ᠡᠮᠴᠢ
ᠨᠡᠶᠢᠲᠡᠯᠡᠭᠰᠡᠨ ᠴᠠᠭ᠄
2020/5/22
                     ᠡᠮᠴᠢ                                  ᠴᠢᠪᠠᠭ᠎ᠠ ᠮᠤᠩᠭᠤᠯ ᠦᠨᠳᠦᠰᠦᠳᠡᠨ ᠤ ᠲᠤᠷᠰᠢᠯᠳᠠ ᠶᠢᠨ ᠪᠠᠭ᠎ᠠ                                  ᠰᠤᠷᠭᠠᠭᠤᠯᠢ ᠶᠢᠨ 3.3 ᠳ᠋ᠤᠭᠠᠷ ᠠᠩᠭᠢ ᠶᠢᠨ  ᠴᠡᠯᠮᠡᠭ            ᠰᠢᠨ᠎ᠡ ᠵᠢᠯ ᠭᠦᠷᠴᠦ ᠢᠷᠡᠭᠦ ᠲᠠᠰᠢᠷᠠᠮ ᠳᠤ ᠬᠦᠮᠦᠨ ᠪᠦᠭᠦᠨ ᠤ ᠰᠠᠨᠠᠭᠠᠨ ᠠᠴᠠ ᠭᠠᠳᠠᠭᠤᠷ ᠬᠠᠯᠳᠠᠪᠤᠷᠢᠳᠦ ᠬᠢᠵᠢᠭ ᠦᠬᠠᠨ ᠬᠤᠳᠠᠨ ᠠᠴᠠ ᠡᠭᠦᠰᠴᠦ ᠠᠶᠤᠯ ᠠᠪᠴᠢᠷᠠᠭᠰᠠᠨ ᠪᠢᠯᠡ᠃ ᠡᠨᠡᠭᠦ ᠠᠶᠤᠯᠳᠤ ᠮᠦᠴᠡ ᠳᠤ ᠭᠦᠮᠦᠨ ᠠᠷᠠᠳ ᠤᠨ ᠰᠠᠳᠬᠢᠯ ᠲᠤᠭᠳᠠᠪᠤᠷᠢ ᠠᠯᠳᠠᠵᠤ ᠶᠠᠭᠠᠬᠢᠬᠤ ᠪᠠᠨ ᠤᠯᠬᠤ ᠦᠭᠡᠢ ᠰᠠᠨᠳᠤᠷᠤᠨ᠎ᠠ᠃        ᠠᠶᠤᠯᠳᠤ ᠬᠢᠵᠢᠭ ᠠᠴᠠ ᠪᠤᠯᠵᠤ ᠡᠯ᠎ᠡ ᠭᠠᠵᠠᠷ ᠤᠷᠤᠨ ᠤ ᠵᠠᠮ ᠬᠠᠷᠢᠯᠴᠠᠭ᠎ᠠ ᠵᠤᠭᠰᠤᠵᠤ ᠪᠢᠳᠡᠭᠦᠮᠵᠢᠯᠡᠭᠰᠡᠨ ᠪᠠᠶᠢᠳᠠᠯ ᠳᠤ ᠤᠷᠤᠵᠠᠢ᠃ ᠮᠠᠨ ᠤ ᠭᠠᠴᠠᠭ᠎ᠠ ᠲᠤᠰᠬᠤᠨ ᠤ ᠭᠦᠮᠦᠰ ᠴᠦ ᠭᠡᠷ ᠭᠡᠷ ᠲᠤ ᠪᠠᠨ ᠨᠤᠮᠤᠬᠠᠨ ᠰᠠᠭᠤᠵᠤ᠂ ᠦᠪᠡᠷ ᠦᠪᠡᠷ ᠤᠨ ᠠᠵᠢᠯ ᠢᠶᠠᠨ ᠬᠢᠵᠦ ᠠᠮᠢᠳᠤᠷᠠᠨ᠎ᠠ᠃ ᠪᠢ ᠰᠤᠨᠢᠨ ᠮᠡᠳᠡᠭᠡ ᠠᠴᠠ ᠡᠪᠡᠳᠴᠢᠨ ᠤ ᠪᠠᠶᠢᠳᠠᠯ ᠬᠢᠷᠢ ᠵᠡᠷᠭᠡ ᠪᠤᠯᠵᠤ᠂ ᠦᠬᠠᠨ ᠳᠤ ᠭᠡᠳᠦᠢ ᠡᠮᠴᠢ ᠰᠤᠪᠢᠯᠠᠭᠴᠢ᠂ ᠴᠡᠷᠢᠭ ᠴᠠᠭᠳᠠᠭ᠎ᠠ ᠲᠤᠮᠢᠯᠠᠵᠤ ᠪᠠᠶᠢᠭ᠎ᠠ᠂ ᠰᠠᠶᠢᠨ ᠲᠤᠷ᠎ᠠ ᠠᠴᠠ ᠪᠠᠨ ᠮᠦᠡᠭᠭᠦ ᠬᠠᠨᠳᠢᠪᠯᠠᠭᠰᠠᠨ ᠰᠠᠳᠬᠢᠯ ᠭᠦᠳᠡᠯᠭᠡᠮ᠎ᠡ ᠤᠴᠢᠷ᠂ ᠠᠶᠤᠯ ᠠᠴᠠ ᠠᠶᠤᠬᠤ ᠦᠭᠡᠢ ᠰᠠᠶᠢᠨ ᠲᠤᠷᠠᠴᠤᠳ ᠬᠡᠳ ᠡᠳᠦᠷ ᠪᠦᠷᠢ ᠮᠡᠳᠡᠭᠡᠯᠡᠵᠦ ᠪᠠᠶᠢᠭ᠎ᠠ ᠶᠢ ᠡᠳᠦᠷ ᠪᠦᠷᠢ ᠰᠡᠳᠬᠢᠯ ᠲᠠᠯᠪᠢᠨ ᠰᠤᠨᠤᠰᠳᠠᠭ᠃  ᠪᠢ ᠤᠣᠯ ᠠᠴᠠ ᠪᠠᠨ ᠡᠮᠴᠢ ᠰᠤᠪᠢᠯᠠᠭᠴᠢ ᠨᠠᠷ ᠢ ᠬᠠᠮᠤᠭ ᠠᠴᠠ ᠪᠢᠰᠢᠷᠡᠳᠡᠭ ᠶᠤᠮ᠂ ᠤᠴᠢᠷ ᠨᠢ ᠲᠡᠳᠡ ᠨᠠᠷ ᠪᠤᠯ ᠡᠷᠡᠭᠦᠯ ᠡᠩᠭᠡ ᠶᠢᠨ ᠡᠯᠴᠢ ᠶᠤᠮ᠃ ᠡᠪᠡᠳᠴᠢᠨ ᠳᠤ ᠨᠡᠷᠪᠡᠭᠳᠡᠭᠰᠡᠨ ᠭᠦᠮᠦᠰ ᠤᠨ ᠪᠠᠶ᠎ᠠ ᠮᠠᠬᠠᠪᠤᠳ ᠲᠠᠢ ᠨᠢ ᠰᠢᠭᠤᠳ ᠬᠦᠷᠦᠯᠴᠡᠬᠦ ᠪᠤᠯᠤᠨ᠎ᠠ᠂ ᠲᠠᠳᠠ ᠦᠷᠦᠭᠡᠯ ᠤᠨ ᠲᠦᠯᠦᠭᠡ ᠦᠪᠡᠷ ᠤᠨ ᠬᠠᠶᠢᠷᠠᠳᠤ ᠬᠦᠮᠦᠨ ᠠᠴᠠ ᠪᠠᠨ ᠰᠠᠯᠵᠤ ᠶᠠᠭ ᠯᠡ ᠲᠧᠯᠸᠢᠰ ᠵᠦᠴᠦᠭᠡ ᠳᠤ ᠭᠠᠷᠳᠠᠭ ᠲᠡᠭᠷᠢ ᠶᠢᠨ ᠡᠯᠴᠢ ᠮᠡᠳᠦ‌ᠬᠤᠷᠢᠭᠠᠲᠤ ᠤᠷᠤᠨ ᠵᠦᠭ ᠭᠦᠷᠦᠭᠰᠡᠨ ᠪᠢᠯᠡ᠃        ᠠᠶᠤᠯᠳᠤ ᠬᠢᠵᠢᠭ ᠤᠨ ᠲᠤᠮᠳᠠ ᠦᠪᠴᠢ ᠴᠠᠭᠠᠨ ᠢᠶᠠᠷ ᠬᠤᠪᠴᠠᠯᠠᠵᠤ᠂ ᠠᠮᠠᠪᠴᠢ᠂ ᠨᠢᠳᠦᠨ ᠰᠢᠯ ᠢᠶᠠᠨ ᠴᠠᠭ ᠢᠮᠠᠭᠳᠠ ᠵᠡᠭᠦᠬᠦ ᠬᠡᠷᠡᠭᠳᠡᠢ ᠲᠡᠶᠢᠮᠤ ᠮᠦᠷᠳᠡᠭᠡᠨ ᠲᠡᠳᠡ ᠨᠠᠷ ᠡᠪᠡᠳᠴᠢᠨ ᠬᠠᠯᠳᠠᠪᠤᠷᠢᠯᠠᠬᠤ ᠶᠢ ᠰᠡᠷᠭᠡᠶᠢᠯᠡᠭᠦ ᠬᠤᠪᠴᠠᠰᠤ ᠪᠠᠨ ᠠᠷᠪᠢᠯᠠᠬᠤ ᠶᠢᠨ ᠲᠦᠯᠦᠭᠡ ᠦᠷᠯᠦᠭᠡ ᠠᠴᠠ ᠦᠳᠡᠰᠢ ᠪᠤᠯᠳᠠᠯ᠎ᠠ ᠠᠯᠢ ᠴᠢᠳᠠᠬᠤ ᠪᠠᠷ ᠤᠰᠤ ᠤᠤᠭᠤᠬᠤ ᠦᠭᠡᠢ ᠪᠠᠶᠢᠳᠠᠭ ᠭᠡᠨ᠎ᠡ᠂ ᠡᠪᠡᠳᠴᠢᠨ ᠬᠠᠯᠳᠠᠪᠤᠷᠢᠯᠠᠬᠤ ᠶᠢ ᠰᠡᠷᠭᠡᠶᠢᠯᠡᠭᠦ ᠬᠤᠪᠴᠠᠰᠤ ᠨᠢ ᠨᠢᠭᠳᠠ ᠴᠢᠩᠭ᠎ᠠ  ᠪᠢᠳᠡᠭᠦᠮᠵᠢᠯᠡᠵᠦ ᠠᠭᠠᠷ ᠨᠡᠪᠳᠡᠷᠡᠭᠦ ᠦᠭᠡᠢ ᠠᠴᠠ ᠲᠠᠳᠠᠨ ᠤ ᠬᠠᠴᠠᠷ ᠨᠢᠭᠤᠷ ᠨᠢ ᠠᠮᠠᠪᠴᠢ ᠪᠠ ᠨᠢᠳᠦᠨ ᠰᠢᠯ ᠤᠨ ᠤᠷᠤᠮ ᠢᠶᠠᠷ ᠲᠦᠭᠦᠷᠴᠦ ᠵᠠᠷᠢᠮ ᠨᠢ ᠪᠦᠷ ᠰᠢᠯᠪᠤᠷᠴᠢᠬᠠᠭᠰᠠᠨ ᠪᠠᠶᠢᠯ᠎ᠠ᠂ ᠨᠡᠩ ᠬᠡᠴᠡᠭᠦᠦ ᠨᠢ ᠵᠠᠷᠢᠮ ᠡᠮᠴᠢ  ᠨᠢ ᠠᠯᠳᠠᠨ ᠠᠮᠢ ᠪᠠᠨ ᠠᠯᠳᠠᠵᠠᠢ᠃        ᠪᠢ ᠦᠪᠡᠷ ᠢ ᠪᠠᠨ ᠬᠤᠷᠳᠤᠬᠠᠨ ᠲᠤᠮᠤ ᠪᠤᠯᠤᠭᠠᠳ ᠦᠪᠡᠷ ᠤᠨ ᠦᠴᠦᠬᠡᠨ ᠴᠦ ᠭᠡᠰᠡᠨ ᠬᠤᠪᠢ ᠨᠡᠮᠡᠷᠢ  ᠪᠠᠨ ᠡᠷᠭᠦᠶ᠎ᠠ ᠭᠡᠵᠦ ᠪᠤᠳᠤᠳᠠᠭ᠂ ᠪᠠᠰᠠ ᠰᠢᠳᠢᠳᠡᠨ ᠪᠤᠯᠤᠭᠠᠳ ᠬᠠᠯᠳᠠᠪᠤᠷᠢᠳᠦ ᠬᠢᠵᠢᠭ ᠢ ᠲᠤᠤᠷ᠎ᠠ ᠨᠢ ᠤᠰᠠᠳᠬᠠᠵᠤ ᠨᠢᠭᠡᠳᠦᠭᠡᠷ ᠹᠷᠤᠨᠲ ᠲᠤ ᠭᠠᠪᠰᠢᠭᠠᠶᠢᠯᠠᠵᠤ ᠪᠠᠶᠢᠭ᠎ᠠ ᠡᠮᠴᠢ ᠨᠠᠷ ᠲᠤ ᠪᠠᠨ ᠲᠤᠰᠠ ᠪᠤᠯᠬᠤ ᠶᠢ ᠭᠦᠰᠡᠳᠡᠭ ᠰᠠᠨ᠃ ᠬᠠᠮᠤᠭ ᠠᠷᠠᠳ ᠢ ᠲᠡᠪᠵᠢᠶᠡᠷᠡᠭᠦᠯᠦᠭᠰᠡᠨ ᠬᠠᠷ᠎ᠠ ᠠᠶᠤᠯᠳᠤ  ᠬᠠᠯᠳᠠᠪᠤᠷᠢᠳᠦ ᠬᠢᠵᠢᠭ ᠬᠠᠳᠠᠨ ᠵᠤᠷᠢᠭ ᠲᠠᠢ ᠡᠮᠴᠢ ᠰᠤᠪᠢᠯᠠᠭᠴᠢ ᠨᠠᠷ ᠤᠨ ᠬᠠᠳᠠᠭᠤᠵᠢᠯᠳᠠᠢ ᠴᠢᠷᠮᠠᠶᠢᠯᠭ᠎ᠠ ᠶᠢᠨ ᠲᠤᠤᠷ᠎ᠠ ︽ᠬᠤᠶᠠᠷ ᠭᠠᠷ ᠢᠶᠠᠨ ᠡᠷᠭᠦᠨ ᠪᠠᠭᠤᠨ ᠦᠭᠴᠦ ︾ ᠬᠢᠵᠢᠭ ᠢ ᠠᠭᠠᠵᠢᠮ ᠢᠶᠠᠷ ᠬᠤᠷᠢᠭᠯᠠᠨ ᠲᠡᠶᠢᠯᠦᠭᠰᠠᠨ ᠠᠴᠠ ᠡᠪᠡᠳᠴᠢᠨ ᠳᠤ ᠨᠡᠷᠪᠡᠭᠳᠡᠭᠰᠡᠨ ᠬᠦᠮᠦᠰ ᠤᠯᠠᠩᠬᠢ ᠨᠢ ᠡᠳᠡᠭᠡᠷᠡᠵᠦ ᠠᠷᠤ ᠭᠡᠷ ᠲᠤ ᠪᠠᠨ ᠬᠠᠷᠢᠵᠤ ᠪᠠᠶᠢᠯ᠎ᠠ᠃        ᠪᠢ ︽ᠡᠮᠴᠢ ᠭᠦᠮᠦᠨ ᠵᠢᠷᠭᠠᠯ ᠤᠨ ᠡᠵᠢ︾ ᠬᠡᠳᠡᠭ ᠲᠠᠭᠤᠤ ᠶᠢ ᠰᠠᠳᠬᠢᠯ ᠳᠤ   ᠪᠠᠨ ᠲᠠᠭᠤᠯᠠᠵᠤ ᠲᠡᠳᠡ ᠨᠠᠷ ᠢᠶᠠᠨ ᠵᠢᠷᠦᠭᠡᠨ ᠳᠤ ᠪᠠᠨ ᠰᠡᠶᠢᠯᠵᠦ ᠶᠠᠪᠤᠨ᠎ᠠ᠃        ᠪᠢ ᠲᠠ ᠨᠠᠷ ᠲᠤ ᠪᠠᠨ ᠬᠠᠶᠢᠷᠠᠳᠠᠢ ᠰᠢᠦ︕        ᠴᠣᠬᠤᠯᠠᠪᠤᠷᠢ᠄ ᠠᠶᠤᠯᠳᠤ ᠬᠢᠵᠢᠭ ᠲᠡᠯᠭᠡᠷᠡᠭᠰᠡᠨ ᠠᠴᠠ ᠨᠠᠰᠢᠬᠢ ᠦᠪᠡᠷ ᠤᠨ ᠦᠵᠡᠵᠦ ᠰᠤᠨᠤᠰᠤᠭᠰᠠᠨ  ᠢᠶᠠᠨ ᠲᠠᠰ ᠲᠠᠷᠠᠭ᠎ᠠ ᠲᠠᠢ ᠨᠠᠷᠢᠯᠢᠭ ᠰᠠᠶᠢᠬᠠᠨ ᠲᠡᠮᠳᠡᠭᠯᠡᠨ ᠲᠤᠭᠠᠴᠢᠵᠤ᠂ ᠡᠷᠡᠭᠦᠯ ᠡᠩᠭᠡ ᠶᠢᠨ ᠡᠯᠴᠢ ᠪᠤᠯᠤᠭᠰᠠ ᠡᠮᠴᠢ ᠰᠤᠪᠢᠯᠠᠭᠴᠢ ᠠᠪᠠᠭ᠎ᠠ ᠠᠨᠢᠶ᠎ᠠ ᠨᠠᠷ ᠢᠶᠠᠨ ᠦᠨᠡᠨ ᠰᠡᠳᠭᠢᠯ ᠠᠴᠠ ᠪᠠᠨ ᠭᠦᠨᠳᠦᠳᠬᠡᠨ ᠪᠢᠰᠢᠷᠡᠵᠦ  ᠪᠠᠶᠢᠭ᠎ᠠ  ᠪᠠᠨ ᠪᠢᠴᠢᠭᠰᠡᠨ ᠭᠤᠶᠤ ᠵᠤᠬᠢᠶᠠᠯ ᠪᠤᠯᠤᠯ᠎ᠠ᠃        ᠦᠨᠡᠭᠡᠷ ᠴᠡᠪᠡᠷ ᠴᠠᠶᠢᠯᠭᠠᠨ ᠰᠡᠳᠬᠢᠯ ᠲᠠᠢ ᠬᠡᠤᠭᠡᠳ  ᠶᠤᠮ ᠪᠠᠶᠢᠨ᠎ᠠ᠃                                                ᠵᠢᠯᠤᠭᠤᠳᠤᠭᠰᠠᠨ ᠪᠠᠭᠰᠢ᠄ ᠰᠠᠷᠠᠩᠭᠤᠸ᠎ᠠ                                                    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号