ᠰᠣ· ᠲᠡᠭᠦᠰᠪᠠᠶᠠᠷ | ᠪᠡᠯᠴᠢᠭᠡᠷ ᠢᠶᠠᠨ ᠰᠠᠨᠠᠨ ᠪᠤᠴᠠᠵᠤ ᠭᠦᠶᠦᠭᠰᠡᠨ ᠮᠤᠷᠢᠨ ᠤ | ᠨᠢᠳᠤᠨ ᠠᠴᠠ ᠤᠴᠢᠯᠠᠬᠤ ᠴᠡᠩᠭᠡᠷ ᠭᠡᠷᠡᠯ ᠢ ᠨᠤᠳᠤᠭ ᠭᠡᠳᠡᠭ | ᠪᠢᠳᠠᠭᠦᠤ ᠬᠠᠯᠢᠭᠤᠷᠠᠬᠤ ᠭᠡᠭᠡᠷ᠎ᠡ ᠶᠢᠨ ᠴᠢᠪᠳᠠᠷ ᠡᠪᠡᠰᠣᠨ ᠤ | ᠨᠠᠯᠤᠶᠢᠨ ᠬᠠᠶᠠᠯᠠᠬᠤ ᠲᠤᠷᠭᠠᠨ ᠰᠣᠷ ᠢ ᠨᠤᠳᠤᠭ ᠭᠡᠳᠡᠭ | | | ᠭᠠᠵᠠᠷ ᠠᠴᠠ ᠤᠷᠭᠤᠬᠤ ᠬᠦᠬᠡᠮᠳᠦᠭ ᠴᠡᠩᠭᠡᠷ ᠠᠭᠤᠯᠠᠰ ᠤᠨ | ᠲᠡᠭᠷᠢ ᠵᠦᠭᠯᠡᠬᠦ ᠱᠣᠪᠬᠤ ᠤᠷᠬᠢᠯ ᠢ ᠨᠤᠳᠤᠭ ᠭᠡᠳᠡᠭ | ᠭᠠᠨᠭ᠍ᠭᠠᠡᠭ ᠲᠠᠯᠠᠪᠴᠢ ᠪᠠᠨ ᠡᠩᠰᠡᠷᠡᠳᠡᠯ᠎ᠡ ᠲᠠᠪᠢᠬᠦ ᠰᠢᠪᠠᠭᠤᠳ ᠤᠨ | ᠨᠠᠭᠤᠷ ᠲᠠᠭᠠᠨ ᠡᠷᠬᠢᠴᠡᠬᠦ ᠬᠠᠯᠠᠭᠤᠨ ᠰᠡᠬᠦᠳᠡᠷ ᠢ ᠨᠤᠳᠤᠭ ᠭᠡᠳᠡᠭ | | | ᠰᠠᠨᠠᠬᠤ ᠶᠢᠨ ᠲᠤᠭᠠᠯᠠᠩ ᠢᠶᠠᠷ ᠨᠤᠶᠢᠷ ᠬᠤᠯᠵᠢᠬᠤ ᠰᠦᠨᠢ ᠶᠢᠨ | ᠰᠡᠳᠬᠢᠯ ᠤᠨ ᠡᠪᠤᠷ ᠢᠶᠠᠷ ᠰᠡᠮᠭᠡᠨ ᠦᠡᠭᠭᠡᠷᠡᠬᠦ ᠵᠡᠭᠦᠳᠤ ᠶᠢ ᠨᠤᠳᠤᠭ ᠭᠡᠳᠡᠭ | ᠰᠡᠷᠢᠳᠠᠭ ᠠᠰᠬ᠎ᠠ ᠠᠴᠠ ᠲᠤᠭᠯᠠᠨ ᠴᠢᠳᠬᠤᠬᠤ ᠬᠦᠷᠬᠢᠷ᠎ᠡ ᠶᠢᠨ | ᠱᠣᠣᠬᠢᠨ ᠴᠠᠮᠨᠠᠬᠤ ᠲᠤᠭᠰᠢᠨ ᠴᠤᠤᠷᠢᠶ᠎ᠠ ᠶᠢ ᠨᠤᠳᠤᠭ ᠭᠡᠳᠡᠭ | | ᠨᠤᠳᠤᠭ ᠭᠡᠬᠦ ᠠᠴᠠ ᠠᠮᠢ ᠰᠦᠨᠡᠰᠤᠨ ᠤ ᠠᠯᠳᠠᠨ ᠠᠷᠭᠠᠮᠵᠢᠶ᠎ᠠ | ᠨᠡᠭᠦᠳᠡᠯ ᠤᠨ ᠲᠤᠭᠤᠰᠤ ᠪᠠᠷ ᠲᠡᠭᠷᠢ ᠲᠤᠯᠤᠭᠰᠠᠨ ᠲᠤᠮᠤᠭ | ᠨᠤᠳᠤᠭ ᠭᠡᠬᠦ ᠠᠴᠠ ᠬᠡᠯᠡ ᠦᠰᠦᠭ ᠤᠨ ᠡᠷᠳᠡᠨᠢ ᠶᠢᠨ ᠲᠤᠪᠴᠢᠶ᠎ᠠ | ᠨᠠᠮᠳᠠᠷ ᠲᠡᠤᠬᠡᠨ ᠳᠤ ᠪᠤᠭᠤᠷᠤᠯ ᠤᠨ ᠰᠤᠷᠭᠠᠯ ᠲᠠᠢ ᠲᠤᠤᠯᠢ | | | ᠠᠮᠢᠳᠤᠷᠠᠵᠤ ᠤᠷᠤᠰᠢᠬᠤ ᠶᠢᠨ ᠤᠷᠤᠨ ᠵᠠᠢ ᠮᠦᠡᠭᠭᠡ ᠶᠢᠨ ᠪᠤᠯᠬᠤᠷ | ᠠᠯᠳᠠ ᠪᠠᠷ ᠠᠷᠠᠯᠵᠢᠳᠠᠭ ᠦᠭᠡᠢ ᠭᠠᠵᠠᠷ ᠣᠰᠣᠨ ᠢ ᠨᠤᠳᠤᠭ ᠭᠡᠳᠡᠭ | ᠠᠮᠢ ᠠᠴᠠ ᠠᠮᠢ ᠲᠠᠮᠵᠢᠨ ᠦᠶ᠎ᠡ ᠵᠠᠯᠭᠠᠬᠤ ᠤᠬᠠᠭᠠᠨ ᠪᠤᠯᠬᠤᠷ | ᠠᠷᠢᠭᠤᠨ ᠲᠠᠭᠱᠢᠨ ᠪᠤᠷᠬᠠᠨ ᠤ ᠤᠷᠤᠨ ᠢ ᠨᠤᠳᠤᠭ ᠭᠡᠳᠡᠭ ᠡ | ︽ᠠᠷᠦ ᠬᠤᠷᠴᠢᠨ︾ ᠶᠡᠷᠤᠩᠭᠡᠢ11 ᠳ᠋ᠤᠭᠠᠷ ᠬᠤᠭᠤᠴᠠᠭ᠎ᠠ ᠠᠴᠠ ᠰᠤᠩᠭᠤᠪᠠ |