ᠠᠳᠡᠭᠦᠷᠡᠯ | ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ | 9.8 ᠶᠢᠨ ᠰᠤᠷᠤᠭᠴᠢ ᠡ᠊ · ᠬᠠᠩᠭᠠᠢ | | ᠬᠦᠭᠡᠷᠦᠬᠦᠨ ᠴᠤᠪᠤᠭᠤ ᠬᠡᠤᠬᠡᠳ ᠤᠨ ᠪᠤᠳᠤᠯ ᠵᠠᠶᠢᠳᠠᠵᠤ ᠂ ᠨᠡᠶᠢᠭᠡᠮ ᠢ ᠲᠠᠨᠢᠵᠤ ᠡᠬᠢᠯᠡᠵᠤ ᠪᠠᠶᠢᠭ᠎ᠠ ᠪᠢ | ᠨᠢᠭᠡᠨᠲᠡ ᠪᠢᠴᠢᠬᠠᠨ ︽ᠲᠤᠮᠤ ᠬᠦᠮᠦᠨ︾ ᠤ ᠡᠩᠨᠡᠭᠡᠨ ᠳᠤ ᠠᠯᠬᠤᠨ ᠤᠷᠤᠪᠠ᠃ ᠦᠩᠭᠡᠷᠡᠭᠰᠡᠨ ᠶᠠᠪᠤᠳᠠᠯ ᠢᠶᠠᠨ | ᠡᠷᠭᠢᠴᠡᠭᠦᠯᠦᠨ ᠪᠤᠳᠤᠬᠤ ᠳᠤ ᠵᠠᠷᠢᠮ ᠳᠤ ᠪᠠᠨ ᠪᠠᠶᠠᠷ᠂ ᠵᠠᠷᠢᠮ ᠳᠤ ᠪᠠᠨ ᠬᠠᠷᠠᠮᠰᠠᠯ᠂ ᠲᠡᠭᠦᠨᠴᠢᠯᠡᠨ ᠭᠤᠨᠢᠭ ᠤᠨ | ᠰᠡᠳᠬᠢᠯ ᠲᠦᠷᠦᠭᠳᠡᠳᠡᠭ᠃ | ᠨᠠᠮ᠎ᠠ ᠶᠢ ᠲᠠᠪᠤᠳᠤᠭᠠᠷ ᠤᠨ ᠪᠠᠶᠢᠬᠤ ᠳᠤ ᠶᠤᠮ ᠰᠠᠨ᠃ ᠲᠡᠷᠡ ᠦᠶ᠎ᠡ ᠳᠤ ᠶᠠᠭᠠᠬᠢᠭᠠᠳ ᠴᠤ ᠶᠤᠮ ᠪᠤᠤ | ᠮᠡᠳᠡ᠂ ᠲᠠᠩᠳᠠ ᠪᠠᠭᠰᠢ ᠶᠢᠨ ᠲᠤᠷᠭᠠᠭᠤᠯᠢ ᠶᠢ ᠬᠦᠷᠳᠡᠵᠤ ᠦᠷᠭᠦᠯᠵᠢ ᠰᠤᠷᠭᠠᠭᠤᠯᠢ ᠳᠤ ᠦᠯᠡᠳᠡᠳᠡᠭ ᠪᠠᠶᠢᠯ᠎ᠠ᠃ | ᠲᠡᠷᠡ ᠦᠶᠡᠰ ᠤᠴᠠᠭᠠᠷ ᠪᠤᠬᠢᠨᠢᠳᠤᠯ᠂ ᠰᠡᠳᠬᠢᠯ ᠤᠨ ᠦᠭᠡ ᠪᠠᠨ ᠬᠡᠯᠡᠬᠦ ᠰᠡᠳᠬᠢᠯ ᠢ ᠮᠡᠳᠡᠭᠴᠢ᠂ ᠤᠭᠤᠨᠤ ᠶᠢᠨ | ᠬᠤᠶᠠᠷ ᠡᠪᠡᠷ ᠰᠢᠭ ᠢᠵᠢᠯᠢᠰᠢᠨ ᠲᠠᠰᠤᠭᠰᠠᠨ — ᠡᠳᠤᠷ ᠤᠨ ᠲᠡᠮᠲᠡᠭᠯᠡᠯ ᠲᠡᠭᠡᠷ᠎ᠡ ᠪᠠᠨ ᠯᠡ ᠪᠢᠴᠢᠳᠡᠭ ᠲᠠᠳᠬᠠᠯ | ᠲᠠᠢ ᠪᠤᠯᠪᠠ᠃ ᠪᠠᠶᠠᠷ ᠭᠤᠨᠢᠭ ᠪᠦᠬᠦᠨ ᠢᠶᠠᠨ ᠡᠳᠦᠷ ᠤᠨ ᠲᠡᠮᠲᠡᠭᠯᠡᠯ ᠲᠠᠢ ᠪᠠᠨ ᠬᠤᠪᠢᠶᠠᠯᠴᠠᠭᠰᠠᠨ ᠤᠴᠢᠷ ᠠᠴᠠ | ᠪᠢ ᠲᠡᠭᠦᠨ ᠢ ᠪᠠᠨ ᠠᠮᠢᠨ ᠠᠴᠠ ᠪᠠᠨ ᠢᠯᠡᠭᠦᠤ ᠦᠵᠡᠳᠡᠭ᠃ | ᠨᠢᠭᠡᠨ ᠡᠳᠦᠷ ᠪᠢ ᠪᠠᠰᠠ ᠯᠠ ᠤᠭ ᠤᠨ ᠢᠶᠠᠨ ᠰᠢᠭ ᠢᠶᠠᠷ ᠲᠠᠰᠬᠠᠯ ᠢᠶᠠᠨ ᠲᠤᠳᠠᠭᠤ ᠬᠢᠭᠡᠳ ᠪᠠᠭᠰᠢ ᠳᠤ | ᠲᠠᠭᠤᠳᠠᠭᠳᠠᠵᠤ ᠠᠯᠪᠠᠨ ᠭᠡᠷ ᠲᠤ ᠨᠢ ︽ᠦᠩᠭᠡ ᠭᠡᠷᠡᠯᠳᠠᠢ︾ ᠪᠠᠷ ᠦᠪᠡᠷ ᠤᠨ ︽ᠢᠷᠠᠭᠤ ᠠᠯᠳᠠᠷᠳᠤ︾ ᠬᠡᠳᠤᠨ | ᠴᠠᠭ ᠢᠶᠠᠨ ᠦᠩᠭᠡᠷᠡᠭᠡᠭᠡᠳ ᠨᠠᠷᠠ ᠤᠨᠠᠬᠤ ᠦᠶ᠎ᠡ ᠪᠠᠷ ᠰᠠᠶ᠋ᠢ ᠬᠢᠵᠤ ᠪᠠᠷᠠᠵᠤ ᠭᠡᠷ ᠵᠦᠭ ᠢᠶᠠᠨ ᠠᠯᠬᠤᠪᠠ᠃ ᠠᠯᠳᠠᠨ | ᠰᠢᠷᠭᠠᠯ ᠨᠠᠮᠤᠷ ᠮᠤᠳᠤᠨ ᠲᠡᠭᠡᠷ᠎ᠡ ᠬᠦᠭᠡᠷᠦᠨ ᠲᠤᠭᠯᠠᠨ᠎ᠠ᠃ ᠭᠡᠳᠡᠯ᠎ᠡ ᠡᠨᠡ ᠪᠦᠬᠦᠨ ᠮᠢᠨᠤ ᠰᠡᠳᠬᠢᠯ ᠤᠨ ᠭᠤᠨᠢᠭ ᠢ | ᠠᠷᠢᠯᠭᠠᠵᠤ ᠴᠢᠳᠠᠭᠰᠠᠨ ᠦᠭᠡᠢ᠃ ᠵᠠᠮ ᠤᠨ ᠬᠠᠵᠠᠭᠤᠳᠠᠬᠢ ᠮᠤᠳᠤᠨ ᠤ ᠰᠢᠷᠭᠠᠯ ᠨᠠᠪᠴᠢᠰ ᠬᠠᠶᠠ ᠰᠠᠯᠬᠢᠨ ᠤ | ᠦᠵᠦᠭᠦᠷ ᠢ ᠲᠠᠭᠠᠵᠤ ᠬᠡᠶᠢᠰᠤᠨ ᠪᠠᠭᠤᠬᠤ ᠨᠢ ᠮᠢᠨᠤ ᠰᠡᠳᠬᠢᠯ ᠢ ᠨᠡᠩ ᠬᠦᠨᠳᠤ ᠪᠤᠯᠭᠠᠪᠠ᠃ ᠭᠡᠷ ᠲᠤ ᠪᠠᠨ | ᠬᠦᠷᠴᠦ ᠢᠷᠡᠬᠦ ᠳᠤ ᠡᠭᠦᠳᠡᠨ ᠭᠠᠳᠠᠨ᠎ᠠ ᠠᠴᠠ ᠠᠩᠬᠢᠯᠤᠮ᠎ᠠ ᠦᠨᠦᠷ ᠦᠨᠦᠷᠳᠤᠨᠡ᠃ ᠭᠡᠷ ᠲᠤ ᠪᠠᠨ ᠤᠷᠤᠵᠤ | ᠦᠵᠡᠬᠦ ᠳᠤ ᠡᠵᠢ ᠮᠢᠨᠢ ᠠᠮᠳᠠᠳᠤ ᠰᠠᠶᠢᠬᠠᠨ ᠪᠤᠳᠠᠭ᠎ᠠ ᠨᠤᠭᠤᠭ᠎ᠠ ᠪᠡᠯᠡᠳᠭᠡᠭᠡᠳ ᠲᠠᠯᠪᠢᠵᠠᠢ᠃ ᠪᠢ ᠰᠢᠷᠡᠭᠡ ᠦᠭᠡᠳᠡ | ᠨᠢᠭᠡ ᠰᠢᠷᠪᠢᠭᠡᠳ ᠦᠷᠦᠭᠡᠨ ᠳᠤ ᠪᠠᠨ ᠤᠷᠤᠯ᠎ᠠ᠃ ᠬᠡᠳᠤᠶᠢᠪᠡᠷ ᠡᠨᠡ ᠡᠷᠡᠨ ᠤ ᠬᠤᠭᠤᠯᠠ ᠨᠢ ᠮᠢᠨᠤ ᠬᠠᠮᠤᠭ ᠤᠨ | ᠲᠤᠷᠠᠳᠠᠢ ᠬᠤᠭᠤᠯᠠ ᠵᠠᠭᠤᠰᠢ ᠪᠠᠶᠢᠭᠰᠠᠨ ᠴᠦ ᠪᠢ ᠢᠳᠡᠵᠦ ᠤᠷᠤᠬᠤ ᠦᠭᠡᠢ᠂ ᠢᠳᠡᠬᠦ ᠤᠷᠮ᠎ᠠ ᠴᠦ ᠦᠭᠡᠢ᠃ | ᠦᠷᠦᠭᠡᠨ ᠳᠤ ᠪᠠᠨ ᠤᠷᠤᠭᠠᠳ ᠵᠢᠭᠠᠬᠠᠨ ᠠᠮᠠᠷᠠᠵᠤ ᠡᠳᠦᠷ ᠤᠨ ᠲᠡᠮᠲᠡᠭᠯᠡᠯ ᠢᠶᠠᠨ ᠡᠷᠢᠯ᠎ᠡ᠃ ᠭᠡᠪᠡᠴᠤ ᠬᠡᠳᠦᠢ | ᠡᠷᠢᠭᠰᠡᠨ ᠴᠦ ᠤᠯᠳᠠᠭᠰᠠᠨ ᠦᠭᠡᠢ᠃ ᠡᠨᠡ ᠦᠶᠡᠰ ᠬᠦᠯ ᠪᠦᠮᠪᠦᠭᠡᠨ ᠳᠤ ᠬᠤᠷᠤᠬᠠᠶᠢᠳᠠᠢ ᠲᠡᠭᠦᠦ ᠮᠢᠨᠢ ᠨᠢᠭᠡ ᠪᠡᠶ᠎ᠡ | ᠬᠦᠯᠦᠰᠦᠨ ᠤ ᠦᠨᠦᠷ ᠰᠡᠩᠬᠢᠨᠡᠭᠦᠯᠦᠨ ᠤᠷᠤᠵᠤ ᠢᠷᠡᠪᠡ᠃ ᠪᠢ᠄ ︽ᠮᠢᠨᠤ ᠲᠡᠭᠦᠦ ᠠᠬ᠎ᠠ ᠶᠢᠨ ᠢᠶᠠᠨ ᠡᠳᠦᠷ ᠤᠨ | ᠲᠡᠮᠲᠡᠭᠯᠡᠯ ᠢ ᠤᠯᠵᠤ ᠦᠵᠡᠭᠰᠡᠨ ᠤᠤ︖ ᠬᠠᠷ᠎ᠠ ᠦᠩᠭᠡᠳᠠᠢ ᠁︾ ᠭᠡᠬᠦ ᠳᠤ ᠠᠬ᠎ᠠ ᠡ᠂ ᠦᠴᠦᠭᠡᠳᠦᠷ | ᠪᠢᠴᠢᠭ ᠤᠨ ᠰᠢᠷᠡᠭᠡᠨ ᠲᠡᠭᠡᠷ᠎ᠡ ᠴᠢᠨᠢ ᠪᠠᠶᠢᠭᠰᠠᠨ ᠰᠢᠭ︾ ᠭᠡᠵᠤ ᠲᠡᠷᠡ ᠮᠤᠳᠤᠨ ᠰᠢᠷᠡᠭᠡ ᠶᠢ ᠵᠢᠭᠠᠨ᠎ᠠ᠃ ᠪᠢ | ᠮᠤᠬᠤᠳᠠᠯ᠎ᠠ ᠡᠷᠢᠭᠰᠡᠨ ᠴᠦ ᠤᠯᠤᠭᠰᠠᠨ ᠦᠭᠡᠢ ᠲᠤᠯᠠ ᠮᠢᠨᠤ ᠰᠡᠳᠬᠢᠯ ᠢ ᠠᠭᠤᠯᠠ ᠲᠠᠷᠤᠭᠰᠠᠨ ᠮᠡᠳᠤ ᠨᠡᠩ ᠬᠦᠨᠳᠦ | ᠪᠤᠯᠪᠠ᠃ ᠮᠢᠨᠤ ᠡᠳᠤᠷ ᠤᠨ ᠲᠡᠮᠲᠡᠭᠯᠡᠯ ᠢ ᠬᠡᠷᠪᠡ ᠲᠡᠭᠦᠦ ᠮᠢᠨᠢ ᠠᠪᠤᠭᠠᠳ ᠠᠪᠤ ᠡᠵᠢ ᠳᠤ ᠦᠵᠡᠭᠦᠯᠦᠭᠰᠡᠨ ᠪᠤᠯ ᠪᠢ | ᠴᠦ ᠪᠠᠷᠠᠭᠰᠠᠨ ᠬᠡᠷᠡᠭ ᠡ᠃ ᠪᠢ ᠬᠡᠳᠦᠶᠢᠪᠡᠷ ᠲᠡᠭᠦᠦ ᠪᠠᠨ ᠠᠪᠤᠯ᠎ᠠ ᠭᠡᠵᠦ ᠢᠳᠡᠭᠡᠬᠦ ᠦᠭᠡᠢ ᠪᠤᠯᠪᠠᠴᠤ ᠦᠪᠡᠷ ᠤᠨ | ᠡᠷᠬᠡ ᠦᠭᠡᠢ ᠰᠡᠵᠢᠭ ᠲᠦᠷᠦᠯ᠎ᠡ᠃ | ᠬᠡᠳᠤᠨ ᠡᠳᠤᠷ ᠤᠨ ᠲᠠᠷᠠᠭ᠎ᠠ ᠠᠪᠤ ᠡᠵᠢ ᠬᠠᠴᠢᠨ ᠪᠤᠯᠤᠭᠰᠠᠨ ᠰᠢᠭ᠋ ᠰᠠᠨᠠᠭᠳᠠᠪᠠ᠃ ᠲᠠᠩᠳᠠ ᠮᠢᠨᠤ | ᠰᠤᠷᠤᠯᠭ᠎ᠠ ᠠᠮᠢᠳᠤᠷᠠᠯ ᠢ ᠬᠠᠯᠠᠮᠵᠢᠯᠠᠬᠤ ᠪᠤᠯᠵᠤ ᠬᠠᠶᠠ ᠵᠠᠷᠢᠮ ᠳᠤ ᠪᠠᠨ ᠰᠤᠷᠭᠠᠭᠤᠯᠢ ᠳᠤ ᠤᠴᠢᠵᠤ ᠪᠠᠭᠰᠢ ᠲᠠᠢ | ᠴᠦ ᠠᠭᠤᠯᠵᠠᠳᠠᠭ ᠪᠤᠯᠵᠠᠢ ᠃ ᠡᠭᠦᠨ ᠤ ᠵᠡᠷᠭᠡ ᠪᠠᠷ ᠲᠡᠭᠦᠦ ᠴᠦ ᠲᠤᠩ ᠶᠡᠭᠡ ᠬᠤᠪᠢᠷᠠᠯᠳᠠ ᠭᠠᠷᠤᠯ᠎ᠠ᠃ ᠲᠡᠭᠦᠨ ᠤ | ᠰᠤᠯᠠ ᠵᠠᠷᠤᠬᠤ ᠵᠤᠭᠤᠰ ᠤᠨ ᠬᠠᠳᠠᠭᠠᠯᠠᠮᠵᠢ ᠦᠳᠳᠡᠷ ᠲᠦᠷᠭᠡᠨ ᠨᠡᠮᠡᠭᠳᠡᠵᠤ ᠪᠠᠶᠢᠯ᠎ᠠ᠃ ᠪᠠᠷᠤᠭ ᠯᠠ ᠮᠢᠨᠤ ᠵᠤᠭᠤᠰ | ᠤᠨ ᠬᠡᠳᠦᠨ ᠲᠠᠬᠢᠨ ᠪᠤᠯᠬᠤ ᠰᠢᠬᠠᠪᠠ᠃ ᠡᠭᠦᠨ ᠢ ᠦᠵᠡᠭᠰᠡᠨ ᠪᠢ ᠲᠡᠭᠦᠦ ᠯᠠᠪ ᠡᠳᠦᠷ ᠤᠨ ᠲᠡᠮᠲᠡᠭᠯᠡᠯ ᠢ ᠡᠵᠢ ᠳᠤ | ᠦᠵᠡᠭᠦᠯᠵᠠᠢ ᠭᠡᠵᠤ ᠪᠠᠳᠤᠯᠠᠭ᠎ᠠ ᠲᠠᠢ ᠪᠤᠳᠤᠪᠠ᠃ | ᠡᠨᠡ ᠡᠳᠦᠷ ᠤᠨ ᠨᠠᠷᠠ ᠠᠯᠢ ᠵᠦᠭ ᠠᠴᠠ ᠮᠠᠨᠳᠤᠭᠰᠠᠨ ᠢ ᠪᠤᠤ ᠮᠡᠳᠡ᠃ ᠪᠢ ᠡᠨᠡ ᠡᠳᠦᠷ ᠬᠠᠷᠢᠨ ᠪᠠᠭᠰᠢ | ᠶᠢᠨ ᠭᠠᠷ ᠠᠴᠠ ᠮᠤᠯᠳᠤᠷᠠᠵᠤ ᠲᠤᠳᠤᠷ᠎ᠠ ᠲᠤᠩ ᠪᠠᠶᠠᠷᠳᠠᠢ ᠪᠠᠶᠢᠯ᠎ᠠ᠃ ᠭᠡᠷ ᠲᠤ ᠪᠠᠨ ᠬᠦᠷᠬᠦ ᠳᠤ ᠡᠭᠦᠳᠡ | ᠨᠡᠭᠡᠭᠡᠯᠳᠡᠳᠡᠢ ᠪᠠᠶᠢᠵᠦ ᠱᠠᠭᠠᠶᠢᠨ ᠦᠵᠡᠪᠡᠯ ᠡᠵᠢ ᠲᠡᠭᠦᠦ ᠲᠠᠢ ᠨᠢᠭᠡ ᠶᠠᠭᠤᠮ᠎ᠠ ᠶᠠᠷᠢᠯᠴᠠᠵᠤ ᠪᠠᠶᠢᠪᠠ᠃ ᠭᠡᠨᠡᠳᠳᠡ | ᠪᠢ ᠨᠢᠭᠡ ᠶᠠᠭᠤᠮ᠎ᠠ ᠤᠯᠵᠤ ᠦᠵᠡᠯ᠎ᠡ — ᠡᠵᠢ ᠮᠢᠨᠤ ︽ᠡᠳᠦᠷ ᠤᠨ ᠲᠡᠮᠲᠡᠭᠯᠡᠯ︾ ᠢ ᠲᠡᠭᠦᠦ ᠳᠤ ᠦᠭᠴᠤ | ᠪᠠᠶᠢᠪᠠ᠃ ᠡᠭᠦᠨ ᠢ ᠦᠵᠡᠭᠰᠡᠨ ᠪᠢ ᠬᠢᠯᠢᠩ ᠤᠨ ᠭᠠᠯ ᠪᠠᠳᠠᠷᠠᠵᠤ ᠤᠷᠤᠢ ᠪᠤᠯᠵᠤ ᠪᠠᠶᠢᠭᠠᠳ ᠮᠡᠳᠡᠶ᠎ᠡ ᠭᠡᠵᠤ ᠰᠢᠳᠤ | ᠵᠠᠭᠤᠯᠠ᠃ ᠤᠷᠤᠢ ᠶᠢᠨ ᠬᠤᠭᠤᠯᠠ ᠪᠠᠨ ᠬᠠᠯᠳᠤ ᠮᠦᠯᠳᠤ ᠢᠳᠡᠭᠡᠳ ᠦᠷᠦᠭᠡᠨ ᠳᠤ ᠪᠠᠨ ᠤᠷᠤᠪᠠ᠃ ᠡᠭᠦᠳᠡ | ᠤᠷᠤᠮᠠᠭᠴᠠ ᠮᠢᠨᠤ ᠲᠡᠭᠦᠦ ︽ᠡᠳᠦᠷ ᠤᠨ ᠲᠡᠮᠲᠡᠭᠯᠡᠯ︾ ᠢ ᠤᠷᠤᠯᠳᠤᠵᠤ ᠪᠠᠶᠢᠬᠤ ᠶᠢ ᠤᠯᠵᠤ ᠦᠵᠡᠪᠡ᠃ ᠮᠢᠨᠤ | ᠤᠳᠠᠭᠠᠨ ᠡᠳᠦᠷ ᠵᠤᠵᠠᠭᠠᠨ ᠬᠤᠨᠤᠭ ᠤᠨ ᠬᠢᠯᠢᠩ ᠲᠡᠷᠡ ᠭᠱᠠᠨ ᠳᠤ ᠪᠤᠴᠠᠯᠵᠤ ᠪᠠᠷᠢᠨ ᠲᠤᠤᠷ᠎ᠠ ᠨᠢ ᠭᠦᠶᠦᠵᠦ | ᠤᠴᠢᠭᠠᠳ ᠭᠠᠷ ᠠᠴᠠ ᠨᠢ ︽ᠡᠳᠦᠷ ᠤᠨ ᠲᠡᠮᠲᠡᠭᠯᠡᠯ︾ ᠢᠶᠠᠨ ᠰᠢᠭᠦᠷᠤᠨ ᠠᠪᠴᠤ ᠠᠭᠤᠷᠯᠠᠭᠰᠠᠨ ᠤ ᠬᠢ ᠶᠤᠮ ᠤᠤ | ᠡᠰᠡᠭᠦᠯ᠎ᠡ ᠭᠠᠷ ᠵᠦᠷᠢᠭᠰᠡᠨ ᠤ ᠬᠢ ᠶᠤᠮ ᠤᠤ ᠪᠤᠤ ᠮᠡᠳᠡ ᠶᠠᠭ ᠰᠠᠶᠢᠬᠠᠨ ᠲᠡᠭᠦᠦ ᠶᠢᠨ ᠮᠢᠨᠢ ᠪᠤᠨᠲᠤᠭᠤᠷ | ᠬᠦᠭᠡᠷᠦᠬᠦᠨ ᠬᠠᠴᠠᠷ ᠲᠡᠭᠡᠷ᠎ᠡ ᠨᠢ ᠲᠠᠪᠤᠨ ᠬᠤᠷᠤᠭᠤᠨ ᠤ ᠤᠷᠤᠮ ᠦᠯᠡᠳᠡᠪᠡ᠃ ᠭᠡᠪᠡᠴᠦ ᠪᠢ ᠡᠭᠦᠨ ᠢ ᠬᠠᠶᠢᠬᠤᠷᠤᠯ | ᠦᠭᠡᠢ ᠪᠠᠷ᠄ ︽ᠴᠢ ᠮᠢᠨᠤ ︿ᠡᠳᠦᠷ ᠤᠨ ᠲᠡᠮᠲᠡᠭᠯᠡᠯ﹀ ᠢᠶᠠᠷ ᠶᠠᠭᠤ ᠬᠢᠭᠰᠡᠨ ᠪᠤᠢ︖ ᠡᠵᠢ ᠳᠤ ᠴᠢ ᠦᠵᠡᠭᠦᠯᠵᠦ… | ︾ ᠭᠡᠵᠤ ᠲᠤᠯᠭᠠᠨ ᠰᠢᠬᠠᠯ᠎ᠠ᠃ ᠲᠡᠭᠦᠦ ᠵᠠᠶᠢᠷᠳᠤᠭᠰᠠᠨ ᠨᠢᠲᠤ ᠪᠠᠷ ᠨᠠᠮ᠎ᠠ ᠶᠢ ᠰᠢᠷᠳᠡᠵᠦ᠄ ︽ᠠᠬ᠎ᠠ ᠡ ᠁ | ᠲᠡᠷᠡ ︿ᠡᠳᠦᠷ ᠤᠨ ᠲᠡᠮᠲᠡᠭᠯᠡᠯ﹀ ᠁ ᠢ ᠪᠢ ᠲᠠᠨ ᠳᠤ ᠠᠪᠴᠤ ᠦᠭᠭᠦᠭᠰᠡᠨ ᠰᠢᠤ︕︾ ᠭᠡᠳ ᠡᠭᠡᠷ ᠲᠠᠲᠠᠨ | ᠤᠬᠢᠯᠠᠪᠠ᠃ ᠪᠢ ᠲᠡᠮᠲᠡᠭᠯᠡᠯ ᠤᠨ ᠲᠡᠪᠲᠡᠷ ᠢ ᠤᠷᠪᠠᠭᠤᠯᠵᠤ ᠦᠵᠡᠭᠰᠡᠨ ᠳᠤ ᠲᠡᠭᠡᠷ᠎ᠡ ᠨᠢ᠄ ︽ᠠᠬ᠎ᠠ ᠮᠢᠨᠢ ᠪᠢᠳᠡᠭᠡᠢ | ᠵᠤᠪᠠ᠂ ᠡᠭᠦᠨ ᠢ ᠲᠡᠭᠦᠦ ᠨᠢ ᠪᠡᠯᠡᠭ ᠪᠤᠯᠭᠠᠨ ᠲᠠᠨ ᠳᠤ ᠬᠦᠷᠭᠡᠶ᠎ᠡ︕︾ ᠭᠡᠰᠡᠨ ᠬᠠᠵᠠᠭᠠᠢ ᠮᠤᠰᠢᠭᠠᠢ ᠬᠡᠳᠦᠨ | ᠦᠰᠦᠭ ᠪᠠᠶᠢᠯ᠎ᠠ᠃ ᠪᠢ ᠲᠠᠬᠢᠨ ᠲᠡᠮᠲᠡᠭᠯᠡᠯ ᠤᠨ ᠲᠡᠪᠲᠡᠷ ᠢ ᠨᠠᠷᠢᠪᠴᠢᠯᠠᠨ ᠦᠵᠡᠭᠰᠡᠨ ᠳᠤ ᠴᠤ᠋ ᠰᠢᠨ᠎ᠡ ᠮᠦᠷᠳᠡᠭᠡᠨ | ᠲᠡᠭᠡᠷ᠎ᠡ ᠨᠢ ᠠᠷᠪᠠᠨ ᠲᠤᠯᠤᠭᠠᠨ ᠲᠦᠭᠦᠷᠢᠭ ᠭᠡᠰᠡᠨ ᠪᠢᠴᠢᠭᠡᠰᠦᠳᠠᠢ ᠪᠠᠶᠢᠯ᠎ᠠ᠃ ᠡᠭᠦᠨ ᠢ ᠦᠵᠡᠭᠡᠳ ᠮᠢᠨᠤ ᠲᠤᠳᠤᠷ᠎ᠠ | ᠫᠠᠯ ᠬᠢᠪᠡ᠃ ᠤᠤᠯ ᠨᠢ ᠲᠡᠭᠦᠦ ᠶᠢᠨ ᠮᠢᠨᠢ ᠵᠤᠭᠤᠰ ᠴᠤᠭᠯᠠᠭᠤᠯᠤᠭᠰᠠᠨ ᠨᠢ ᠬᠠᠷᠢᠨ ᠮᠢᠨᠤ ᠲᠦᠯᠦᠭᠡ ᠶᠤᠮ ᠪᠠᠶᠢᠵᠠᠢ | ᠃ ᠡᠨᠡ ᠠᠷᠪᠠᠨ ᠲᠤᠯᠤᠭᠠᠨ ᠲᠦᠭᠦᠷᠢᠭ ᠪᠤᠯ ᠬᠦᠭᠡᠷᠦᠬᠦᠢ ᠲᠡᠭᠦᠦ ᠶᠢᠨ ᠮᠢᠨᠢ ᠬᠡᠳᠦᠨ ᠭᠠᠷᠠᠭ ᠤᠨ ᠰᠤᠯᠠ ᠵᠠᠷᠤᠬᠤ | ᠵᠤᠭᠤᠰ ᠶᠤᠮ᠃ ᠲᠡᠭᠦᠦ ᠮᠢᠨᠢ ᠮᠠᠭᠤ ᠠᠬ᠎ᠠ ᠳᠤ ᠪᠠᠨ ︽ᠡᠳᠦᠷ ᠤᠨ ᠲᠡᠮᠲᠡᠭᠯᠡᠯ︾ ᠠᠪᠴᠤ ᠦᠭᠭᠦᠨ᠎ᠡ | ᠭᠡᠳ ᠁ | ᠪᠢ ᠲᠡᠭᠦᠦ ᠶᠢᠨ ᠴᠢᠷᠠᠢ ᠶᠢ ᠬᠠᠷᠠᠯ᠎ᠠ᠂ ᠲᠠᠪᠤᠨ ᠬᠤᠷᠤᠭᠤᠨ ᠤ ᠤᠪ ᠤᠯᠠᠭᠠᠨ ᠮᠦᠷ ᠬᠠᠴᠠᠷ ᠲᠡᠭᠡᠷ᠎ᠡ ᠨᠢ | ᠲᠤᠳᠤᠷᠠᠵᠤ ᠨᠢᠭᠤᠷ ᠨᠢ ᠬᠠᠪᠤᠳᠤᠯᠠ᠃ ᠪᠢ᠄ ︽ᠲᠡᠭᠦᠦ ᠮᠢᠨᠢ ᠠᠭᠤᠴᠢᠯᠠᠭᠠᠷᠠᠢ︕ ᠠᠬ᠎ᠠ ᠨᠢ ᠴᠢᠮ᠎ᠠ ᠶᠢ | ᠬᠢᠯᠢᠰᠳᠡᠭᠦᠯᠪᠡ᠂ ᠮᠢᠨᠤ ᠲᠡᠭᠦᠦ ᠠᠬ᠎ᠠ ᠪᠠᠨ ᠠᠭᠤᠴᠢᠯᠠᠵᠤ ᠪᠤᠯᠤᠨ᠎ᠠ ᠤᠤ︖︾ ᠭᠡᠬᠦ ᠳᠤ ᠲᠡᠭᠦᠦ ᠬᠠᠷᠢᠨ᠄ ︽ᠮᠠᠨ | ᠤ ᠪᠠᠭᠰᠢ ᠬᠡᠯᠡᠭᠰᠡᠨ᠂ ᠪᠤᠰᠤᠳ ᠢ ᠠᠭᠤᠴᠢᠯᠠᠳᠠᠭ ᠬᠡᠤᠬᠡᠳ ᠪᠤᠯ ᠰᠠᠶᠢᠨ ᠬᠡᠤᠬᠡᠳ᠂ ᠡᠶᠢᠮᠤ ᠠᠴᠠ ᠪᠢ ᠴᠢᠮ᠎ᠠ ᠶᠢ | ᠠᠭᠤᠴᠢᠯᠠᠨ᠎ᠠ᠂ ᠢᠩᠬᠢᠪᠡᠯ ᠪᠢ ᠰᠠᠶᠢᠨ ᠬᠡᠤᠬᠡᠳ ᠪᠤᠯᠴᠢᠬᠠᠨ᠎ᠠ︾ ᠭᠡᠯᠡ᠃ ᠡᠨᠡᠬᠦ ᠦᠭᠡ ᠶᠢ ᠰᠤᠨᠤᠰᠤᠭᠠᠳ ᠪᠢ | ᠨᠢᠯᠪᠤᠰᠤᠨ ᠬᠦᠮᠦᠨ ᠪᠤᠯᠪᠠ᠃ ᠤᠷᠤᠰᠤᠭᠰᠠᠨ ᠨᠢᠯᠪᠤᠰᠤ ᠬᠠᠴᠠᠷ ᠢ ᠲᠠᠭᠠᠵᠤ ᠠᠮᠠᠨ ᠳᠤ ᠠᠮᠳᠠᠯᠠᠭᠳᠠᠬᠤ ᠳᠤ | ᠱᠤᠷᠪᠤᠭ ᠪᠢᠰᠢ ᠬᠠᠷᠢᠨ ᠭᠠᠰᠢᠭᠤᠨ ᠪᠠᠶᠢᠪᠠ᠃ | ᠪᠤᠨᠳᠤᠭᠤᠷ ᠲᠡᠭᠦᠦ ᠶᠢᠨ ᠮᠢᠨᠢ ᠨᠢᠯᠬᠠᠰᠠᠭ ᠪᠤᠳᠤᠯ ᠬᠦᠭᠡᠷᠦᠬᠦᠢ︕ | ᠬᠡᠳᠦᠨ ᠡᠳᠦᠷ ᠤᠨ ᠲᠠᠷᠠᠭ᠎ᠠ ᠪᠢ ︽ᠡᠳᠦᠷ ᠤᠨ ᠲᠡᠮᠲᠡᠭᠯᠡᠯ︾ ᠢᠶᠠᠨ ᠨᠤᠮ ᠤᠨ ᠬᠤᠷᠭᠤᠨ ᠠᠴᠠ ᠤᠯᠵᠤ | ᠠᠪᠤᠯ᠎ᠠ᠃ | ᠤᠶᠤᠨ ᠲᠠᠷᠢᠬᠢᠨ ᠤ ᠬᠠᠳᠠᠭᠠᠰᠤ᠂ ᠰᠡᠳᠬᠢᠯ ᠵᠢᠷᠦᠬᠡᠨ ᠤ ᠰᠢᠷᠬᠠᠯᠠᠭ᠎ᠠ ᠪᠤᠯᠤᠭᠰᠠᠨ ᠡᠨᠡ ᠶᠠᠪᠤᠳᠠᠯ ᠢ | ᠪᠤᠳᠤᠬᠤ ᠪᠦᠷᠢ ᠭᠡᠮᠰᠢᠯ ᠤᠨ ᠭᠦᠨ ᠬᠦᠪ ᠳᠤ ᠤᠨᠠᠨ᠎ᠠ᠃ ᠬᠦᠭᠡᠷᠦᠬᠦᠨ ᠲᠡᠭᠦᠦ ᠶᠢᠨ ᠮᠢᠨᠢ ᠪᠤᠨᠲᠤᠭᠤᠷ ᠬᠠᠴᠠᠷ | ᠲᠠᠬᠢ ᠲᠠᠪᠤᠨ ᠬᠤᠷᠤᠭᠤᠨ ᠤ ᠮᠦᠷ ᠨᠢ ᠲᠡᠭᠦᠨ ᠤ ᠬᠠᠴᠠᠷ ᠲᠡᠭᠡᠷ᠎ᠡ ᠪᠢᠰᠢ ᠮᠢᠨᠤ ᠵᠢᠷᠦᠬᠡᠨ ᠲᠡᠭᠡᠷ᠎ᠡ | ᠲᠠᠮᠠᠭᠠᠯᠠᠭᠳᠠᠵᠠᠢ᠃ | | ※ ᠲᠤᠰ ᠵᠤᠬᠢᠶᠠᠯ ᠲᠦᠷᠪᠡᠳᠦᠬᠡᠷ ᠣᠲᠠᠭᠠᠨ ᠤ ᠨᠠᠢᠮᠠᠨ ᠰᠢᠷᠭ᠎ᠠ ᠵᠤᠬᠢᠶᠠᠯ ᠤᠨ ᠣᠷᠣᠯᠲᠤᠭᠠᠨ ᠳᠤ | ᠬᠤᠶᠠᠲᠤᠭᠠᠷ ᠲᠡᠰ ᠤᠨ ᠱᠠᠩᠨᠠᠯ ᠬᠦᠷᠲᠡᠪᠡ | ᠵᠢᠯᠤᠭᠤᠲᠤᠭᠰᠠᠨ ᠪᠠᠭᠰᠢ— ᠹᠦᠰᠢᠶᠤᠤ | | |