ᠴᠠᠰᠣ
ᠨᠡᠶᠢᠲᠡᠯᠡᠭᠰᠡᠨ ᠴᠠᠭ᠄
2020/12/1
                                    ᠴ᠊ · ᠰᠡᠴᠠᠨ                 1         ᠬᠦᠯ ᠲᠣᠣᠷ᠎ᠠ ᠠᠴᠠ ᠴᠢ ᠮᠡᠳᠡᠷᠡᠭᠳᠡᠨ᠎ᠡ         ᠬᠦᠷᠦᠰᠦ ᠲᠣᠣᠷ᠎ᠠ ᠠᠴᠠ ᠴᠢᠨᠢ ᠬᠦᠮᠦᠵᠢᠭᠳᠡᠨ᠎ᠡ         ᠬᠦᠢᠳᠡᠨ ᠲᠡᠭᠡᠷ᠎ᠡ ᠠᠴᠠ ᠴᠢᠨᠢ ᠬᠦᠮᠦᠷᠢᠨ᠎ᠡ         ᠬᠦᠮᠦᠨ ᠲᠡᠭᠡᠷ᠎ᠡ ᠠᠴᠠ ᠴᠢᠨᠢ ᠬᠢᠰᠬᠢᠯᠡᠨ᠎ᠡ         ᠬᠦᠭᠡᠷᠦᠬᠦᠢ ᠴᠠᠰᠣ ᠴᠠᠭᠠᠨ ᠮᠢᠨᠢ ᠁         ᠬᠢᠰᠬᠢᠭᠳᠡᠬᠦ ᠲᠣᠳᠣᠮ ᠢᠶᠠᠨ ᠴᠢ ᠬᠠᠳᠠᠭᠤᠷᠠᠨ᠎ᠠ         ᠴᠠᠰᠣᠨ ᠳᠤ ᠯᠡ ᠪᠠᠶᠢᠳᠠᠭ ᠴᠢᠬᠤᠯᠡ ᠴᠢᠨᠠᠷ ᠢ         ᠴᠢᠩᠨᠠᠬᠤ ᠲᠣᠳᠣᠮ ᠢᠶᠠᠨ ᠦᠯᠡᠮᠵᠢ ᠶᠢᠨ ᠬᠢ ᠁              2         ᠬᠦᠷ ᠬᠦᠷ ᠴᠠᠰᠣ ᠬᠦᠷᠦᠭᠡᠳ ᠢᠷᠡᠯ᠎ᠡ         ᠬᠦᠯ ᠤᠨ ᠮᠦᠷ ᠬᠦᠷᠳᠣᠨ ᠤ ᠴᠢᠨᠢ ᠣᠷᠣᠮ ᠢ ᠲᠡᠮᠳᠡᠭᠯᠡᠬᠦ ᠪᠠᠷ         ᠬᠦᠷᠦᠭᠡᠳ ᠢᠷᠡᠯ᠎ᠡ         ᠬᠦᠷᠦᠰᠦᠳᠣ ᠪᠠᠶᠢᠭᠠᠯᠢ ᠪᠠᠨ ᠬᠠᠮᠠᠭᠠᠯᠠᠬᠤ ᠵᠠᠷᠯᠠᠯ ᠢ         ᠬᠦᠷᠮ᠎ᠡ ᠣᠶᠣᠭᠠᠳ ᠬᠦᠮᠦᠨ ᠳᠤ ᠢᠯᠡᠭᠡᠯ᠎ᠡ         ᠬᠦᠷᠦᠰᠣ ᠭᠠᠵᠠᠷ ᠤᠨ ᠰᠢᠷᠬᠠᠯᠠᠯ ᠢ ᠠᠨᠠᠭᠠᠬᠤ ᠪᠠᠷ         ᠬᠦᠬᠡᠮᠳᠦᠭ ᠪᠠᠶᠢᠭᠠᠯᠢ ᠤᠨ ᠡᠮᠵᠡᠭᠯᠡᠯ ᠢ ᠨᠦᠬᠦᠬᠦ ᠪᠠᠷ         ᠬᠦᠷ ᠬᠦᠷ ᠴᠠᠰᠣ ᠬᠦᠨᠵᠢᠯᠡ ᠪᠠᠨ ᠬᠤᠴᠢᠭᠠᠳ         ᠬᠦᠷᠦᠭᠡᠳ ᠢᠷᠡᠯ᠎ᠡ ᠁              3         ᠴᠰᠣ ᠬᠠᠳᠠᠭᠤᠷᠠᠨ᠎ᠠ ᠴᠢ ᠬᠠᠯᠳᠣᠷᠢᠨ᠎ᠠ         ᠣᠶᠢᠴᠢᠬᠤ ᠠᠴᠠ  ᠬᠢᠴᠢᠶᠡᠭᠰᠡᠨ ᠣᠬᠠᠮᠵᠢ ᠶᠢᠨ         ᠣᠯᠠᠷᠢᠯ ᠤᠨ ᠬᠦᠨ ᠶᠣᠰᠣᠨ ᠪᠤᠯ ᠴᠠᠰᠣ         ᠣᠶᠠᠷᠠᠬᠤ ᠴᠠᠭ ᠢᠶᠠᠨ ᠮᠦᠷᠦᠭᠡᠳᠦᠭᠰᠡᠨ         ᠣᠯᠠᠷᠢᠯ ᠤᠨ ᠨᠢᠭᠤᠴᠠᠭᠠᠢ ᠮᠦᠰᠦᠨ ᠪᠤᠯ ᠴᠠᠰᠣ              4         ᠲᠡᠭᠷᠢ ᠠᠴᠠ ᠴᠢ ᠪᠠᠭᠤᠨ᠎ᠠ         ᠲᠡᠭᠡᠭᠡᠳ ᠴᠢ ᠲᠡᠯᠡᠬᠡᠢ ᠶᠢ ᠬᠤᠴᠢᠨ᠎ᠠ         ᠲᠡᠰᠬᠡᠯ ᠦᠭᠡᠢ ᠨᠠᠮ᠎ᠠ ᠶᠢ ᠴᠣ᠋ ᠬᠤᠴᠢᠨ᠎ᠠ         ᠲᠡᠭᠡᠭᠦᠷ ᠴᠢᠨᠢ ᠠᠯᠬᠤᠯᠠᠬᠤ ᠮᠦᠷ ᠢ ᠴᠣ᠋ ᠬᠤᠴᠢᠨ᠎ᠠ         ᠲᠡᠷᠳᠡᠭᠡ ᠬᠤᠯᠠᠬᠢ ᠮᠦᠷᠦᠭᠡᠳᠦᠯ ᠢ ᠴᠣ᠋ ᠬᠤᠴᠢᠨ᠎ᠠ         ᠲᠡᠩᠳᠡᠭᠦᠤ ᠬᠦᠨ ᠪᠤᠳᠣᠯᠭᠠᠰᠢᠷᠠᠯ ᠢ ᠴᠣ᠋ ᠬᠤᠴᠢᠨ᠎ᠠ         ᠲᠠᠩᠳᠡ ᠪᠠᠨ ᠰᠣᠷᠭᠤᠭ ᠮᠡᠳᠡᠷᠡᠮᠵᠢ ᠶᠢ ᠴᠣ᠋ ᠬᠤᠴᠢᠨ᠎ᠠ              5         ᠴᠠᠭᠠᠨ ᠦᠩᠭᠡ ᠭᠡᠭᠴᠢ         ᠴᠠᠭᠠᠪᠤᠷ ᠮᠣᠩᠭᠤᠯᠴᠣᠳ ᠤᠨ ᠰᠡᠳᠬᠢᠯ ᠤᠨ ᠲᠠᠶᠢᠯᠣᠯ ᠪᠤᠶᠤ         ᠴᠠᠰᠣᠨ ᠦᠩᠭᠡ ᠭᠡᠭᠴᠢ         ᠣᠩᠭᠤᠨ ᠪᠠᠶᠢᠭᠠᠯᠢ ᠶᠢᠨ ᠣᠯᠠᠷᠢᠯ ᠤᠨ ᠣᠬᠠᠮᠵᠢ ᠪᠤᠶᠤ              6         ᠣᠶᠠᠷᠠᠬᠤ ᠳᠤ ᠪᠠᠨ ᠴᠢ ᠣᠰᠣ ᠪᠣᠯᠵᠣ ᠭᠠᠵᠠᠷ ᠲᠤ ᠪᠠᠨ ᠰᠢᠩᠭᠡᠨ᠎ᠡ         ᠠᠭᠤᠷᠰᠢᠬᠤ ᠳᠤ ᠪᠠᠨ ᠴᠢ ᠠᠭᠠᠷ ᠪᠣᠯᠵᠣ ᠲᠡᠭᠷᠢ ᠳᠤ ᠪᠠᠨ ᠪᠤᠴᠠᠨ᠎ᠠ              7         ᠴᠠᠰᠣ ᠴᠢ ᠁         ᠴᠠᠭ ᠤᠨ ᠦᠷᠦᠪᠳᠡᠰᠣ ᠪᠣᠯᠵᠣ         ᠴᠠᠭ ᠵᠠᠭᠤᠷ᠎ᠠ ᠶᠢᠨ ᠬᠤᠭᠤᠷᠣᠨᠳᠣ         ᠴᠠᠭᠠᠨ ᠪᠤᠭᠤᠷᠤᠯ ᠬᠡᠵᠢᠭᠡᠨ ᠳᠤ ᠬᠢᠷᠠᠭᠤ ᠨᠡᠮᠡᠵᠤ         ᠴᠠᠰᠣ ᠴᠢ ᠁         ᠴᠠᠭ ᠤᠨ ᠴᠢᠳᠠᠮᠠᠭᠠᠢ         ᠣᠯᠠᠷᠢᠯ ᠤᠨ ᠰᠢᠪᠠᠤᠬᠠᠢ ᠪᠤᠶᠤ         ᠴᠠᠰᠣ ᠴᠢ ᠁         ᠡᠪᠤᠯ ᠴᠡᠴᠡᠭ         ᠬᠦᠢᠳᠡᠨ ᠤ ᠬᠤᠸᠠᠷ ᠪᠤᠶᠤ ᠁              8         ᠴᠠᠰᠣᠨ ᠲᠡᠭᠡᠭᠦᠷ ᠠᠯᠬᠤᠯᠠᠬᠤ ᠳᠤ         ᠴᠠᠰᠣ ᠱᠠᠷ ᠱᠠᠷ ᠱᠠᠷ ᠱᠠᠷ ᠁         ᠦᠯᠦ ᠮᠡᠳᠡᠭᠳᠡᠮ᠎ᠡ ᠮᠦᠷᠦᠭᠡᠳᠦᠯ ᠤᠨ ᠠᠶᠠᠰ         ᠦᠷᠦᠴᠡ ᠴᠡᠭᠡᠵᠢᠨ᠎ᠡ ᠡᠪᠬᠡᠷᠡᠯᠳᠣᠨ᠎ᠡ         ᠴᠠᠰᠣ ᠲᠠᠢ ᠡᠳᠦᠷ ᠤᠨ ᠮᠠᠳᠡᠷᠡᠮᠵᠢ         ᠴᠠᠭᠠᠨ᠎ᠠ ᠪᠠᠨ ᠬᠦᠭᠡᠷᠦᠬᠦᠢ ᠡᠮᠵᠡᠭ ᠪᠠᠶᠢᠯ᠎ᠠ ᠁              9         ᠲᠠᠪᠤᠰᠣᠨ ᠳᠤ ᠴᠢ ᠲᠠᠷᠣᠭᠳᠠᠨ᠎ᠠ ᠴᠢ ᠣᠶᠠᠷᠠᠮᠠᠳᠠᠭᠠᠢ         ᠨᠠᠷᠠᠨ ᠳᠤ ᠴᠢ ᠨᠢᠭᠤᠭᠳᠠᠨ᠎ᠠ ᠴᠢ ᠢᠴᠢᠮᠡᠳᠡᠭᠡᠢ         ᠰᠠᠯᠬᠢᠨ ᠳᠤ ᠴᠢ ᠰᠢᠭᠤᠷᠠᠨ᠎ᠠ ᠴᠢ ᠬᠤᠷᠠᠮᠠᠳᠠᠭᠠᠢ         ᠬᠦᠢᠳᠡᠨ ᠳᠤ ᠴᠢ ᠬᠦᠷᠦᠨ᠎ᠡ ᠴᠢ ᠬᠦᠯᠢᠴᠡᠩᠭᠦᠢ             10         ᠴᠢᠨᠣ ᠲᠣᠣᠷ᠎ᠠ ᠨᠠᠮᠤᠷ ᠲᠠᠷᠣᠭᠳᠠᠨ᠎ᠠ         ᠴᠠᠭᠠᠳᠣ ᠲᠠᠯ᠎ᠠ ᠳᠤ ᠴᠢᠨᠢ ᠬᠠᠪᠤᠷ ᠨᠢᠭᠤᠭᠳᠠᠨ᠎ᠠ         ᠴᠢᠷᠠᠢ ᠲᠡᠭᠡᠷ᠎ᠡ ᠴᠢᠨᠢ ᠡᠪᠤᠯ ᠰᠠᠭᠠᠳᠠᠨ᠎ᠠ         ᠴᠢᠨᠠᠷ ᠤᠨ ᠬᠦᠨ ᠳᠤ ᠴᠢᠨᠢ ᠵᠤᠨ ᠢᠴᠡᠭᠡᠯᠡᠨ᠎ᠡ             11         ᠲᠣᠭᠤᠰᠣ ᠰᠢᠷᠦᠢ ᠶᠢ ᠴᠢ ᠲᠠᠷᠣᠨ᠎ᠠ         ᠲᠣᠮᠣᠭᠤ ᠲᠠᠭᠰᠢᠭᠤᠷ ᠢ ᠴᠣ᠋ ᠴᠢ ᠲᠠᠷᠣᠨ᠎ᠠ         ᠠᠭᠤᠯᠠᠨ ᠣᠷᠬᠢᠯ ᠢ ᠴᠢ ᠲᠠᠷᠣᠨ᠎ᠠ         ᠠᠭᠤᠷᠬᠠᠢ ᠶᠢᠨ ᠰᠣᠷᠪᠢ ᠢ ᠴᠣ᠋ ᠴᠢ ᠲᠠᠷᠣᠨ᠎ᠠ             12         ᠮᠦᠨᠳᠣᠷ ᠤᠨ ᠮᠦᠬᠦᠯᠢᠭ ᠮᠦᠴᠢᠷᠯᠡᠨ ᠲᠡᠯᠭᠡᠷᠡᠭᠴᠢ ᠴᠡᠴᠡᠭ ᠪᠤᠯ ᠴᠠᠰᠣ         ᠮᠦᠩᠬᠦ ᠶᠢᠨ ᠰᠢᠷᠬᠡᠭᠯᠢᠭ ᠲᠡᠯᠭᠡᠷᠡᠨ ᠭᠠᠩᠬᠤᠭᠴᠢ ᠬᠤᠸᠠᠷ ᠪᠤᠯ ᠴᠠᠰᠣ         ᠴᠠᠭᠠᠨ ᠴᠡᠴᠡᠭ ᠢ ᠬᠠᠳᠬᠤᠮᠠᠯᠠᠨ ᠣᠶᠣᠬᠤ ᠨᠡᠬᠡᠮᠡᠯᠴᠢᠨ ᠪᠤᠯ ᠴᠠᠰᠣ         ᠴᠠᠰᠣᠨ ᠬᠦᠷᠮ᠎ᠡ ᠶᠢ ᠭᠤᠶᠣᠯᠠᠨ ᠣᠷᠠᠯᠠᠬᠤ ᠣᠶᠣᠳᠠᠯᠴᠢᠨ ᠪᠤᠯ ᠴᠠᠰᠣ         ᠬᠦᠯ ᠤᠨ ᠮᠦᠷ ᠢ ᠮᠦᠰᠬᠢᠬᠦ ᠮᠦᠷᠳᠡᠯᠴᠢᠨ ᠪᠤᠯ ᠴᠠᠰᠣ         ᠬᠦᠮᠦᠨ ᠤ ᠮᠦᠷ ᠢ ᠪᠠᠯᠯᠠᠬᠤ ᠵᠢᠷᠦᠬᠠᠶᠢᠴᠢᠨ ᠪᠤᠯ ᠴᠠᠰᠣ         ᠬᠦᠷᠳᠦᠨ ᠤ ᠮᠦᠷ ᠢ ᠲᠡᠮᠳᠡᠭᠯᠡᠬᠦ ᠲᠠᠩᠨᠠᠭᠴᠢᠨ ᠪᠤᠯ ᠴᠠᠰᠣ         ᠬᠦᠳᠡᠯᠭᠡᠭᠡᠨ ᠤ ᠮᠦᠷ ᠢ ᠵᠢᠷᠣᠭᠯᠠᠬᠤ ᠵᠢᠷᠦᠭᠠᠴᠢᠨ ᠪᠤᠯ ᠴᠠᠰᠣ ᠁
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号