ᠣᠨᠴᠠ ᠲᠤᠰᠠᠯᠠᠮᠵᠢ ᠬᠦᠷᠲᠡᠬᠦ ᠡᠲᠡᠭᠡᠳ ᠲᠤ ᠲᠤᠰᠠᠯᠠᠮᠵᠢ ᠶᠢᠨ ᠮᠥᠩᠭᠦ ᠣᠯᠭᠤᠬᠤ
ᠨᠡᠶᠢᠲᠡᠯᠡᠭᠰᠡᠨ ᠴᠠᠭ᠄
2021/10/19
ᠬᠦᠯᠢᠶᠡᠨ ᠰᠢᠢᠳᠪᠦᠷᠢᠯᠡᠬᠦ ᠨᠥᠬᠦᠴᠡᠯ        ︵ᠨᠢᠭᠡ︶ ᠵᠥᠪᠰᠢᠶᠡᠷᠡᠬᠦ ᠨᠥᠬᠦᠴᠡᠯ᠄ ᠱᠠᠭᠠᠷᠳᠠᠯᠭ᠎ᠠ ᠳᠤ ᠨᠡᠶᠢᠴᠡᠭᠰᠡᠨ ᠲᠤᠰᠠᠯᠠᠮᠵᠢ ᠬᠦᠷᠲᠡᠵᠦ ᠪᠠᠶᠢᠭ᠎ᠠ ᠬᠥᠮᠦᠨ᠃ ︵ᠬᠤᠶᠠᠷ︶ ᠥᠯᠥ ᠵᠥᠪᠰᠢᠶᠡᠷᠡᠬᠦ ᠪᠠᠶᠢᠳᠠᠯ᠄ ᠲᠤᠰᠠᠯᠠᠮᠵᠢ ᠣᠯᠭᠤᠬᠤ ᠱᠠᠭᠠᠷᠳᠠᠯᠭ᠎ᠠ ᠳᠤ ᠥᠯᠥ ᠨᠡᠶᠢᠴᠡᠬᠦ ︵ᠦᠬᠦᠬᠦ︶᠃ ︵ᠭᠤᠷᠪᠠ︶ ᠲᠣᠳᠣᠷᠬᠠᠶᠢᠯᠠᠬᠤ ᠴᠢᠬᠤᠯᠠᠲᠠᠶ ᠪᠤᠰᠤᠳ ᠪᠠᠶᠢᠳᠠᠯ᠄  ᠦᠭᠡᠢ᠃ᠲᠣᠭᠲᠠᠭᠠᠭᠰᠠᠨ ᠦᠨᠳᠦᠰᠦᠯᠡᠯ       【 ᠳᠦᠷᠢᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ】 ︽ ᠪᠠᠶᠢᠭᠤᠯᠤᠮᠵᠢ ᠶᠢ ᠴᠣᠮᠬᠠᠳᠬᠠᠨ ᠠᠵᠢᠯ ᠠᠴᠠ ᠨᠢ ᠪᠠᠭᠤᠯᠭᠠᠭᠰᠠᠨ ᠠᠬᠠᠮᠠᠳ ᠠᠵᠢᠯᠳᠠᠨ ᠠᠵᠢᠯᠴᠢᠨ ᠤ ᠠᠮᠢᠳᠤᠷᠠᠯ ᠤᠨ ᠬᠦᠴᠢᠷᠳᠡᠯ ᠢ ᠲᠡᠳᠬᠦᠬᠦ ᠠᠰᠠᠭᠤᠳᠠᠯ ᠤᠨ ᠲᠤᠬᠠᠶ ᠲᠦᠷᠦ ᠶᠢᠨ ᠶᠠᠪᠤᠳᠠᠯ ᠤᠨ ᠬᠤᠷᠢᠶᠠᠨ ᠤ ᠮᠡᠳᠡᠭᠳᠡᠯ》 ︵﹇65﹈ ᠤᠯᠤᠰ ᠳᠣᠲᠣᠭᠠᠳᠤ ᠦᠰᠦᠭ 224 ᠳ᠋ᠦ᠋ᠭᠡᠷ ᠲᠣᠭᠠᠲᠤ︶ ᠬᠤᠶᠠᠷ᠂ ᠤᠤᠯ ᠤᠨ ᠴᠠᠯᠢᠩ ᠤᠨ ᠵᠠᠭᠤᠨ ᠤ ᠭᠤᠴᠢ ᠶᠢᠨ ᠲᠡᠳᠬᠦᠮᠵᠢ ᠶᠢᠨ ᠵᠠᠷᠤᠳᠠᠯ ᠢ ᠰᠠᠷ᠎ᠠ ᠪᠣᠯᠭᠠᠨ ᠡᠳ᠋ᠯᠡᠵᠦ ᠪᠠᠶᠢᠭ᠎ᠠ ᠠᠵᠢᠯ ᠠᠴᠠ ᠪᠠᠨ ᠪᠠᠭᠤᠭᠰᠠᠨ ᠬᠥᠭᠰᠢᠨ ᠪᠠᠭᠤᠷᠠᠶ ᠵᠡᠮᠳᠡᠭ ᠠᠵᠢᠯᠳᠠᠨ ᠠᠵᠢᠯᠴᠢᠨ ᠪᠦᠬᠦᠨ ᠳᠤ ᠲᠤᠰ ᠮᠡᠳᠡᠭᠳᠡᠯ ᠢ ᠪᠠᠭᠤᠯᠭᠠᠭᠰᠠᠨ ᠤ ᠳᠠᠷᠠᠭᠠᠬᠢ ᠨᠢᠭᠡ ᠰᠠᠷ᠎ᠠ ᠠᠴᠠ ᠡᠬᠢᠯᠡᠨ ᠲᠤᠰ ᠬᠥᠮᠦᠨ ᠤ ᠤᠤᠯ ᠤᠨ ᠴᠠᠯᠢᠩ ᠤᠨ ᠬᠢᠨᠢ ᠵᠠᠭᠤᠨ ᠤ ᠳᠥᠴᠢ ᠪᠠᠷ ᠲᠡᠳᠬᠦᠮᠵᠢ ᠶᠢᠨ ᠵᠠᠷᠤᠳᠠᠯ ᠥᠭᠬᠦ ᠪᠣᠯᠭᠠᠨ ᠥᠭᠡᠷᠡᠴᠢᠯᠡᠨ᠎ᠡ᠃ ᠲᠤᠯᠤᠭ᠎ᠠ᠂ 1961 ᠣᠨ ᠠᠴᠠ ᠲᠤᠰ ᠮᠡᠳᠡᠭᠳᠡᠯ ᠢ ᠪᠠᠭᠤᠯᠭᠠᠭᠰᠠᠨ ᠡᠳᠦᠷ ᠪᠣᠯᠲᠠᠯᠠᠬᠢ ᠬᠤᠭᠤᠴᠠᠭᠠᠨ ᠳᠤ ᠴᠣᠮᠬᠠᠳᠬᠠᠨ ᠠᠵᠢᠯ ᠠᠴᠠ ᠨᠢ ᠪᠠᠭᠤᠯᠭᠠᠭᠰᠠᠨ 1957 ᠣᠨ ᠤ ᠵᠢᠯ ᠤᠨ ᠡᠴᠦᠰ ᠠᠴᠠ ᠡᠮᠦᠨ᠎ᠡ ᠠᠵᠢᠯ ᠳᠤ ᠤᠷᠤᠭᠰᠠᠨ ᠠᠵᠢᠯᠳᠠᠨ ᠠᠵᠢᠯᠴᠢᠨ ᠤ ᠳᠣᠲᠣᠷ᠎ᠠ᠂ ᠲᠤᠰ ᠮᠡᠳᠡᠭᠳᠡᠯ ᠤᠨ ᠨᠢᠭᠡᠳᠦᠭᠡᠷ ᠵᠤᠷᠪᠤᠰ ᠲᠤ ᠲᠣᠭᠲᠠᠭᠠᠭᠰᠠᠨ ᠪᠡᠶ᠎ᠡ ᠮᠠᠬᠠᠪᠣᠳ ᠤᠨ ᠨᠥᠬᠦᠴᠡᠯ ᠳᠤ ᠨᠡᠶᠢᠴᠡᠬᠦ ᠦᠭᠡᠢ ᠪᠣᠯᠪᠠᠴᠤ ᠠᠮᠢᠳᠤᠷᠠᠯ ᠨᠢ ᠬᠦᠴᠢᠷᠳᠡᠯ ᠲᠠᠢ ᠪᠠᠶᠢᠪᠠᠯ ᠠᠷᠠᠳ ᠤᠨ ᠶᠠᠪᠤᠳᠠᠯ ᠤᠨ ᠰᠠᠯᠠᠭ᠎ᠠ ᠮᠥᠴᠢᠷ ᠠᠴᠠ ᠠᠮᠢᠳᠤᠷᠠᠯ ᠤᠨ ᠲᠡᠳᠬᠦᠮᠵᠢ ᠥᠭᠴᠦ᠂ ᠲᠡᠳᠡᠨ ᠤ ᠠᠮᠢᠳᠤᠷᠠᠯ ᠢ ᠲᠤᠬᠠᠶ ᠶᠢᠨ ᠭᠠᠵᠠᠷ ᠤᠨ ᠡᠩ ᠤᠨ ᠰᠠᠭᠤᠭᠠᠯᠢ ᠠᠷᠠᠳ ᠤᠨ ᠠᠮᠢᠳᠤᠷᠠᠯ ᠠᠴᠠ ᠳᠣᠣᠷ᠎ᠠ ᠪᠠᠶᠢᠯᠭᠠᠵᠤ ᠪᠣᠯᠬᠤ ᠦᠭᠡᠢ᠃【 ᠳᠦᠷᠢᠮᠵᠢᠯ ᠤᠨ ᠴᠢᠨᠠᠷᠲᠠᠶ ᠪᠢᠴᠢᠭ ᠮᠠᠲ᠋ᠧᠷᠢᠶᠠᠯ】 ︽ᠠᠷᠠᠳ ᠤᠨ ᠶᠠᠪᠤᠳᠠᠯ ᠤᠨ ᠶᠠᠮᠤᠨ ᠤ ᠠᠵᠢᠯᠲᠠᠨ ᠠᠵᠢᠯᠴᠢᠨ ᠢ ᠴᠣᠮᠬᠠᠳᠬᠠᠨ ᠠᠵᠢᠯ ᠠᠴᠠ ᠨᠢ ᠪᠠᠭᠤᠯᠭᠠᠭᠰᠠᠨ ᠤ ᠳᠠᠷᠠᠭ᠎ᠠ ᠴᠠᠬᠢᠭᠤᠷᠲᠤ ᠠᠭᠤᠰᠬᠢᠨ ᠤ ᠡᠪᠡᠳᠴᠢᠨ ᠳᠤ ᠨᠡᠷᠪᠡᠭᠳᠡᠭᠡᠳ ᠵᠠᠭᠤᠨ ᠤ ᠳᠥᠴᠢ ᠶᠢᠨ ᠲᠡᠳᠬᠦᠮᠵᠢ ᠭᠥᠷᠳᠡᠵᠦ ᠳᠡᠶᠢᠯᠬᠦ ᠡᠰᠡᠬᠦ ᠠᠰᠠᠭᠤᠳᠠᠯ ᠤᠨ ᠲᠤᠬᠠᠶ ᠴᠣᠬᠤᠯᠠᠪᠤᠷᠢ》 ︵ᠠᠷᠠᠳ ᠲᠠᠷᠬᠠᠭᠠᠭᠰᠠᠨ ﹇1980﹈ 28 ᠳ᠋ᠤᠭᠠᠷ ᠲᠣᠭᠠᠲᠤ︶ 1961 ᠣᠨ ᠠᠴᠠ 1965 ᠣᠨ ᠤ 6 ᠰᠠᠷ᠎ᠠ ᠶᠢᠨ 9 ᠤ ᠡᠳᠦᠷ ᠪᠣᠯᠲᠠᠯᠠᠬᠢ ᠬᠤᠭᠤᠴᠠᠭᠠᠨ ᠳᠤ ᠴᠣᠮᠬᠠᠳᠬᠠᠨ ᠠᠵᠢᠯ ᠠᠴᠠ ᠨᠢ ᠪᠠᠭᠤᠯᠭᠠᠭᠰᠠᠨ ᠠᠵᠢᠯᠲᠠᠨ ᠠᠵᠢᠯᠴᠢᠨ᠂ ᠠᠵᠢᠯ ᠠᠴᠠ ᠪᠠᠨ ᠪᠠᠭᠤᠭᠰᠠᠨ ᠤ ᠳᠠᠷᠠᠭ᠎ᠠ ᠰᠠᠶ᠋ᠢ ᠴᠠᠬᠢᠭᠤᠷᠲᠤ ᠠᠭᠤᠰᠬᠢᠨ ᠤ ᠡᠪᠡᠳᠴᠢᠨ ᠲᠠᠢ ᠪᠠᠶᠢᠬᠤ ᠶᠢ ᠣᠯᠵᠤ ᠮᠡᠳᠡᠭᠰᠡᠨ ᠪᠠᠶᠢᠵᠤ᠂ ᠤᠤᠯ ᠤᠨ ᠪᠠᠶᠢᠭᠤᠯᠭ᠎ᠠ ᠨᠢᠭᠡᠴᠢ ᠠᠴᠠ ᠲᠤᠰ ᠬᠥᠮᠥᠨ ᠦᠨᠡᠬᠡᠷ ᠴᠠᠬᠢᠭᠤᠷᠲᠤ ᠠᠭᠤᠰᠬᠢᠨ ᠤ ᠡᠪᠡᠳᠴᠢᠨ ᠢ ᠡᠭᠦᠰᠭᠡᠬᠦ ᠪᠣᠯᠤᠯᠴᠠᠭ᠎ᠠ ᠲᠠᠢ ᠠᠵᠢᠯ ᠤᠨ ᠲᠦᠷᠦᠯ ᠢ ᠨᠡᠯᠢᠶᠡᠳ ᠤᠷᠲᠤ ᠬᠤᠭᠤᠴᠠᠭ᠎ᠠ ᠪᠠᠷ ᠬᠢᠵᠦ ᠪᠠᠶᠢᠭᠰᠠᠨ ᠢ ᠭᠡᠷᠡᠴᠢᠯᠡᠭᠰᠡᠨ᠂ ᠮᠤᠵᠢ ᠶᠢᠨ ᠴᠠᠬᠢᠭᠤᠷᠲᠤ ᠠᠭᠤᠰᠬᠢᠨ ᠤ ᠣᠨᠣᠰᠢᠯᠠᠯᠲᠠ ᠶᠢᠨ ᠲᠥᠪ ᠤᠨ ᠳᠤᠭᠤᠶᠢᠯᠠᠩ ᠢᠶᠠᠷ ᠰᠢᠯᠭᠠᠨ ᠲᠣᠭᠲᠠᠭᠠᠯᠭᠠᠭᠠᠳ ᠦᠨᠡᠬᠡᠷ ᠨᠢᠭᠡ ᠬᠤᠭᠤᠴᠠᠭᠠᠨ ᠤ ᠴᠠᠬᠢᠭᠤᠷᠲᠤ ᠠᠭᠤᠰᠬᠢᠨ ᠤ ᠡᠪᠡᠳᠴᠢᠨ ᠲᠠᠢ ᠪᠠᠶᠢᠵᠤ᠂ ᠬᠥᠳᠡᠯᠮᠦᠷᠢᠯᠡᠬᠦ ᠴᠢᠳᠠᠪᠤᠷᠢ ᠪᠠᠨ ᠬᠡᠰᠡᠭ ᠲᠠᠯ᠎ᠠ ᠪᠠᠷ ᠠᠯᠳᠠᠭᠰᠠᠨ ᠪᠥᠭᠡᠳ ᠭᠡᠷ ᠪᠦᠯᠢ ᠶᠢᠨ ᠠᠮᠢᠳᠤᠷᠠᠯ ᠨᠢ ᠲᠦᠰᠢᠭ ᠦᠭᠡᠢ ᠪᠠᠶᠢᠪᠠᠯ᠂ ᠭᠠᠵᠠᠷ ᠣᠷᠣᠨ᠂ ᠬᠤᠲᠠ ᠶᠢᠨ ᠠᠷᠠᠳ ᠤᠨ ᠶᠠᠪᠤᠳᠠᠯ ᠤᠨ ᠲᠣᠪᠴᠢᠶ᠎ᠠ ᠬᠢᠨᠠᠨ ᠵᠥᠪᠰᠢᠶᠡᠷᠡᠭᠡᠳ ᠤᠤᠯ ᠤᠨ ᠪᠠᠷᠢᠮᠵᠢᠶ᠎ᠠ ᠴᠠᠯᠢᠩ ᠤᠨ ᠵᠠᠭᠤᠨ ᠤ ᠳᠥᠴᠢ ᠶᠢᠨ ᠲᠡᠳᠬᠦᠮᠵᠢ ᠶᠢᠨ ᠵᠠᠷᠤᠳᠠᠯ ᠣᠯᠭᠤᠵᠤ ᠪᠣᠯᠤᠨ᠎ᠠ᠃ ᠰᠦᠢᠳᠬᠡᠯ ᠬᠤᠷᠢᠶᠠᠬᠤ ᠪᠠᠷᠢᠮᠵᠢᠶ᠎ᠠ ᠪᠣᠯᠤᠨ ᠦᠨᠳᠦᠰᠦᠯᠡᠯ        ᠰᠦᠢᠳᠬᠡᠯ ᠬᠤᠷᠢᠶᠠᠬᠤ ᠪᠠᠷᠢᠮᠵᠢᠶ᠎ᠠ ᠪᠠ ᠦᠨᠳᠦᠰᠦᠯᠡᠯ ᠪᠠᠶᠢᠬᠤ ᠦᠭᠡᠢ᠃        ᠭᠦᠢᠴᠡᠳᠬᠡᠬᠦ ᠭᠠᠵᠠᠷ᠄ ᠠᠷᠤ ᠬᠤᠷᠴᠢᠨ ᠬᠤᠰᠢᠭᠤᠨ ᠤ ᠲᠢᠶᠠᠨ ᠶᠤᠸᠠᠨ ᠶᠡᠭᠡ ᠵᠡᠭᠡᠯᠢ ᠶᠢᠨ ᠵᠠᠮ ᠤᠨ ᠬᠤᠶᠢᠲᠤ ᠲᠠᠯ᠎ᠠ 45 ᠳ᠋ᠤᠭᠠᠷ ᠨᠣᠮᠧᠷ᠂ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠥᠪ ᠤᠨ ᠬᠤᠶᠠᠳᠤᠭᠠᠷ ᠳᠠᠪᠬᠤᠷᠭ᠎ᠠ ᠶᠢᠨ 29 ᠳ᠋ᠤᠭᠡᠷ ᠴᠣᠩᠬᠤ        ᠭᠦᠢᠴᠡᠳᠬᠡᠬᠦ ᠴᠠᠭ᠄ ᠭᠠᠷᠠᠭ ᠤᠨ ᠨᠢᠭᠡᠨ ᠠᠴᠠ ᠭᠠᠷᠠᠭ ᠤᠨ ᠲᠠᠪᠤᠨ ᠤ ᠦᠳᠡ ᠶᠢᠨ ᠡᠮᠦᠨᠡᠬᠢ 8᠄ 30 — 11᠄ 30᠂ ᠦᠳᠡ ᠶᠢᠨ ᠬᠤᠶᠢᠨᠠᠬᠢ 14᠄ 30 — 17᠄ 30 ︵ᠬᠠᠤᠯᠢ ᠪᠠᠷ ᠲᠣᠭᠲᠠᠭᠠᠭᠰᠠᠨ ᠪᠠᠶᠠᠷ ᠳᠤᠷᠠᠰᠬᠠᠯ ᠤᠨ ᠡᠳᠦᠷ ᠠᠮᠠᠷᠠᠯᠲᠠ ᠶᠢᠨ ᠡᠳᠦᠷ ᠠᠴᠠ ᠭᠠᠳᠠᠨ᠎ᠠ︶        ᠨᠡᠶᠢᠲᠡ ᠶᠢᠨ ᠮᠠᠰᠢᠨ ᠲᠡᠷᠭᠡᠨ ᠤ ᠵᠠᠮ ᠱᠤᠭᠤᠮ᠄ ᠴᠢᠪᠠᠭ᠎ᠠ ᠪᠠᠯᠭᠠᠰᠤᠨ ᠤ 2᠂ 3 ᠳ᠋ᠤᠭᠠᠷ ᠵᠠᠮ ᠤᠨ ᠨᠡᠶᠢᠲᠡ ᠶᠢᠨ ᠮᠠᠰᠢᠨ ᠲᠡᠷᠭᠡᠨ ᠳᠤ ᠰᠠᠭᠤᠵᠤ ᠵᠠᠮ ᠬᠠᠷᠢᠯᠴᠠᠭᠠᠨ ᠤ ᠲᠣᠪᠴᠢᠶ᠎ᠠ ᠶᠢᠨ ᠥᠷᠲᠡᠭᠡᠨ ᠳᠤ ᠪᠠᠭᠤᠨ᠎ᠠ᠂ 1 ᠳ᠋ᠦ᠋ᠭᠡᠷ ᠵᠠᠮ ᠤᠨ ᠨᠡᠶᠢᠲᠡ ᠶᠢᠨ ᠮᠠᠰᠢᠨ ᠲᠡᠷᠭᠡᠨ ᠳᠤ ᠰᠠᠭᠤᠵᠤ ᠬᠤᠲᠠ ᠶᠢᠨ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠶᠢᠨ ᠥᠷᠲᠡᠭᠡᠨ ᠳᠤ ᠪᠠᠭᠤᠨ᠎ᠠ᠂ ᠵᠡᠭᠦᠨᠰᠢ 100 ᠮᠧᠲᠷ ᠤᠨ ᠵᠠᠮ ᠤᠨ ᠬᠤᠶᠢᠲᠤ ᠲᠠᠯ᠎ᠠ        ᠥᠪᠥᠷ ᠮᠣᠩᠭᠤᠯ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠰᠦᠯᠵᠢᠶ᠎ᠡ ᠠᠴᠠ ᠣᠷᠴᠢᠭᠤᠯᠤᠨ ᠨᠡᠶᠢᠲᠡᠯᠡᠪᠡ᠃        ᠨᠠᠷᠢᠨ ᠠᠭᠤᠯᠭ᠎ᠠ ᠶᠢ ᠨᠢ ᠳᠤᠤᠷᠠᠬᠢ ᠰᠦᠯᠵᠢᠶᠡᠨ ᠤ ᠬᠠᠶ᠋ᠢᠭ ᠢᠶᠠᠷ ᠦᠵᠡᠭᠡᠷᠡᠢ᠄
 
ᠢᠷᠡᠯᠲᠡ᠄ ᠠᠷᠤ ᠬᠣᠷᠴᠢᠨ ᠬᠤᠰᠢᠭᠤᠨ ᠵᠠᠰᠠᠭ ᠤᠨ ᠣᠷᠳᠣᠨ ᠤ ᠮᠣᠩᠭᠣᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号