ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ᠂ | 9.9 ᠶᠢᠨ ᠠᠯᠲᠠᠨᠵᠤᠯᠠ ︵2011—2014︶ | ᠤᠳᠤ ᠴᠠᠭ ᠴᠦ ᠲᠤᠤᠷ ᠤᠯᠠᠨ ᠪᠤᠯᠵᠠᠢ᠃ ᠠᠭᠠᠯᠵᠢᠨ ᠲᠤᠤᠷ ᠠᠴᠠ ᠡᠬᠢᠯᠡᠭᠡᠳ ᠪᠡᠯᠴᠢᠭᠡᠷ ᠲᠤ | ᠲᠠᠳᠠᠭᠰᠠᠨ ᠲᠡᠮᠦᠷ ᠲᠤᠤᠷ᠂ ᠴᠢᠨᠠᠭᠰᠢᠯᠠᠭᠠᠳ ᠨᠢᠳᠤᠨ ᠳᠤ ᠬᠠᠷᠠᠭᠳᠠᠬᠤ ᠦᠭᠡᠢ᠂ ᠭᠠᠷ ᠲᠤ ᠪᠠᠷᠢᠭᠳᠠᠬᠤ ᠦᠭᠡᠢ | ᠤᠯᠠᠨ ᠲᠤᠤᠷ ᠬᠤᠷᠸ᠎ᠠ ᠲᠡᠯᠡᠬᠡᠢ ᠶᠢ ᠪᠦᠷᠬᠦᠵᠡᠢ᠃ ᠪᠤᠳᠤᠬᠤ ᠳᠤ ᠡᠳᠡᠭᠡᠷ ᠲᠤᠤᠷ ᠨᠢ ᠦᠪᠡᠷ ᠦᠪᠡᠷ ᠤᠨ | ᠬᠡᠷᠡᠭᠴᠡᠭᠡ ᠪᠠᠶᠢᠬᠤ ᠪᠠᠶᠢᠯᠬᠦᠢ ᠳ᠋ᠠ᠃ ᠬᠠᠷᠢᠴᠠᠭ᠎ᠠ ᠬᠤᠯᠪᠤᠭᠠᠨ ᠤ ᠲᠤᠤᠷ ᠠᠴᠠ ᠡᠬᠢᠯᠡᠭᠡᠳ ᠰᠦᠯᠵᠢᠶ᠎ᠡ ᠬᠦᠷᠳᠡᠯ᠎ᠡ | ᠦᠪᠡᠷ ᠦᠪᠡᠷ ᠤᠨ ᠠᠪᠢᠶᠠᠰ ᠴᠢᠳᠠᠪᠤᠷᠢ ᠪᠠᠨ ᠭᠠᠶᠢᠬᠠᠭᠤᠯᠵᠤ ᠪᠠᠶᠢᠭ᠎ᠠ ᠪᠢᠰᠢᠦ︖ | ︽ᠪᠤᠭᠳᠠ ᠶᠢᠨ ᠪᠢᠴᠢᠭ ᠲᠤ ︿ᠬᠤᠵᠢᠮ ᠲᠡᠯᠡᠬᠡᠢ ᠶᠢᠷᠲᠢᠨᠴᠤ ᠠᠭᠠᠯᠵᠢᠨ ᠲᠤᠤᠷ ᠲᠤ ᠪᠦᠷᠭᠦᠭᠳᠡᠨᠡ﹀ | ᠭᠡᠵᠤ ᠪᠢᠴᠢᠭᠰᠡᠨ ᠪᠠᠶᠢᠳᠠᠭ ᠢ ᠨᠠᠰᠤᠲᠠᠶᠢᠴᠤᠳ ᠲᠤᠩ ᠭᠠᠶᠢᠬᠠᠳᠠᠭ ᠭᠡᠨ᠎ᠡ︾ ᠭᠡᠵᠤ ᠪᠠᠭ᠎ᠠ ᠰᠤᠷᠭᠠᠭᠤᠯᠢ ᠶᠢᠨ ᠤ᠊ | ᠪᠠᠭᠰᠢ ᠮᠠᠨ ᠳᠤ ᠶᠠᠷᠢᠬᠤ ᠳᠤ ᠪᠢ ᠲᠤᠩ ᠭᠠᠶᠢᠬᠠᠳᠠᠭ ᠪᠠᠶᠢᠭᠰᠠᠨ᠂ ᠮᠤᠨᠳᠠᠭ ᠲᠤᠮᠤ ᠠᠭᠠᠯᠵᠢ ᠪᠤᠢ ᠪᠤᠯᠵᠤ ᠲᠤᠤᠷ | ᠲᠠᠳᠠᠬᠤ ᠴᠦ ᠶᠤᠮ ᠤᠤ︖ ᠭᠡᠵᠤ ᠪᠤᠳᠤᠳᠠᠭ ᠪᠠᠶᠢᠯ᠎ᠠ᠃ ᠤᠳᠤ ᠪᠤᠳᠤᠪᠠᠯ ᠪᠠᠭᠰᠢ ᠶᠢᠨ ᠮᠢᠨᠢ ᠬᠡᠯᠡᠭᠰᠡᠨ ᠨᠢ ᠦᠨᠦ | ᠬᠦᠳᠡᠭᠡ ᠬᠡᠬᠡᠷ᠎ᠡ ᠦᠭᠡᠢ ᠰᠦᠯᠵᠢᠯᠳᠦᠭᠰᠡᠨ ᠲᠡᠮᠦᠷ ᠲᠤᠤᠷ ᠢ ᠵᠢᠭᠠᠭᠰᠠᠨ ᠪᠠᠶᠢᠯᠬᠦᠢ᠂ ᠯᠠᠪᠳᠠᠢ ᠯᠡ ᠲᠡᠷᠡ ᠨᠢᠳᠤᠨ | ᠳᠤ ᠦᠯᠦ ᠬᠠᠷᠠᠭᠳᠠᠬᠤ ᠤᠯᠠᠨ ᠤᠯᠠᠨ ᠲᠤᠤᠷ ᠢ ᠵᠢᠭᠠᠭ᠎ᠠ ᠦᠭᠡᠢ ᠳ᠋ᠠ᠃ | ᠲᠡᠮᠦᠷ ᠲᠤᠤᠷ ᠨᠢ ᠬᠦᠳᠡᠭᠡ ᠳᠤ ᠲᠠᠳᠠᠭᠳᠠᠭᠰᠠᠨ ᠠᠴᠠ ᠬᠦᠮᠦᠨ ᠬᠦᠮᠦᠨ ᠤ ᠬᠠᠷᠢᠴᠠᠭ᠎ᠠ ᠶᠢ ᠴᠦ | ᠵᠠᠭᠠᠭᠯᠠᠵᠤ ᠤᠷᠬᠢᠵᠠᠢ᠃ ᠨᠢᠳᠤᠨ ᠪᠠᠷ᠎ᠠ ᠳᠤ ᠬᠠᠷᠠᠭᠳᠠᠬᠤ ᠭᠠᠵᠠᠷ ᠬᠦᠷᠦᠶ᠎ᠡ ᠭᠡᠬᠦ ᠳᠤ ᠨᠢᠭᠡ ᠡᠳᠦᠷ ᠤᠨ ᠵᠠᠮ᠂ | ᠬᠦᠳᠡᠭᠡ ᠭᠠᠳᠠᠭ᠎ᠠ ᠦᠭᠡᠢ ᠰᠦᠯᠵᠢᠯᠳᠦᠭᠰᠡᠨ ᠲᠤᠤᠷ ᠨᠢ ᠡᠶᠢᠨᠬᠦ ᠵᠠᠮ ᠢ ᠤᠷᠲᠤ ᠪᠤᠯᠭᠠᠭᠰᠠᠨ ᠢᠶᠠᠷ ᠪᠠᠷᠠᠬᠤ ᠦᠭᠡᠢ | ᠬᠦᠮᠦᠨ ᠬᠦᠮᠦᠨ ᠤ ᠦᠪᠡᠷ ᠤᠨ ᠬᠢ ᠭᠡᠰᠡᠨ ᠬᠤᠪᠢᠨᠴᠢᠷ ᠪᠤᠳᠤᠯ ᠢ ᠶᠡᠬᠡᠰᠭᠡᠵᠤ ᠡᠨᠡ ᠬᠡᠰᠡᠭ ᠨᠢ ᠮᠢᠨᠦᠬᠢ ᠭᠡᠳᠡᠯ᠎ᠡ | ᠴᠢᠨᠤᠬᠢ ᠭᠡᠳ ᠡᠴᠢᠭᠡ ᠲᠡᠭᠷᠢ ᠡᠬᠡ ᠭᠠᠵᠠᠷ ᠬᠡᠮᠡᠨ ᠬᠦᠨᠳᠦᠯᠡᠳᠡᠭ ᠮᠤᠩᠭᠤᠯ ᠠᠭᠠᠯᠢ ᠬᠦᠳᠡᠭᠡ ᠳᠤ ᠮᠡᠨᠳᠦᠯᠡᠭᠰᠡᠨ | ᠲᠡᠮᠦᠷ ᠲᠤᠤᠷ ᠤᠨ ︽ᠰᠠᠶᠢᠨ︾ ᠢᠶᠠᠷ ᠡᠶᠢᠨᠬᠦ ᠬᠠᠶᠠᠭᠳᠠᠵᠤ ᠪᠠᠶᠢᠨ᠎ᠠ᠃ ᠲᠡᠮᠦᠷ ᠲᠤᠤᠷ ᠨᠢ ᠤᠯᠠᠨ ᠰᠠᠶᠢᠨ ᠲᠠᠯ᠎ᠠ | ᠲᠠᠢ᠃ ᠮᠠᠯ ᠤᠨᠤᠭ᠎ᠠ ᠪᠠᠨ ᠬᠤᠷᠢᠬᠤ᠂ ᠪᠡᠯᠴᠢᠭᠡᠷ ᠬᠠᠳᠤᠯᠠᠩ ᠦᠯᠡᠳᠡᠭᠡᠬᠦ᠂ ᠲᠠᠷᠢᠶ᠎ᠠ ᠡᠪᠡᠰᠤ ᠲᠠᠷᠢᠬᠤ ᠮᠡᠳᠦ᠃ | ᠲᠡᠷᠡᠴᠢᠯᠡᠨ ᠡᠵᠡᠨ ᠬᠦᠮᠦᠨ ᠭᠡᠷ ᠲᠡᠭᠡᠨ ᠲᠠᠶᠢᠪᠤᠭᠤ ᠰᠠᠭᠤᠬᠤ᠂ ᠰᠡᠳᠬᠢᠯ ᠠᠮᠠᠷ ᠪᠠᠶᠢᠬᠤ ᠵᠡᠷᠭᠡ᠃ ᠭᠡᠳᠡᠯ᠎ᠡ ᠲᠤᠤᠷ | ᠲᠠᠳᠠᠭᠰᠠᠨ ᠠᠴᠠ ᠰᠠᠶ᠋ᠢ ᠶᠢᠨ ᠬᠡᠯᠡᠭᠰᠡᠨ ᠠᠴᠠ ᠭᠠᠳᠠᠨ᠎ᠠ ᠬᠦᠮᠦᠨ ᠤ ᠦᠪᠡᠷ ᠤᠨ ᠬᠢ ᠭᠡᠵᠤ ᠢᠯᠭᠠᠬᠤ᠂ ᠵᠠᠮ | ᠬᠠᠷᠭᠤᠢ ᠲᠠᠰᠤᠯᠳᠠᠬᠤ᠂ ᠬᠡᠷᠡᠭᠦᠯ ᠵᠢᠭᠤᠷᠭᠠᠨ ᠤ ᠦᠨᠳᠦᠰᠦ ᠶᠢ ᠲᠠᠷᠢᠵᠤ ᠲᠠᠯᠪᠢᠨ ᠮᠠᠯᠴᠢᠨ ᠬᠦᠮᠦᠨ ᠠᠶᠢᠯ | ᠵᠡᠷᠭᠡᠯᠡᠲᠡᠭᠡ ᠬᠤᠷᠤᠨ ᠰᠠᠨᠠᠭ᠎ᠠ ᠭᠠᠷᠭᠠᠬᠤ ᠴᠢᠨᠠᠭᠰᠢᠯᠠᠭᠠᠳ ᠬᠡᠷᠡᠬᠦᠯ ᠵᠤᠳᠤᠭ᠎ᠠ ᠬᠢᠬᠦ ᠂ ᠵᠠᠷᠢᠮ ᠭᠠᠵᠠᠷ ᠨᠢ ᠠᠮᠢᠨ | ᠬᠡᠷᠡᠭ ᠴᠦ ᠭᠠᠷᠴᠦ ᠪᠠᠶᠢᠭᠰᠠᠨ᠃ ᠡᠬᠦᠨ ᠠᠴᠠ ᠰᠢᠯᠳᠠᠭᠠᠯᠠᠨ ᠵᠠᠯᠬᠠᠭᠤ ᠬᠤᠶᠢᠷᠭᠤ ᠪᠤᠯᠬᠤ᠂ ᠮᠠᠯ ᠤᠨᠤᠭ᠎ᠠ ᠡᠵᠡᠨ | ᠡᠵᠡᠨ ᠠᠴᠠ ᠪᠠᠨ ᠵᠠᠶᠢᠳᠠᠬᠤ᠂ ᠮᠠᠯᠴᠢᠨ ᠬᠦᠮᠦᠨ ᠮᠠᠯ ᠢᠶᠠᠨ ᠬᠤᠷᠢᠭᠰᠠᠨ ᠠᠴᠠ ᠮᠠᠯ ᠤᠨ ᠲᠤᠭ᠎ᠠ ᠲᠤᠯᠤᠭᠠᠢ ᠨᠢ | ᠴᠦᠬᠡᠷᠡᠬᠦ ᠮᠡᠳᠦ ᠡᠯᠳᠡᠪ ᠶᠠᠪᠤᠳᠠᠯ ᠴᠦ ᠲᠠᠭᠠᠯᠳᠤᠨ ᠪᠤᠢ ᠪᠤᠯᠵᠤ ᠵᠠᠷᠢᠮ ᠠᠶᠢᠯ ᠨᠢ ᠮᠠᠯ ᠤᠨᠤᠭ᠎ᠠ ᠴᠦᠬᠡᠷᠡᠬᠦ ᠠᠴᠠ | ᠪᠤᠯᠵᠤ ᠲᠤᠤᠷ ᠪᠡᠯᠴᠢᠭᠡᠷ ᠢᠶᠠᠨ ᠬᠤᠳᠠᠯᠳᠤᠬᠤ ᠨᠢᠳᠤᠨ ᠡᠮᠦᠨᠡᠬᠢ ᠠᠰᠢᠭ ᠲᠤ ᠲᠤᠷᠠᠯᠠᠬᠤ ᠭᠡᠬᠦ ᠮᠡᠳᠦ ᠪᠠᠷ ᠤᠯᠠᠨ | ᠶᠠᠪᠤᠳᠠᠯ ᠤᠨ ᠡᠬᠢ ᠡᠬᠦᠰᠪᠦᠷᠢ ᠪᠤᠯᠵᠠᠢ᠃ ᠡᠨᠡ ᠪᠤᠯ ᠲᠤᠤᠷ᠃ ᠬᠦᠳᠡᠭᠡ ᠭᠠᠳᠠᠭ᠎ᠠ ᠦᠭᠡᠢ ᠲᠠᠳᠠᠭᠳᠠᠭᠰᠠᠨ ᠲᠡᠮᠦᠷ | ᠲᠤᠤᠷ ᠤᠨ ᠤᠴᠢᠷ᠃ ᠲᠡᠯᠬᠡᠬᠦᠷ ᠤᠨ ᠡᠭᠦᠳᠡᠨ ᠳᠤ ᠡᠷᠪᠡᠶᠢᠵᠤ ᠰᠡᠷᠪᠡᠶᠢᠵᠤ ᠬᠠᠷᠠᠭᠳᠠᠬᠤ ᠡᠪᠬᠡᠮᠡᠯ ᠲᠤᠤᠷ ᠨᠢ | ᠡᠶᠢᠨᠬᠦ ᠦᠵᠡᠬᠦ ᠨᠢᠳᠤᠨ ᠤ ᠴᠡᠴᠡᠭᠡᠢ ᠪᠤᠯᠤᠭᠰᠠᠨ ᠦᠵᠡᠮᠵᠢᠳᠤ ᠨᠤᠳᠤᠭ ᠢ ᠮᠢᠨᠢ ᠬᠡᠰᠡᠭᠯᠡᠨ ᠦᠬᠡᠶᠢᠬᠢᠵᠤ ᠪᠠᠶᠢᠭ᠎ᠠ | ᠪᠦᠭᠡᠳ ᠮᠠᠯ ᠰᠦᠷᠦᠭ ᠢ ᠮᠢᠨᠢ ᠮᠦᠬᠦᠯ ᠳᠤ ᠴᠢᠷᠴᠦ ᠮᠠᠯᠴᠢᠨᠲ᠋ᠦ᠋ᠮᠡᠨ ᠢ ᠮᠢᠨᠢ ᠬᠠᠭᠠᠴᠠᠯ ᠵᠦᠭ ᠲᠤ ᠲᠠᠳᠠᠵᠤ | ᠪᠠᠶᠢᠭ᠎ᠠ᠃ | ᠪᠡᠯᠴᠢᠭᠡᠷ ᠤᠨ ᠲᠤᠤᠷ ᠨᠢ ᠨᠤᠳᠤᠭ ᠢ ᠮᠢᠨᠢ ᠲᠠᠯᠭᠢᠳᠠᠬᠤ ᠳᠤ ᠬᠡᠤᠬᠡᠳ ᠪᠠᠭᠠᠴᠤᠳ ᠨᠢ ᠴᠤ ᠠᠳᠠᠯᠢᠬᠠᠨ | ᠢᠶᠠᠷ ᠲᠤᠤᠷ ᠰᠦᠯᠵᠢᠶ᠎ᠡ ᠳᠡᠭᠡᠨ ᠰᠢᠬᠢᠳᠴᠤ ᠪᠠᠶᠢᠨ᠎ᠠ᠃ ᠤᠳᠤ ᠤᠯᠠᠩᠬᠢ ᠵᠠᠯᠠᠭᠤᠴᠤᠳ ᠪᠤᠯᠤᠩ ᠭᠠᠵᠠᠷ | ᠪᠤᠭᠵᠤᠶᠢᠵᠤ ᠰᠠᠭᠤᠭᠠᠳ ᠦᠭᠡ ᠲᠠᠭᠤᠨ ᠦᠭᠡᠢ᠂ ᠭᠠᠷ ᠤᠨ ᠠᠯᠠᠭ᠎ᠠ ᠪᠠᠨ ᠱᠠᠭᠠᠶᠢᠵᠤ ᠭᠠᠭᠴᠠᠬᠠᠨ ᠦᠭᠡᠨ ᠤ | ᠮᠡᠨᠳᠦ ᠴᠤ ᠦᠭᠡᠢ ᠪᠤᠯᠤᠯ᠎ᠠ᠃ ᠬᠡᠳᠤᠨ ᠬᠦᠮᠦᠨ ᠬᠠᠮᠳᠤ ᠬᠤᠭᠤᠯᠯᠠᠬᠤ ᠳᠤ ᠴᠦ ᠭᠠᠷ ᠤᠳᠠᠰᠤ ᠪᠠᠨ ᠭᠠᠷᠭᠠᠵᠤ | ᠦᠭᠡ ᠲᠠᠭᠤ ᠭᠡᠵᠤ ᠦᠭᠡᠢ᠂ ᠶᠠᠷᠢᠯᠴᠠᠬᠤ ᠵᠤᠭᠤᠭ ᠭᠡᠵᠤ ᠪᠠᠶᠢᠬᠤ ᠦᠭᠡᠢ ᠰᠦᠯᠵᠢᠶᠡᠨ ᠳᠤ ᠰᠢᠭᠢᠳᠴᠤ ᠪᠠᠶᠢᠭ᠎ᠠ᠃ | ᠤᠳᠤ ᠰᠦᠯᠵᠢᠶ᠎ᠡ ᠨᠢ ᠲᠠᠯ᠎ᠠ ᠶᠢᠨ ᠲᠡᠮᠦᠷ ᠲᠤᠤᠷ ᠰᠢᠭ᠋ ᠭᠠᠵᠠᠷ ᠪᠤᠯᠭᠠᠨ ᠳᠤ ᠵᠠᠢ ᠠᠪᠴᠤ ᠨᠢᠳᠤᠨ ᠳᠤ ᠦᠵᠡᠭᠳᠡᠬᠦ | ᠦᠭᠡᠢ ᠴᠦ ᠬᠦᠮᠦᠨ ᠤ ᠤᠶᠤᠨ ᠤᠬᠠᠭᠠᠨ ᠢ ᠬᠤᠷᠢᠵᠤ᠂ ᠬᠤᠷᠢᠭᠳᠠᠵᠤ ᠪᠠᠶᠢᠭ᠎ᠠ ᠮᠠᠯᠴᠢᠨ ᠬᠦᠮᠦᠨ ᠤ ᠠᠮᠢᠨ | ᠲᠡᠵᠢᠭᠡᠯ ᠮᠠᠯ ᠤᠨᠤᠭ᠎ᠠ ᠰᠢᠭ᠋ ᠢᠶᠠᠷ ᠬᠤᠭᠤᠰᠤᠷᠠᠵᠤ ᠪᠠᠶᠢᠭ᠎ᠠ᠃ ᠬᠡᠤᠬᠡᠳ ᠪᠠᠭᠠᠴᠤᠳ ᠮᠢᠨᠢ ᠦᠪᠡᠷ ᠤᠨ ᠭᠡᠰᠡᠨ | ᠴᠢᠯᠦᠭᠡᠳᠡᠢ ᠦᠵᠡᠯ ᠪᠤᠳᠤᠯ ᠢᠶᠠᠨ ᠨᠧᠲ ᠲᠤᠭᠯᠠᠭᠠᠮ ᠳᠤ ᠨᠢᠭᠡ ᠯᠡ ᠲᠤᠰᠢᠶᠠᠴᠢᠬᠠᠵᠤ᠂ ᠪᠠᠭᠰᠢ ᠶᠢᠨ ᠮᠢᠨᠢ ᠬᠡᠯᠡᠳᠡᠭ | ᠰᠢᠭ ᠪᠤᠰᠤᠳ ᠤᠨ ᠬᠡᠤᠬᠡᠳ ᠰᠦᠯᠵᠢᠶᠡᠨ ᠪᠠᠭᠠᠷ ᠠᠴᠠ ᠭᠠᠷᠬᠤ ᠴᠠᠭ ᠲᠤ ᠮᠠᠨ ᠤ ᠬᠡᠤᠬᠡᠳ ᠰᠦᠯᠵᠢᠶᠡᠨ ᠭᠠᠵᠠᠷ | ᠵᠦᠭ ᠴᠡᠭᠡᠵᠢ ᠲᠦᠷᠢᠨ ᠴᠢᠬᠢᠯᠴᠡᠬᠦ ᠪᠣᠯᠵᠤ ᠳ᠋ᠠ᠃ ᠲᠤᠤᠷ ᠰᠦᠯᠵᠢᠶ᠎ᠡ ᠨᠢ ᠮᠠᠨᠤᠰ ᠲᠤ ᠬᠢᠵᠠᠭᠠᠯᠠᠰᠢ ᠦᠭᠡᠢ | ᠠᠷᠪᠢᠨ ᠠᠰᠢᠭᠳᠠᠢ ᠵᠦᠢᠯ ᠠᠪᠴᠢᠷᠠᠵᠤ ᠦᠭᠭᠦᠯ᠎ᠡ ᠭᠡᠬᠦ ᠳᠤ ᠮᠦᠨ ᠴᠦ ᠰᠥᠷᠬᠦ ᠨᠦᠯᠦᠭᠡ ᠴᠦ ᠠᠪᠴᠢᠷᠠᠭᠰᠠᠨ ᠃ | ᠲᠡᠯᠡᠬᠡᠢ ᠶᠢᠷᠲᠢᠨᠴᠦ ᠶᠢᠨ ᠪᠠᠶᠢᠳᠠᠯ ᠢ ᠠᠵᠢᠬᠤ᠂ ᠠᠯᠤᠰ ᠬᠠᠷᠢ ᠳᠤ ᠪᠠᠶᠢᠭ᠎ᠠ ᠲᠤᠲᠤᠨᠤ ᠬᠦᠮᠦᠰ ᠲᠠᠢ ᠪᠠᠨ | ᠠᠭᠤᠯᠵᠠᠬᠤ ᠵᠡᠷᠭᠡ ᠤᠯᠠᠨ ᠤᠯᠠᠨ ᠰᠠᠶᠢᠨ ᠲᠠᠢ ᠲᠠᠯ᠎ᠠ ᠪᠠᠶᠢᠨ᠎ᠠ ᠭᠡᠬᠦ ᠳᠤ ᠵᠠᠯᠠᠭᠤ ᠪᠠᠭᠠᠴᠤᠳ ᠢ ᠤᠷᠤᠭᠤ ᠲᠠᠳᠠᠬᠤ᠂ | ᠲᠤᠭᠯᠠᠭᠠᠮ ᠨᠠᠭᠠᠳᠤᠮ ᠳᠤ ᠰᠢᠨᠤᠬᠤ᠂ ᠡᠯᠳᠡᠪ ᠡᠰᠡᠨ ᠡᠷᠡᠬᠦᠯ ᠪᠤᠰᠤ ᠠᠭᠤᠯᠭ᠎ᠠ ᠶᠢ ᠴᠦ ᠠᠪᠴᠢᠷᠠᠵᠤ ᠦᠭᠭᠦᠭᠰᠡᠨ᠃ | ᠡᠶᠢᠮᠦ ᠴᠦ ᠤᠴᠢᠷ ᠲᠤ ᠬᠠᠶᠢᠷᠠᠨ ᠰᠠᠶᠢᠬᠠᠨ ᠴᠠᠭ ᠮᠦᠴᠡ ᠪᠠ ᠪᠡᠶ᠎ᠡ ᠰᠡᠳᠬᠢᠯ ᠤᠨ ᠦᠷᠡᠭᠳᠡᠯ ᠪᠤᠢ ᠪᠤᠯᠵᠤ ᠴᠤᠭ | ᠰᠦᠯᠳᠡ ᠦᠭᠡᠢ ᠪᠤᠯᠬᠤ᠂ ︽ᠡᠳᠦᠷ ᠤᠨ ᠪᠤᠳᠤᠯ ᠰᠦᠨᠢ ᠶᠢᠨ ᠵᠡᠭᠦᠳᠦᠨ︾ ᠳᠤ ᠨᠢ ᠦᠨᠦᠬᠢ ᠲᠤᠭᠯᠠᠭᠠᠮ ᠤᠨ | ᠰᠢᠷᠦᠬᠦᠨ ᠦᠷᠢᠰᠦᠯᠳᠦᠭᠡᠨ ᠬᠠᠳᠠᠭᠳᠠᠵᠤ ᠬᠢᠴᠢᠶᠡᠯ ᠰᠤᠷᠤᠯᠭ᠎ᠠ ᠬᠠᠶᠠᠭᠳᠠᠵᠤ ᠦᠢᠯᠡᠰ ᠠᠵᠢᠯ ᠭᠡᠭᠡᠭᠳᠡᠨᠦᠵᠡᠯ | ᠪᠤᠳᠤᠯ ᠨᠢ ᠲᠤᠤᠷ ᠰᠦᠯᠵᠢᠶᠡᠨ ᠳᠤ ᠲᠤᠤᠷᠯᠠᠭᠳᠠᠵᠤ ᠠᠭᠠᠯᠵᠢᠨ ᠲᠤᠤᠷ ᠲᠤ ᠮᠦᠷᠬᠦᠭᠰᠡᠨ ᠪᠠᠳᠠᠭᠠᠨ᠎ᠠ ᠰᠢᠮᠠᠭᠤᠯ | ᠰᠢᠭ᠋ ᠭᠠᠷᠬᠤ ᠭᠠᠵᠠᠷ ᠢᠶᠠᠨ ᠤᠯᠬᠤ ᠦᠭᠡᠢ ᠪᠤᠯᠳᠠᠭ ᠪᠠᠶᠢᠨ᠎ᠠ᠃ ᠪᠢᠳᠡ ᠦᠪᠡᠷ ᠤᠨ ᠪᠠᠶᠢᠳᠠᠭ ᠤᠶᠤᠨ ᠤᠬᠠᠭᠠᠨ | ᠢᠶᠠᠨ ᠪᠦᠷ ᠰᠦᠯᠵᠢᠶᠡᠨ ᠳᠤ ᠰᠦᠯᠵᠢᠬᠦᠯᠵᠤ ᠲᠤᠤᠷᠯᠠᠭᠤᠯᠴᠢᠬᠠᠭᠠᠳ ᠶᠠᠭᠠᠬᠢᠨ ᠪᠤᠯᠬᠤ ᠪᠢᠯᠡ︖ ᠬᠦᠳᠡᠭᠡ | ᠲᠠᠳᠠᠭᠰᠠᠨ ᠲᠡᠮᠦᠷ ᠲᠤᠤᠷ ᠢ ᠬᠠᠪᠴᠢ ᠦᠷᠦᠯᠪᠢ ᠪᠠᠷ ᠵᠠᠳᠠᠯᠤᠭᠠᠳ ᠪᠤᠯᠴᠢᠬᠠᠬᠤ ᠳᠤ ᠤᠶᠤᠨ ᠢ ᠤᠷᠢᠶᠠᠭᠰᠠᠨ ᠡᠨᠡᠬᠦ | ︽ᠲᠤᠤᠷ︾ ᠢ ᠶᠠᠭᠤ ᠪᠠᠷ ᠴᠦ ᠵᠠᠳᠠᠯᠳᠠᠭ ᠪᠢᠯᠡ ᠳ᠋ᠠ︖ | ︽ᠲᠤᠤᠷ︾ ᠭᠡᠳᠡᠭ ᠬᠤᠶᠠᠷᠬᠠᠨ ᠭᠡᠳᠡᠰᠦ ᠲᠠᠢ ᠤᠬᠤᠷᠬᠠᠨ ᠦᠰᠦᠭ ᠨᠢ ᠮᠤᠩᠭᠤᠯ ᠨᠤᠳᠤᠭ᠂ ᠮᠤᠩᠭᠤᠯ | ᠬᠡᠤᠬᠡᠳ ᠤᠨ ᠰᠡᠳᠬᠢᠴᠡ ᠬᠤᠶᠠᠷ ᠢ ᠯᠡ ᠭᠡᠳᠡᠰᠦᠨ ᠳᠤ ᠪᠠᠨ ᠵᠠᠯᠬᠢᠵᠤ ᠪᠠᠶᠢᠭ᠎ᠠ ᠪᠢᠰᠢ ᠰᠢᠦ᠃ ᠨᠤᠲᠤᠭ ᠤᠰᠤ | ᠪᠠᠨ ᠲᠡᠮᠦᠷ ᠲᠤᠤᠷ ᠢᠶᠠᠷ ᠡᠪᠭᠡᠵᠤ ᠡᠪᠬᠡᠵᠤ ᠦᠪᠡᠷᠰᠡᠳ ᠤᠨ ᠤᠶᠤᠨ ᠤᠬᠠᠭᠠᠨ ᠢᠶᠠᠨ ᠲᠤᠤᠷ ᠰᠦᠯᠵᠢᠶᠡᠨ ᠳᠤ | ᠬᠡᠲᠦ ᠰᠢᠨᠤᠵᠦ ᠬᠤᠮᠢᠭᠤᠯᠵᠤ ᠯᠡ ᠪᠠᠶᠢᠪᠠᠯ ᠮᠠᠨᠤᠰ ᠤᠷᠤᠭᠤ ᠶᠠᠮᠠᠷ ᠨᠢᠭᠡ ᠬᠠᠷ᠎ᠠ ᠠᠶᠤᠯ ᠣᠶᠢᠷᠠᠳᠴᠤ ᠪᠠᠶᠢᠭ᠎ᠠ ᠨᠢ | ᠲᠡᠷᠡ ᠡ︕ | ᠤᠳᠤ ᠬᠠᠮᠢᠭ᠎ᠠ ᠴᠦ ᠭᠡᠰᠡᠨ ᠦᠭᠡᠢ ᠡᠯᠳᠡᠪ ᠡᠰᠡᠨ ᠦᠭᠶᠦᠭᠡᠳᠡᠯ ᠤᠨ ︽ᠲᠤᠤᠷ︾ ᠭᠠᠵᠠᠷ ᠠᠪᠴᠤ ᠪᠤᠢ᠃ | ᠪᠢᠳᠡ ︽ᠬᠦᠴᠦᠳᠤ ᠬᠤᠶᠠᠭᠳᠤ ᠰᠢᠪᠠᠵᠢ ᠠᠭᠠᠯᠵᠢᠨ ᠲᠤᠤᠷ ᠢ ᠡᠪᠳᠡᠭᠰᠡᠨ︾ ᠮᠡᠳᠦ ᠢᠯᠡᠬᠤ ᠠᠴᠠ ᠪᠢᠰᠢ | ᠵᠢᠭᠠᠬᠠᠨ ᠰᠢᠪᠡᠵᠢ ᠰᠢᠭ᠋ ᠢᠯᠠᠭᠳᠠᠨ ᠢᠳᠡᠭᠳᠡᠵᠤ ᠶᠠᠭᠠᠬᠢᠭᠰᠠᠨ ᠴᠦ ᠪᠤᠯᠬᠤ ᠦᠭᠡᠢ ᠰᠢᠦ ᠳ᠋ᠠ᠃ ᠤᠤᠯ ᠠᠴᠠ ᠪᠠᠨ | ᠪᠡᠯᠴᠢᠭᠡᠷᠯᠡᠵᠤ ᠦᠰᠦᠭᠰᠡᠨ ᠮᠠᠯ ᠤᠳ ᠮᠢᠨᠢ ᠲᠡᠮᠦᠷ ᠲᠤᠤᠷ ᠤᠨ ᠪᠤᠢ ᠪᠤᠯᠤᠭᠰᠠᠨ ᠠᠴᠠ ᠬᠦᠯ ᠢᠶᠠᠨ ᠬᠤᠷᠢᠶᠠᠯᠭᠠᠵᠤ | ᠲᠤᠭᠤᠷᠠᠢ ᠬᠤᠬᠢᠰᠤ ᠨᠢ ᠤᠷᠳᠤᠵᠢᠭᠰᠠᠨ᠃ ᠤᠤᠯ ᠠᠴᠠ ᠪᠠᠨ ᠬᠤᠷᠠᠭ᠎ᠠ ᠲᠤᠭᠤᠯ ᠲᠠᠢ ᠪᠠᠨ ᠲᠤᠭᠯᠠᠵᠤ ᠦᠰᠦᠭᠰᠡᠨ | ᠵᠢᠭᠠᠯ ᠤᠳ ᠨᠧᠲ ᠲᠤᠭᠯᠠᠭᠠᠮ ᠳᠤ ᠰᠢᠨᠤᠭᠠᠳ ᠮᠤᠩᠭᠤᠯ ᠠᠮᠢᠳᠤᠷᠠᠯ ᠤᠨ ᠤᠢ ᠤᠬᠠᠭᠠᠨ ᠢᠶᠠᠨ ᠠᠷᠤ ᠳᠤ ᠪᠠᠨ | ᠰᠢᠳᠡᠵᠤ ᠪᠤᠳᠤᠯᠭ᠎ᠠ ᠨᠢ ᠤᠬᠤᠷᠳᠠᠭᠰᠠᠨ᠃ | ᠦᠨᠦᠳᠦᠷ ᠪᠢᠳᠡ ᠦᠪᠡᠷ ᠵᠠᠭᠤᠷ᠎ᠠ ᠪᠠᠨ ᠬᠠᠳᠬᠤᠯᠴᠠᠨ ᠡᠪᠳᠡᠷᠡᠯᠴᠡᠵᠤ ᠪᠡᠯᠴᠢᠭᠡᠷ ᠨᠤᠳᠤᠭ ᠢᠶᠠᠨ ᠲᠤᠤᠷᠯᠠᠨ | ᠮᠡᠷᠡᠨᠡ᠃ ᠦᠨᠦᠳᠦᠷ ᠪᠢᠳᠡ ᠨᠧᠲ ᠲᠤᠭᠯᠠᠭᠠᠮ ᠳᠤ ᠰᠢᠨᠤᠵᠤ ᠮᠢᠨᠴᠤᠭᠦᠷᠡᠨᠡ᠃ ᠬᠡᠯᠡᠵᠤ ᠮᠡᠳᠡᠬᠦ ᠦᠭᠡᠢ ᠮᠠᠷᠭᠠᠰᠢ | ᠪᠤᠯᠬᠤ ᠳᠤ ᠪᠢᠳᠡ ᠰᠤᠶᠤᠯ ᠢᠶᠠᠨ ᠲᠤᠤᠷᠯᠠᠭᠤᠯᠴᠢᠬᠠᠵᠤ ᠮᠡᠳᠡᠨ᠎ᠡ ᠰᠢᠦ ᠳ᠋ᠠ︕ ︽ᠲᠤᠤᠷ — ᠲᠤᠤᠷᠯᠠᠬᠤ — | ᠲᠤᠤᠷᠯᠠᠭᠳᠠᠵᠠᠢ︾ ᠭᠡᠬᠦ ᠦᠶᠡᠰ ᠠᠯᠢᠪᠠ ᠪᠦᠷ ᠤᠷᠤᠶᠢᠳᠠᠵᠤ ᠮᠡᠳᠡᠨ᠎ᠡ ᠃ | ᠲᠤᠤᠷ — ᠤᠳᠠᠰᠤ ᠲᠡᠮᠦᠷ ᠬᠢᠯᠭᠠᠰᠤ ᠵᠡᠷᠭᠡ ᠶᠠᠭᠤᠮ᠎ᠠ ᠪᠠᠷ ᠰᠦᠯᠵᠢᠵᠤ ᠠᠮᠢᠳᠠᠨ ᠢ ᠬᠤᠷᠢᠵᠤ | ᠲᠤᠷᠭᠤᠨ ᠬᠠᠰᠢᠬᠤ ᠬᠡᠷᠡᠭᠰᠡᠯ᠃ ᠬᠡᠷᠪᠡ ᠤᠷᠤᠰᠢᠬᠤ ᠨᠤᠳᠤᠭ᠂ ᠤᠩᠰᠢᠬᠤ ᠰᠤᠶᠤᠯ ᠮᠢᠨᠢ ᠲᠤᠤᠷᠯᠠᠭᠳᠠᠴᠢᠬᠠᠪᠠᠯ | ᠪᠢᠳᠡᠨ ᠤ ᠤᠶᠤᠨ ᠤᠬᠠᠭᠠᠨ ᠲᠡᠯᠡᠬᠦ ᠶᠢᠨ ᠵᠠᠢ ᠦᠭᠡᠢ ᠪᠤᠯᠤᠨ᠎ᠠ᠃ ᠬᠡᠷᠪᠡ ᠪᠢᠳᠡᠨ ᠤ ᠤᠬᠠᠭᠠᠷᠠᠨ ᠲᠤᠮᠤᠭᠠᠵᠢᠬᠤ | ᠱᠠᠳᠤᠨ ᠳᠤ ᠦᠵᠡᠯ ᠤᠬᠠᠮᠰᠠᠷ ᠮᠢᠨᠢ ᠲᠤᠤᠷᠯᠠᠭᠳᠠᠴᠢᠬᠠᠪᠠᠯ ᠪᠢᠳᠡᠨ ᠳᠤ ᠢᠷᠡᠭᠡᠳᠦᠢ ᠭᠡᠮᠡᠷ ᠶᠠᠭᠤᠮ᠎ᠠ ᠪᠠᠶᠢᠬᠤ ᠦᠭᠡᠢ | ᠪᠤᠯᠤᠨ᠎ᠠ᠃ ᠨᠤᠳᠤᠭ ᠤᠨ ᠠᠬᠠᠮᠠᠳ ᠨᠠᠷ ᠮᠢᠨᠢ ᠠᠯᠢ ᠨᠢᠭᠡ ᠡᠳᠦᠷ ᠤᠬᠠᠮᠰᠠᠷᠠᠨ ᠰᠡᠭᠡᠭᠡᠷᠡᠵᠤ ᠲᠠᠯ᠎ᠠ ᠶᠢᠨ ᠲᠡᠮᠦᠷ | ᠲᠤᠤᠷ ᠢᠶᠠᠨ ᠡᠪᠬᠡᠬᠦ ᠪᠤᠢ᠂ ᠲᠡᠷᠡ ᠦᠶᠡᠰ ᠪᠠᠭᠠᠴᠤᠳ ᠵᠠᠯᠠᠭᠤᠴᠤᠳ ᠪᠢᠳᠡ ᠤᠶᠤᠨ ᠤ ᠬᠦᠯᠢᠶᠡᠰᠦ ᠲᠤᠤᠷ | ᠰᠦᠯᠵᠢᠶ᠎ᠡ ᠠᠴᠠ ᠴᠦ ᠤᠷᠠᠨ ᠮᠤᠯᠳᠤᠷᠠᠬᠤ ᠪᠤᠢ︕ | ※ ᠲᠤᠰ ᠵᠤᠬᠢᠶᠠᠯ ᠲᠠᠪᠤᠲᠤᠭᠠᠷ ᠣᠲᠠᠭᠠᠨ ᠤ ᠨᠠᠢᠮᠠᠨ ᠰᠢᠷᠭ᠎ᠠ ᠵᠤᠬᠢᠶᠠᠯ ᠤᠨ | ᠣᠷᠣᠯᠲᠤᠭᠠᠨ ᠳᠤ ᠬᠤᠶᠠᠲᠤᠭᠠᠷ ᠲᠡᠰ ᠤᠨ ᠱᠠᠩᠨᠠᠯ ᠬᠦᠷᠲᠡᠪᠡ | ᠵᠢᠯᠤᠭᠤᠳᠤᠭᠰᠠᠨ ᠪᠠᠭᠰᠢ — ᠡᠷᠲᠡᠮᠲᠤ | |