ᠣᠬᠠᠭᠠᠷᠠᠯ
ᠨᠡᠶᠢᠲᠡᠯᠡᠭᠰᠡᠨ ᠴᠠᠭ᠄
2020/5/9
                                         ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ                                          ᠳᠣᠯᠣᠭᠠᠨ ᠤ ᠲᠠᠪᠣᠳᠣᠭᠠᠷ ᠠᠩᠬᠢ ᠶᠢᠨ   ᠪᠠᠶᠢᠭᠠᠯᠢ        ᠳᠣᠮᠳᠠᠳᠣ ᠰᠣᠷᠭᠠᠭᠤᠯᠢ ᠳᠤ ᠳᠠᠪᠰᠢᠬᠤ ᠰᠢᠯᠭᠠᠯᠳᠠ ᠶᠢᠨ ᠬᠤᠪᠢ ᠪᠣᠯ ᠪᠠᠭ᠎ᠠ ᠰᠣᠷᠭᠠᠭᠤᠯᠢ ᠶᠢᠨ ᠵᠢᠷᠭᠤᠭᠠᠨ ᠵᠢᠯ ᠤᠨ ᠴᠢᠷᠮᠠᠶᠢᠯᠭ᠎ᠠ ᠶᠢᠨ ᠦᠷ᠎ᠡ ᠳ᠋ᠦᠡᠭ ᠮᠦᠨ᠃ ᠰᠣᠷᠭᠠᠭᠤᠯᠢ ᠳᠠᠪᠰᠢᠬᠤ ᠰᠢᠯᠭᠠᠯᠳᠡ ᠳᠠᠭᠤᠰᠣᠭᠠᠳ ᠪᠠᠭᠰᠢ ᠪᠢᠳᠡᠨ ᠳᠤ ᠰᠢᠯᠭᠠᠯᠳᠠ ᠶᠢᠨ ᠬᠤᠪᠢ ᠶᠢ ᠨᠢᠬᠡ ᠨᠢᠬᠡ ᠪᠠᠷ ᠢᠯᠡᠬᠡᠵᠣ ᠦᠭᠪᠡ᠃ ᠪᠢ ᠬᠡᠯᠡ ᠪᠢᠴᠢᠭ ᠤᠨ ᠰᠢᠯᠭᠠᠯᠳᠠ ᠳᠤ ᠪᠠᠨ ᠬᠠᠷᠢᠨ ᠨᠠᠶᠠᠬᠠᠨ ᠬᠤᠪᠢ ᠣᠯᠣᠭᠰᠠᠨ ᠪᠠᠶᠢᠪᠠ᠃ ᠪᠢ ᠶᠡᠷᠦ ᠠᠴᠠ ᠡᠶᠢᠮᠦ ᠳᠣᠣᠷ᠎ᠠ ᠬᠤᠪᠢ ᠣᠯᠵᠣ ᠦᠵᠡᠭᠡ ᠦᠬᠡᠢ ᠶᠣᠮ᠃ ᠬᠡᠳᠡᠯ᠎ᠡ ᠡᠨᠡ ᠣᠳᠠᠭ᠎ᠠ ᠮᠢᠨᠣ ᠰᠠᠨᠠᠭᠰᠠᠨ ᠠᠴᠠ ᠣᠨᠳᠣᠣ ᠪᠣᠯᠵᠠᠢ᠃ ᠨᠡᠯᠢᠶᠡᠳ ᠦᠨᠳᠦᠷ ᠬᠤᠪᠢ ᠣᠯᠣᠭᠰᠠᠨ ᠬᠦᠮᠦᠨ ᠴᠦ ᠣᠯᠠᠨ ᠪᠠᠶᠢᠯ᠎ᠠ᠃ ᠳᠡᠭᠡᠭᠡᠳ ᠪᠢ ᠣᠬᠢᠯᠠᠴᠢᠬᠠᠪᠠ᠃ ᠣᠴᠢᠷ ᠨᠢ ᠪᠢ ᠣᠳᠠᠭ᠎ᠠ ᠪᠣᠯᠭᠠᠨ ᠤ ᠰᠢᠯᠭᠠᠯᠳᠠ ᠳᠤ ᠳᠡᠳᠡᠨ ᠠᠴᠠ ᠣᠷᠣᠶᠢᠯᠠᠵᠣ ᠪᠠᠶᠢᠭᠰᠠᠨ ᠪᠢᠯᠡ᠃ ᠦᠨᠡᠬᠡᠷ ᠬᠠᠷᠠᠮᠰᠠᠯᠳᠡᠢ ᠠᠵᠢ ᠃ ᠡᠵᠢ ᠮᠢᠨᠢ ᠨᠠᠳᠠ ᠳᠤ᠄ ︽ᠬᠦᠦ ᠮᠢᠨᠢ᠂ ᠪᠢᠳᠡᠬᠡᠢ ᠤᠬᠢᠯᠡ᠂ ᠨᠢᠬᠡᠨᠳᠡ  ᠦᠡᠭᠭᠡᠷᠡᠭᠰᠡᠨ ᠬᠡᠷᠡᠭ ᠲᠤ ᠣᠬᠢᠯᠠᠭᠠᠳ  ᠶᠠᠭᠠᠬᠢᠬᠤ ᠪᠣᠢ︖ ᠬᠠᠮᠢᠶ᠎ᠠ ᠦᠬᠡᠢ᠂ ᠬᠤᠵᠢᠮ ᠰᠠᠶᠢᠨ ᠴᠢᠷᠮᠠᠶᠢᠪᠠᠯ ᠯᠠᠪᠳᠡᠢ ᠠᠮᠵᠢᠯᠳᠡ ᠣᠯᠬᠤ ᠶᠣᠮ︾ ᠬᠡᠵᠣ ᠡᠶᠡᠯᠳᠡᠭ ᠢᠶᠠᠷ ᠰᠣᠷᠭᠠᠪᠠ᠃ ᠪᠢ ᠭᠡᠷ ᠲᠤ ᠪᠠᠨ ᠣᠷᠮ᠎ᠠ ᠮᠠᠭᠤᠳᠠᠶᠢᠬᠠᠨ ᠰᠠᠭᠤᠵᠣ ᠪᠠᠶᠢᠳᠠᠯ᠎ᠠ ᠠᠪᠤ ᠮᠢᠨᠢ ᠭᠠᠷᠠᠭ ᠤᠨ ᠠᠮᠠᠷᠠᠯᠳᠡ ᠳᠠᠯᠪᠢᠭᠠᠳ ᠬᠠᠷᠢᠵᠣ ᠢᠷᠡᠪᠡ᠃ ᠪᠢ ᠠᠪᠤ ᠪᠠᠨ ᠦᠵᠡᠩᠬᠦᠳᠡ ᠪᠠᠨ ᠪᠠᠰᠠ ᠣᠬᠢᠯᠠᠪᠠ᠃ ᠠᠪᠤ ᠮᠢᠨᠢ ᠨᠠᠳᠠ ᠠᠴᠠ᠄ ︽ᠪᠢᠳᠡᠬᠡᠢ ᠣᠬᠢᠯᠠᠭᠠᠳ ᠪᠠᠢ᠂ ᠶᠠᠮᠠᠷ ᠣᠴᠢᠷ ᠪᠣᠯᠣᠭᠰᠠᠨ ᠪᠣᠢ︖︾ ᠬᠡᠵᠣ ᠰᠠᠨᠠᠭ᠎ᠠ ᠵᠣᠪᠠᠨ ᠠᠰᠠᠭᠤᠪᠠ᠃ ᠪᠢ ᠠᠪᠤ ᠳᠤ ᠪᠠᠨ ᠶᠠᠭᠤ ᠬᠡᠯᠡᠬᠦ ᠪᠠᠨ ᠣᠯᠬᠤ ᠦᠬᠡᠢ ᠰᠠᠨᠳᠣᠷᠬᠤ ᠳᠤ ᠪᠠᠨ ᠰᠢᠯᠭᠠᠯᠳᠠ ᠶᠢᠨ ᠬᠤᠪᠢ  ᠪᠠᠨ ᠦᠵᠡᠬᠦᠯᠦᠯ᠎ᠡ᠃ ᠠᠪᠤ ᠮᠢᠨᠢ ᠨᠠᠳᠠ ᠳᠤ᠄ ︽ᠪᠢᠳᠡᠬᠡᠢ ᠣᠬᠢᠯᠠ᠂ ᠬᠦᠦ ᠮᠢᠨᠢ︕ ᠣᠬᠢᠯᠠᠭᠠᠳ ᠶᠠᠮᠠᠷ ᠬᠡᠷᠡᠭ ᠪᠠᠶᠢᠬᠤ ᠪᠣᠢ︖ ᠢᠯᠠᠭᠳᠠᠯ ᠪᠣᠯ ᠢᠯᠡᠯᠳᠡ ᠶᠢᠨ ᠡᠬᠢ ᠶᠣᠮ᠃ ᠬᠡᠳᠦᠶᠢᠪᠡᠷ ᠡᠨᠡ ᠣᠳᠠᠭ᠎ᠠ ᠢᠯᠠᠭᠳᠠᠭᠰᠠᠨ ᠪᠣᠯᠪᠠᠴᠦ ᠳᠠᠷᠠᠭ᠎ᠠ ᠣᠳᠠᠭ᠎ᠠ ᠰᠢᠯᠢᠳᠡᠭ ᠬᠢᠷᠢ ᠪᠦᠳᠦᠮᠵᠢ ᠣᠯᠬᠤ ᠪᠠᠷ ᠴᠢᠷᠮᠠᠶᠢᠭᠠᠷᠠᠢ︕︾ ᠬᠡᠵᠣ ᠡᠶᠡᠯᠰᠡᠭ ᠵᠦᠬᠡᠯᠡᠨ ᠢᠶᠠᠷ ᠰᠣᠷᠭᠠᠪᠠ᠃        ᠡᠭᠦᠨ ᠠᠴᠠ ᠰᠡᠬᠦᠯᠡᠷ ᠪᠢ ︽ᠢᠯᠠᠭᠳᠠᠯ ᠪᠣᠯ ᠢᠯᠡᠯᠳᠡ ᠶᠢᠨ ᠡᠬᠢ︾ ᠬᠡᠳᠡᠭ ᠢ ᠪᠠᠳᠣ ᠢᠳᠡᠬᠡᠨ᠂ ᠠᠪᠤ ᠡᠵᠢ ᠶᠢᠨ ᠢᠶᠠᠨ ᠡᠶᠡᠯᠰᠡᠭ ᠵᠦᠬᠡᠯᠡᠨ ᠰᠣᠷᠭᠠᠯ ᠠᠴᠠ ᠨᠡᠩ ᠣᠬᠠᠭᠠᠷᠠᠵᠣ ᠬᠤᠵᠢᠮ ᠪᠠᠭᠰᠢ ᠠᠬᠠᠮᠠᠳ ᠢᠶᠠᠨ ᠬᠦᠨᠳᠦᠳᠬᠡᠨ᠂ ᠬᠢᠴᠢᠶᠡᠯ ᠰᠣᠷᠣᠯᠭ᠎ᠠ ᠳᠤ ᠪᠠᠨ ᠴᠢᠷᠮᠠᠶᠢᠨ᠂ ᠰᠢᠯᠢᠳᠡᠭ ᠰᠣᠷᠣᠭᠴᠢ ᠪᠣᠯᠬᠤ ᠪᠠᠷ ᠴᠢᠷᠮᠠᠶᠢᠨ᠎ᠠ ᠭᠡᠵᠦ ᠰᠢᠢᠳᠦᠯ᠎ᠡ  ᠃                                             ᠵᠢᠯᠣᠭᠤᠳᠣᠬᠰᠠᠨ ᠪᠠᠭᠰᠢ᠄ ᠳᠠᠷᠠᠭᠠᠬᠦᠦ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号