᠢ ᠪᠤᠯᠤᠭᠰᠠᠨ ᠡᠨᠡ ᠲᠠᠯ᠎ᠠ ᠪᠠᠷ ᠶᠠᠭᠤ ᠭᠡᠵᠦ ᠡᠭᠡᠳᠡᠷᠡᠵᠦ ᠪᠠᠶᠢᠭ᠎ᠠ ᠶᠠᠪᠤᠳᠠᠯ ᠭᠠᠷᠴᠤ ᠪᠠᠶᠢᠭ᠎ᠠ ᠪᠣᠢ ᠭᠡᠪᠡᠯ ᠣᠳᠣ ᠵᠣᠬᠢᠶᠠᠨ ᠪᠠᠶᠢᠭᠤᠯᠤᠯᠲᠠ ᠠᠴᠠ ᠰᠠᠨᠠᠭᠠᠴᠢᠯᠠᠭᠰᠠᠨ ᠠᠩᠬ᠎ᠠ ᠠᠯᠬᠤᠮ ᠤᠨ ᠪᠡᠯᠡᠳᠬᠡᠯ ᠵᠢᠱᠢᠭᠳᠡᠭᠴᠢ ᠨᠢ ᠮᠠᠨ ᠤ ᠣᠯᠠᠨ ᠲᠦᠮᠡᠨ ᠤ ᠰᠣᠩᠭᠤᠭᠤᠯᠢ ᠶᠢᠨ ᠡᠷᠬᠡ ᠲᠠᠢ ᠵᠦᠷᠢᠵᠦ ᠪᠠᠶᠢᠬᠤ ᠶᠤᠮ ᠪᠠ ᠭᠡᠰᠡᠨ ᠡᠳᠡᠭᠡᠷ ᠵᠦᠢᠯ ᠤᠨ ᠠᠳᠡᠭᠦᠦ ᠲᠠᠰᠢᠶᠠᠷᠠᠯ ᠡᠭᠦᠰᠴᠦ ᠪᠠᠶᠢᠭ᠎ᠠ᠂ ᠡᠨᠡ ᠬᠦ ᠪᠠᠶᠢᠳᠠᠯ ᠢ ᠮᠠᠨᠣᠰ ᠡᠷᠬᠡᠪᠰᠢ ᠭᠦᠨᠵᠡᠭᠡᠢ ᠵᠠᠳᠠᠯᠵᠤ᠂ ᠡᠨᠡ ᠬᠦ ᠪᠠᠶᠢᠳᠠᠯ ᠳᠤ ᠬᠠᠨᠳᠣᠭᠤᠯᠵᠣ ᠤᠬᠠᠭᠤᠯᠬᠤ ᠶᠢᠨ ᠬᠠᠮᠲᠤ ᠡᠳᠡᠭᠡᠷ ᠢ ᠭᠦᠨᠵᠡᠭᠡᠢ ᠨᠠᠷᠢᠨ ᠪᠤᠳᠠᠲᠠᠢ ᠲᠠᠶᠢᠯᠪᠤᠷᠢ ᠬᠢᠵᠦ ᠣᠶᠢᠯᠠᠭᠠᠭᠤᠯᠬᠤ ᠬᠡᠷᠡᠭᠲᠡᠢ᠃ ᠢᠩᠭᠢᠪᠡᠯ ᠬᠠᠮᠤᠭ ᠰᠡᠭᠦᠯ ᠳᠤ ᠨᠢ ᠨᠠᠮ ᠤᠨ ᠣᠳᠣᠷᠢᠳᠣᠯᠭ᠎ᠠ ᠶᠢ ᠪᠦᠬᠦ ᠲᠠᠯ᠎ᠠ ᠪᠠᠷ ᠴᠢᠩᠭᠠᠳᠬᠠᠵᠤ᠂ ︽ᠬᠤᠶᠠᠷ ᠵᠦᠪᠯᠡᠯ︾ ᠤᠨ ᠬᠤᠭᠤᠴᠠᠭ᠎ᠠ ᠰᠣᠯᠢᠬᠤ ᠰᠣᠩᠭᠤᠭᠤᠯᠢ ᠶᠢᠨ ᠡᠷᠴᠢᠮᠲᠡᠢ ᠰᠢᠯᠤᠭᠤᠳᠬᠠᠨ ᠶᠠᠪᠤᠭᠳᠠᠬᠤ ᠳᠤ ᠮᠠᠨ ᠤ ᠣᠯᠠᠨ ᠲᠦᠮᠡᠨ ᠤ ᠬᠦᠰᠡᠯ᠂ ᠵᠣᠬᠢᠶᠠᠨ ᠪᠠᠶᠢᠭᠤᠯᠤᠯᠲᠠ ᠶᠢᠨ ᠰᠠᠨᠠᠭᠠᠴᠢᠯᠠᠭ᠎ᠠ ᠡᠨᠡ ᠬᠤᠶᠠᠭᠤᠯᠠ ᠪᠠᠨ ᠦᠨᠡᠨᠬᠦ ᠤᠶᠠᠯᠳᠣᠵᠣ ᠨᠢᠭᠲᠠᠷᠠᠵᠤ᠂ ᠬᠠᠮᠤᠭ ᠤᠨ ᠡᠴᠦᠰ ᠲᠤ ᠪᠠᠨ ᠭᠤᠷᠪᠠᠨ ᠵᠦᠢᠯ ᠤᠨ ᠵᠠᠭᠤᠨ ᠤ ᠵᠠᠭᠤ ᠶᠢᠨ ᠬᠠᠷᠠᠯᠲᠠ ᠶᠢ ᠪᠡᠶᠡᠯᠡᠭᠦᠯᠵᠦ ᠳᠡᠶᠢᠯᠦᠨ᠎ᠡ᠃ ᠡᠶᠢᠮᠦ ᠠᠴᠠ ᠪᠠᠨ ᠮᠠᠨ ᠤ ᠣᠳᠣᠬᠠᠨ ᠳᠤ 23 ᠭᠠᠴᠠᠭ᠎ᠠ 1 ᠨᠡᠶᠢᠭᠡᠮ ᠲᠣᠭᠤᠷᠢᠭ ᠤᠨ ᠪᠡᠯᠡᠳᠬᠡᠯ ᠵᠢᠱᠢᠭᠳᠡᠭᠴᠢ ᠨᠡᠷᠡᠰ 120 ᠬᠦᠮᠦᠨ ᠭᠠᠷᠭᠠᠭᠠᠳ ᠪᠠᠶᠢᠭ᠎ᠠ᠂ ᠡᠳᠡᠭᠡᠷ ᠬᠦᠮᠦᠰ ᠲᠠᠢ ᠶᠠᠷᠢᠯᠴᠠᠭᠠᠳ ᠥᠨᠦ ᠶᠠᠭ ᠰᠠᠶᠢᠬᠠᠨ ᠬᠤᠰᠢᠭᠤ ᠬᠠᠮᠢᠶ᠎ᠠ ᠪᠦᠬᠦᠢ ᠪᠠᠶᠢᠭᠤᠯᠭ᠎ᠠ ᠨᠢᠭᠡᠴᠡ ᠶᠢᠨ ᠬᠠᠮᠲᠤᠷᠠᠭᠰᠠᠨ ᠬᠢᠨᠠᠨ ᠪᠠᠶᠢᠴᠠᠭᠠᠯᠲᠠ ᠶᠢᠨ ᠬᠤᠭᠤᠴᠠᠭᠠᠨ ᠳᠠᠭᠠᠨ ᠶᠠᠪᠤᠵᠤ ᠪᠠᠶᠢᠨ᠎ᠠ᠃ ᠡᠶᠢᠮᠦ ᠠᠴᠠ ᠮᠠᠨ ᠤ ᠡᠳᠡᠭᠡᠷ ᠵᠦᠢᠯ ᠤᠨ ᠠᠵᠢᠯ ᠨᠢ ᠪᠡᠯᠡᠳᠬᠡᠯ ᠠᠵᠢᠯ  ᠨᠢ ᠰᠣᠩᠭᠤᠭᠤᠯᠢ ᠶᠢᠨ ᠪᠦᠬᠦᠶᠢᠯᠡ ᠶᠠᠪᠤᠴᠠ ᠶᠢᠨ ᠣᠷᠣᠭᠰᠢᠲᠠᠢ ᠶᠠᠪᠤᠭᠳᠠᠬᠤ ᠳᠤ ᠰᠢᠢᠳᠪᠦᠷᠢᠯᠡᠬᠦ ᠵᠠᠩᠭᠢᠯᠠᠭ᠎ᠠ ᠶᠢᠨ ᠦᠢᠯᠡᠳᠦᠯ ᠭᠠᠷᠭᠠᠵᠤ ᠪᠠᠶᠢᠭ᠎ᠠ ᠶᠤᠮ᠃ ᠡᠶᠢᠮᠦ ᠠᠴᠠ ᠮᠠᠨ ᠤ ᠪᠡᠯᠡᠳᠬᠡᠯ ᠠᠵᠢᠯ ᠤᠨ ᠳᠣᠮᠳᠠ ᠭᠤᠣᠯ ᠨᠢ ᠣᠬᠠᠭᠤᠯᠭ᠎ᠠ ᠶᠢᠨ ᠠᠵᠢᠯ ᠢ ᠡᠷᠬᠡᠪᠰᠢ ᠡᠷᠴᠢᠮᠲᠠᠢ ᠰᠠᠶᠢᠬᠠᠨ ᠬᠢᠭᠡᠳ ᠡᠭᠦᠨ ᠤ ᠰᠠᠭᠤᠷᠢᠨ ᠳᠡᠭᠡᠷ᠎ᠡ ᠣᠳᠣ ᠬᠤᠶᠠᠷ ᠵᠦᠢᠯ ᠤᠨ ᠬᠤᠶᠠᠷ ᠰᠢᠨᠵᠢ ᠴᠢᠨᠠᠷ ᠲᠠᠢ ᠰᠣᠩᠭᠤᠭᠤᠯᠢ ᠶᠢᠨ ᠠᠵᠢᠯ ᠢᠶᠠᠨ ᠡᠬᠢᠯᠡᠭᠦᠯᠬᠦ ᠳᠤ ᠮᠠᠨᠣᠰ ᠪᠡᠯᠡᠬᠡᠨ ᠪᠣᠯᠤᠭᠠᠳ ᠪᠠᠶᠢᠨ᠎ᠠ᠃        ᠲᠡᠭᠡᠪᠡᠯ ᠪᠢᠳᠡ ᠳᠠᠷᠠᠭᠠᠴᠢ ᠶᠢᠨ ᠠᠵᠢᠯ ᠳᠤ ᠪᠠᠨ ᠭᠤᠣᠯᠳᠠᠭᠤ ᠬᠡᠰᠡᠭ ᠪᠦᠯᠦᠭ ᠮᠠᠯᠴᠢᠨ᠂ ᠬᠤᠪᠢ ᠬᠦᠮᠦᠨ ᠪᠣᠶᠣ ᠭᠡᠷ ᠪᠦᠯᠢ ᠠᠶᠢᠮᠠᠭ ᠲᠥᠷᠥᠯ ᠤᠨ ᠬᠡᠰᠡᠭ ᠪᠦᠯᠦᠭ ᠬᠦᠮᠦᠰ ᠤᠨ ᠠᠰᠢᠭ ᠲᠤᠰᠠ ᠶᠢ ᠲᠦᠯᠦᠭᠡᠯᠡᠭᠰᠡᠨ ᠡᠭᠦᠳᠡᠨ ᠠᠴᠠ ᠣᠳᠣᠬᠠᠨ ᠤ ᠦᠷᠢᠰᠦᠯᠳᠦᠭᠡᠨ ᠳᠤ ᠣᠷᠣᠯᠴᠠᠬᠤ ᠭᠡᠵᠦ ᠪᠠᠶᠢᠭ᠎ᠠ ᠬᠦᠮᠦᠰ ᠲᠤ ᠰᠠᠨᠠᠯ ᠲᠠᠢ ᠶᠤᠮ ᠦᠦ ᠡᠰᠡᠬᠦᠯ᠎ᠡ ᠡᠨᠡ ᠰᠣᠩᠭᠤᠭᠤᠯᠢ ᠳᠤ ᠰᠠᠨᠠᠯ ᠲᠠᠢ ᠶᠤᠮ ᠦᠦ ᠡᠳᠡᠭᠡᠷ ᠲᠤ ᠬᠠᠨᠳᠤᠭᠤᠯᠤᠭᠰᠠᠨ ᠳᠠᠷᠤᠢ ᠰᠣᠩᠭᠤᠭᠤᠯᠢ ᠳᠤ ᠵᠣᠷᠢᠭᠤᠯᠤᠭᠰᠠᠨ ᠬᠡᠯᠪᠡᠷᠢ ᠶᠢᠨ ᠵᠦᠷᠢᠴᠡᠯ ᠮᠦᠷᠭᠦᠯᠳᠦᠭᠡᠨ ᠤ ᠵᠠᠬᠢᠳᠠᠯ ᠰᠣᠷᠪᠤᠯᠵᠢᠯᠠᠭ᠎ᠠ ᠪᠠᠰᠠ ᠡᠭᠦᠰᠴᠦ ᠪᠠᠶᠢᠨ᠎ᠠ᠃ ᠡᠳᠡᠭᠡᠷ ᠪᠠᠶᠢᠳᠠᠯ ᠨᠡᠯᠢᠶᠡᠳ ᠬᠡᠳᠦᠨ ᠭᠠᠴᠠᠭᠠᠨ ᠳᠤ ᠰᠢᠨ᠎ᠡ ᠪᠠᠷ ᠪᠣᠢ ᠪᠣᠯᠵᠤ ᠪᠠᠶᠢᠭ᠎ᠠ᠂ ᠲᠡᠭᠡᠪᠡᠯ ᠡᠨᠡ ᠬᠦ ᠪᠠᠶᠢᠳᠠᠯ ᠳᠤ ᠬᠠᠨᠳᠤᠭᠤᠯᠵᠤ ᠮᠠᠨᠣᠰ ᠣᠯᠠᠨ ᠲᠦᠮᠡᠨ ᠳᠡᠭᠡᠨ ᠰᠣᠩᠭᠤᠭᠤᠯᠢ ᠶᠢᠨ ᠠᠵᠢᠯ ᠢ ᠭᠦᠢᠴᠡᠳ ᠲᠠᠨᠢᠭᠤᠯᠬᠤ ᠶᠢᠨ ᠳᠠᠭᠠᠤ ᠡᠳᠡᠭᠡᠷ ᠠᠰᠠᠭᠤᠳᠠᠯ ᠢ ᠦᠨᠡᠨᠬᠦ ᠪᠤᠳᠠᠲᠠᠢ ᠪᠠᠷ ᠡᠷᠢᠵᠤ ᠭᠠᠷᠭᠠᠵᠤ᠂ ᠲᠡᠷᠡ ᠳᠠᠷᠤᠢ ᠳᠤ ᠨᠢ ᠰᠢᠢᠳᠪᠦᠷᠢᠯᠡᠬᠦ ᠴᠢᠬᠤᠯᠠᠲᠠᠢ᠃ ᠡᠶᠢᠮᠦ ᠠᠴᠠ ᠮᠠᠨ ᠤ ᠳᠠᠷᠠᠭᠠᠴᠢ ᠶᠢᠨ ᠠᠵᠢᠯ ᠪᠣᠯ ᠰᠣᠩᠭᠤᠭᠤᠯᠢ ᠪᠣᠯᠲᠠᠯ᠎ᠠ ᠡᠳᠡᠭᠡᠷ ᠵᠦᠢᠯ ᠤᠨ ᠠᠰᠠᠭᠤᠳᠠᠯ ᠢ ᠪᠢᠳᠡ ᠨᠢᠭᠡ ᠨᠢᠭᠡ ᠪᠠᠷ ᠬᠦᠯᠢᠴᠡᠩᠭᠦᠢ ᠮᠦᠷᠲᠡᠭᠡᠨ ᠨᠠᠷᠢᠯᠢᠭ ᠬᠦᠯᠢᠶᠡᠨ ᠠᠪᠴᠤ ᠰᠢᠢᠳᠪᠦᠷᠢᠯᠡᠨ᠎ᠡ᠂ ᠡᠭᠦᠨ ᠤ ᠳᠠᠭᠠᠤ ᠳᠤ ᠪᠠᠶᠢᠴᠠᠭᠠᠨ ᠰᠢᠢᠳᠪᠦᠷᠢᠯᠡᠬᠦ ᠶᠠᠪᠤᠴᠠ ᠶᠢᠨ ᠳᠤᠮᠳᠠ ᠢᠯᠡᠷᠡᠭᠰᠡᠨ ᠨᠠᠮ ᠤᠨ ᠭᠡᠰᠢᠭᠦᠳ ᠬᠡᠷᠪᠡ ᠨᠠᠮ ᠤᠨ ᠭᠡᠰᠢᠭᠦᠨ ᠤ ᠳᠦᠷᠢᠮ ᠲᠤᠭᠲᠠᠭᠠᠯ ᠢ ᠵᠦᠷᠢᠴᠡᠭᠰᠡᠨ᠂ ᠰᠠᠬᠢᠯᠭ᠎ᠠ ᠪᠠᠲᠤ ᠶᠢ ᠵᠦᠷᠢᠴᠡᠭᠰᠡᠨ ᠠᠰᠠᠭᠤᠳᠠᠯ ᠪᠠᠶᠢᠪᠠᠯ ᠮᠦᠨ ᠴᠦ ᠪᠢᠳᠡ ᠲᠤᠭᠲᠠᠭᠠᠯ ᠶᠤᠰᠤᠭᠠᠷ ᠰᠢᠢᠳᠪᠦᠷᠢ ᠭᠠᠷᠭᠠᠵᠤ᠂ ᠨᠠᠮ ᠤᠨ ᠭᠡᠰᠢᠭᠦᠨ ᠪᠠ ᠣᠯᠠᠨ ᠲᠦᠮᠡᠨ ᠤ ᠰᠠᠨᠠᠯ ᠰᠠᠨᠠᠭᠤᠯᠭ᠎ᠠ ᠳᠤ ᠪᠤᠳᠠᠲᠠᠢ ᠬᠠᠷᠢᠭᠤᠯᠲᠠ ᠦᠭᠭᠦᠨ᠎ᠡ᠃ ᠣᠳᠣ ᠨᠢᠭᠡᠨ ᠳᠠᠷᠠᠭᠠᠴᠢ ᠶᠢᠨ ᠠᠵᠢᠯ ᠪᠣᠯ ᠮᠠᠨᠤᠰ ᠣᠬᠠᠭᠤᠯᠭ᠎ᠠ ᠶᠢᠨ ᠠᠵᠢᠯ ᠢᠶᠠᠷ ᠳᠠᠮᠵᠢᠭᠤᠯᠵᠤ ᠪᠠᠶᠢᠭᠠᠳ ᠮᠠᠨ ᠤ ᠡᠨᠡ ᠰᠣᠩᠭᠤᠭᠤᠯᠢ ᠳᠤ ᠪᠡᠯᠡᠳᠬᠡᠯ ᠵᠢᠱᠢᠭᠳᠡᠭᠴᠢ ᠶᠢᠨ ᠬᠢᠨᠠᠨ ᠲᠤᠭᠲᠠᠭᠠᠯ ᠢ ᠳᠠᠬᠢᠨ ᠨᠢᠭᠡ ᠤᠳᠠᠭ᠎ᠠ ᠳᠡᠭᠡᠭᠰᠢ ᠡᠷᠡᠮᠡᠯᠵᠡᠯᠡᠵᠦ᠂ ᠭᠤᠷᠪᠠᠳᠡᠬᠢ ᠤᠳᠠᠭ᠎ᠠ ᠡᠷᠡᠮᠡᠯᠵᠡᠯᠡᠬᠦ ᠪᠠᠷ ᠪᠢᠳᠡ ᠪᠡᠯᠡᠳᠬᠡᠵᠦ ᠪᠠᠶᠢᠨ᠎ᠠ᠃ ᠭᠤᠷᠪᠠᠳᠡᠬᠢ ᠤᠳᠠᠭ᠎ᠠ ᠬᠠᠮᠤᠭ ᠰᠡᠭᠦᠯ ᠳᠤ ᠨᠢ ᠨᠢᠭᠡᠳᠦᠭᠡᠷ ᠰᠠᠷ᠎ᠠ ᠳᠤ ᠨᠠᠮ ᠤᠨ ᠡᠭᠦᠷ ᠤᠨ ᠬᠤᠭᠤᠴᠠᠭ᠎ᠠ ᠰᠣᠯᠢᠬᠤ ᠰᠣᠩᠭᠤᠭᠤᠯᠢ ᠶᠢᠨ ᠦᠶᠡᠰ ᠢᠶᠠᠷ ᠬᠤᠶᠠᠷ ᠲᠠᠯ᠎ᠠ ᠠᠴᠠ ᠲᠠᠨᠢᠯᠴᠠᠭᠤᠯᠵᠤ ᠨᠢᠭᠡ ᠰᠣᠩᠭᠤᠬᠤ ᠬᠡᠯᠪᠡᠷᠢ ᠪᠠᠷ ᠭᠠᠷᠭᠠᠬᠤ ᠤᠴᠢᠷ ᠠᠴᠠ ᠪᠠᠨ ᠮᠠᠨᠣᠰ ᠲᠡᠷᠡ ᠦᠶ᠎ᠡ ᠳᠤ ︽ᠬᠤᠶᠠᠷ ᠵᠦᠪᠯᠡᠯ︾ ᠤᠨ ᠵᠢᠱᠢᠭᠳᠡᠭᠴᠢ ᠶᠢᠨ ᠢᠶᠠᠨ ᠬᠠᠮᠤᠭ ᠰᠡᠭᠦᠯ ᠤᠨ ᠨᠡᠷᠡᠰ ᠢ ᠳᠠᠬᠢᠨᠲᠠ ᠭᠤᠷᠪᠠᠳᠡᠬᠢ ᠤᠳᠠᠭ᠎ᠠ ᠬᠢᠨᠠᠨ ᠲᠣᠭᠲᠠᠭᠠᠯᠲᠠ ᠬᠢᠵᠦ᠂ ᠡᠳᠡᠭᠡᠷ ᠬᠦᠮᠦᠰ ᠢ ᠦᠨᠡᠨᠬᠦ ᠰᠣᠩᠭᠤᠭᠤᠯᠢ ᠳᠤ ᠣᠷᠤᠬᠤ ᠪᠠᠲᠤᠯᠠᠭ᠎ᠠ ᠪᠣᠯᠭᠠᠵᠤ᠂ ᠬᠠᠮᠤᠭ ᠰᠡᠭᠦᠯ ᠳᠤ ᠨᠢ ᠮᠠᠨ ᠤ ᠰᠢᠨ᠎ᠡ ᠨᠢᠭᠡ ᠬᠤᠭᠤᠴᠠᠭᠠᠨ ᠤ ᠪᠦᠬᠦ ᠪᠠᠯᠭᠠᠰᠤ ᠶᠢᠨ ᠡᠯ᠎ᠡ ᠭᠠᠴᠠᠭ᠎ᠠ ᠲᠤᠰᠬᠤᠨ ᠤ ᠦᠨᠡᠨᠬᠦ ᠦᠪᠡᠷ ᠢᠶᠠᠨ ᠡᠨᠡ ᠠᠵᠢᠯ ᠳᠤ ᠬᠠᠶᠢᠷᠠᠲᠠᠢ᠂ ᠳᠤᠷ᠎ᠠ ᠪᠠᠭ᠋ᠠᠲᠠᠢ᠂ ᠦᠨᠡᠨᠬᠦ ᠦᠨᠡᠨ ᠰᠡᠳᠬᠢᠯ ᠠᠴᠠ ᠪᠠᠨ ᠣᠯᠠᠨ ᠲᠦᠮᠡᠨ ᠳᠤ ᠪᠠᠨ ᠦᠢᠯᠡᠴᠢᠯᠡᠶ᠎ᠡ ᠭᠡᠰᠡᠨ ᠡᠶᠢᠮᠦ ᠴᠢᠳᠠᠪᠤᠷᠢᠲᠠᠢ᠂ ᠲᠥᠪ ᠭᠤᠣᠯᠴᠢ ᠰᠢᠨ᠎ᠡ ᠨᠢᠭᠡ ᠣᠳᠣᠷᠢᠳᠬᠤ ᠪᠠᠭ ᠤᠨ ᠬᠦᠮᠦᠰ ᠢ ᠰᠣᠩᠭᠤᠨ ᠭᠠᠷᠭᠠᠭᠠᠳ᠂ ᠪᠦᠬᠦᠶᠢᠯᠡ ᠪᠠᠯᠭᠠᠰᠤᠨ ᠤ ᠡᠯ᠎ᠡ ᠭᠠᠴᠠᠭ᠎ᠠ ᠲᠤᠰᠬᠤᠨ ᠣᠷᠣᠨ ᠨᠣᠲᠤᠭ ᠤᠨ ᠢᠶᠠᠨ ᠠᠵᠤ ᠠᠬᠤᠢ ᠬᠦᠭᠵᠢᠭᠰᠡᠨ᠂ ᠨᠡᠶᠢᠭᠡᠮ ᠡᠶ᠎ᠡ ᠲᠤᠭᠲᠠᠭᠤᠨ  ᠰᠠᠶᠢᠨ ᠰᠠᠶᠢᠬᠠᠨ ᠣᠷᠣᠨ ᠨᠣᠲᠤᠭ ᠢᠶᠠᠨ ᠪᠦᠲᠦᠭᠡᠨ ᠪᠠᠶᠢᠭᠤᠯᠬᠤ ᠪᠠᠷ ᠪᠠᠲᠤ ᠰᠠᠭᠤᠷᠢ ᠶᠢ ᠲᠠᠯᠪᠢᠨ᠎ᠠ᠃        ᠰᠣᠷᠪᠣᠯᠵᠢᠯᠠᠭᠴᠢ᠄ ᠪᠠᠶᠠᠷᠯᠠᠯ᠎ᠠ ᠲᠠᠨ ᠳᠤ᠃  
 
ᠢᠷᠡᠯᠲᠡ᠄ ᠠᠷᠣ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号