ᠬᠠᠨ ᠠᠭᠤᠯᠠ ᠪᠠᠭ᠎ᠠ ᠰᠤᠷᠭᠠᠭᠤᠯᠢ ᠶᠢᠨ ᠵᠢᠷᠭᠤᠭ᠎ᠠ ᠶᠢᠨ ᠬᠤᠶᠠᠳᠤᠭᠠᠷ ᠠᠩᠭᠢ ᠶᠢᠨ ᠰᠤᠷᠤᠭᠴᠢᠳ    ︽ᠮᠣᠩᠭᠤᠯ ᠤᠨ ᠨᠢᠭᠤᠴᠠ ᠲᠤᠪᠴᠢᠶᠠᠨ︾ ᠤᠩᠰᠢᠭᠰᠠᠨ ︽ᠪᠢ ᠮᠡᠳᠡᠨ᠎ᠡ︾ ᠮᠡᠳᠡᠯᠭᠡ ᠶᠢᠨ ᠤᠷᠤᠯᠳᠤᠭᠠᠨ ᠢ ᠵᠣᠬᠢᠶᠠᠨ ᠪᠠᠶᠢᠭᠤᠯᠤᠨ ᠶᠠᠪᠤᠭᠳᠠᠭᠤᠯᠪᠠ
ᠨᠡᠶᠢᠲᠡᠯᠡᠭᠰᠡᠨ ᠴᠠᠭ᠄
2020/12/10
       ᠰᠤᠷᠤᠭᠴᠢᠳ ᠤᠨ ᠨᠤᠮ ᠤᠩᠰᠢᠯᠭ᠎ᠠ ᠶᠢᠨ ᠤᠷᠮ᠎ᠠ ᠪᠠᠬ᠎ᠠ ᠶᠢ ᠬᠦᠭᠵᠢᠭᠡᠵᠦ᠂ ᠨᠤᠮ ᠤᠩᠰᠢᠯᠭ᠎ᠠ ᠶᠢ ᠦᠷ᠎ᠡ ᠠᠰᠢᠭᠲᠠᠢ ᠪᠤᠯᠭᠠᠬᠤ ᠶᠢᠨ ᠡᠭᠦᠳᠡᠨ ᠠᠴᠠ ᠬᠠᠨ ᠠᠭᠤᠯᠠ ᠪᠠᠭ᠎ᠠ ᠰᠤᠷᠭᠠᠭᠤᠯᠢ ᠶᠢᠨ ᠵᠢᠷᠭᠤᠭ᠎ᠠ ᠶᠢᠨ ᠬᠤᠶᠠᠳᠤᠭᠠᠷ ᠠᠩᠭᠢ ᠶᠢᠨ ᠰᠤᠷᠤᠭᠴᠢᠳ ︽ᠮᠣᠩᠭᠤᠯ ᠤᠨ ᠨᠢᠭᠤᠴᠠ ᠲᠤᠪᠴᠢᠶᠠᠨ︾ ᠤᠩᠰᠢᠭᠰᠠᠨ ︽ᠪᠢ ᠮᠡᠳᠡᠨ᠎ᠡ︾ ᠮᠡᠳᠡᠯᠭᠡ ᠶᠢᠨ ᠤᠷᠤᠯᠳᠤᠭᠠᠨ ᠵᠣᠬᠢᠶᠠᠨ ᠪᠠᠶᠢᠭᠤᠯᠤᠨ ᠶᠠᠪᠤᠭᠳᠠᠭᠤᠯᠪᠠ᠃ ᠤᠷᠤᠯᠳᠤᠭᠠᠨ ᠨᠢ ︽ᠬᠡᠷᠦᠯᠦᠨ ᠮᠦᠷᠡᠨ︾᠂ ︽ᠣᠨᠤᠨ ᠮᠦᠷᠡᠨ︾᠂ ︽ᠲᠣᠣᠯᠠ ᠭᠤᠣᠯ︾᠂ ︽ᠡᠷᠭᠦᠨ᠎ᠡ ᠭᠤᠣᠯ︾ ᠵᠡᠷᠭᠡ ᠳᠦᠷᠪᠡᠨ ᠲᠤᠭᠤᠶᠢᠯᠠᠩ ᠬᠤᠪᠢᠶᠠᠨ᠂ ︽ᠮᠣᠩᠭᠤᠯ ᠤᠨ ᠨᠢᠭᠤᠴᠠ ᠲᠤᠪᠴᠢᠶᠠᠨ︾ ᠳᠠᠬᠢ ᠠᠭᠤᠯᠭ᠎ᠠ ᠶᠢ ᠠᠰᠠᠭᠤᠯᠲᠠ ᠬᠠᠷᠢᠭᠤᠯᠲᠠ ᠶᠢᠨ ᠬᠡᠯᠪᠡᠷᠢ ᠪᠠᠷ ︽ᠲᠤᠭᠤᠶᠢᠯᠠᠩ ᠤᠨ ᠰᠤᠷᠤᠭᠴᠢ ᠪᠣᠯᠭᠠᠨ ᠬᠠᠷᠢᠭᠤᠯᠬᠤ︾᠂ ︽ᠪᠣᠯᠢᠶᠠᠯᠳᠤᠨ ᠬᠠᠷᠢᠭᠤᠯᠬᠤ︾᠂ ︽ᠦᠵᠡᠯᠲᠡ ᠪᠠᠨ ᠲᠡᠯᠭᠡᠨ ᠶᠠᠶ᠋ᠢᠬᠤ︾ ᠵᠡᠷᠭᠡ ᠪᠠᠷ ᠬᠦᠷ ᠬᠦᠭᠵᠢᠶᠡᠨ ᠲᠠᠢ ᠶᠠᠪᠤᠭᠳᠠᠵᠤ᠂ ᠰᠤᠷᠤᠭᠴᠢᠳ ᠤᠨ ᠤᠩᠰᠢᠭᠰᠠᠨ ᠦᠷ᠎ᠡ ᠪᠦᠲᠦᠮᠵᠢ ᠶᠢ ᠰᠢᠯᠭᠠᠨ ᠦᠨᠡᠯᠡᠭᠰᠡᠨ ᠪᠠᠶᠢᠨ᠎ᠠ᠃ ᠬᠤᠷᠴᠠ ᠰᠢᠷᠦᠭᠦᠨ ᠦᠷᠢᠰᠦᠯᠳᠦᠭᠡᠨ ᠢᠶᠠᠷ ᠲᠠᠮᠵᠢᠨ ︽ᠡᠷᠭᠦᠨ᠎ᠡ ᠭᠤᠤᠯ︾ ᠲᠤᠭᠤᠶᠢᠯᠠᠩ ᠰᠢᠮᠡᠲᠡᠢ ᠤᠩᠰᠢᠭᠰᠠᠨ ᠢᠶᠠᠷ ᠢᠶᠠᠨ ᠲᠡᠷᠢᠭᠦᠯᠡᠨ ᠂ ᠲᠡᠳ᠋ ᠲᠤ ︽ᠲᠤᠤᠯᠠ ᠭᠤᠤᠯ︾ ᠲᠣᠭᠤᠶᠢᠯᠠᠩ ᠲᠣᠳᠤᠷᠠᠭᠰᠠᠨ ᠪᠠᠶᠢᠨ᠎ᠠ᠃
       ︽ᠮᠣᠩᠭᠤᠯ ᠤᠨ ᠨᠢᠭᠤᠴᠠ ᠲᠤᠪᠴᠢᠶᠠᠨ︾ ᠪᠣᠯ ᠮᠣᠩᠭᠤᠯ ᠦᠨᠳᠦᠰᠦᠲᠡᠨ ᠤ ᠲᠡᠤᠬᠡ ᠶᠢᠨ ᠭᠤᠷᠪᠠᠨ ᠲᠤᠯᠭᠤᠷ ᠪᠢᠴᠢᠭ ᠤᠨ ᠨᠢᠭᠡ᠂ ᠮᠥᠨ ᠴᠤ ᠮᠣᠩᠭᠤᠯ ᠤᠷᠠᠨ ᠵᠣᠬᠢᠶᠠᠯ ᠤᠨ ᠭᠤᠷᠪᠠᠨ ᠣᠷᠭᠢᠯ ᠤᠨ ᠨᠢᠭᠡ ᠪᠣᠯᠤᠭᠰᠠᠨ ᠲᠣᠮᠤ ᠪᠦᠲᠦᠭᠡᠯ ᠮᠥᠨ᠃ ᠮᠣᠩᠭᠤᠯ ᠦᠨᠳᠦᠰᠦᠲᠡᠨ ᠤ ᠲᠡᠣᠬᠡ᠂ ᠬᠡᠯᠡ᠂ ᠤᠷᠠᠨ ᠵᠣᠬᠢᠶᠠᠯ᠂ ᠴᠢᠨᠠᠭᠰᠢᠯᠠᠭᠠᠳ ᠰᠤᠶᠤᠯ ᠢᠷᠭᠡᠨᠰᠢᠯ ᠤᠨ ᠪᠦᠷᠢᠨ ᠴᠣᠭᠴᠠ ᠶᠢ ᠰᠣᠳᠤᠯᠬᠤ ᠳᠤ ᠨᠡᠪᠲᠡᠷᠬᠡᠢ ᠲᠣᠯᠢ ᠪᠣᠯᠬᠤ ᠪᠦᠭᠡᠳ ᠮᠣᠩᠭᠤᠯ ᠦᠨᠳᠦᠰᠦᠲᠡᠨ ᠠᠴᠠ ᠲᠡᠯᠡᠬᠡᠢ ᠶᠢᠨ ᠰᠣᠶᠤᠯ ᠤᠨ ᠰᠠᠩ ᠳᠤ ᠨᠡᠮᠡᠷᠢᠯᠡᠭᠰᠡᠨ ᠬᠤᠪᠤᠷ ᠡᠷᠳᠡᠨᠢ ᠣᠴᠢᠷ ᠮᠣᠩᠭᠤᠯ ᠬᠦᠮᠦᠨ ᠪᠣᠯᠭᠠᠨ ᠮᠣᠩᠭᠤᠯ ᠤᠨ ᠨᠢᠭᠤᠴᠠ ᠲᠣᠪᠴᠢᠶᠠᠨ ᠢᠶᠠᠨ ᠵᠠᠪᠠᠯ ᠤᠩᠰᠢᠬᠤ ᠬᠡᠷᠡᠭᠲᠡᠢ ᠶᠤᠮ᠃
                                                                           ︵ᠵᠠᠯᠭᠠᠬᠦᠦ︶
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号