| | | ᠳᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠭᠳᠠᠭᠰᠠᠨ 100 ᠵᠢᠯ ᠤᠨ ᠤᠢ ᠶᠢ ᠪᠠᠶᠠᠷᠯᠠᠨ | ᠪᠡᠯᠭᠡᠯᠡᠬᠦ ᠳᠠᠰᠢᠷᠠᠮ ᠢᠶᠠᠷ ᠰᠤᠷᠤᠭᠴᠢᠳ ᠲᠤ ᠡᠬᠡ ᠤᠷᠤᠨᠴᠢ ᠦᠵᠡᠯ ᠤᠨ ᠬᠦᠮᠦᠵᠢᠯ ᠬᠢᠨ᠂ ᠥᠪ ᠰᠤᠶᠤᠯ᠂ ᠦᠬᠡ | ᠬᠡᠯᠡ᠂ ᠦᠰᠦᠭ ᠪᠢᠴᠢᠭ ᠢᠶᠠᠨ ᠬᠠᠮᠠᠭᠠᠯᠠᠨ ᠬᠦᠭᠵᠢᠭᠦᠯᠬᠦ ᠤᠬᠠᠮᠰᠠᠷ ᠢ ᠨᠢ ᠴᠢᠩᠭᠠᠳᠬᠠᠬᠤ᠂ ᠵᠠᠯᠠᠭᠤᠴᠤᠳ | ᠪᠠᠭᠠᠴᠤᠳ ᠤᠨ ᠤᠷᠠᠨ ᠤᠩᠰᠢᠯᠭ᠎ᠠ᠂ ᠵᠦᠪ ᠪᠢᠴᠢᠯᠭᠡ᠂ ᠤᠳᠬ᠎ᠠ ᠵᠤᠬᠢᠶᠠᠯ ᠤᠨ ᠦᠨᠳᠦᠰᠦᠨ ᠮᠡᠳᠡᠯᠭᠡ ᠵᠢᠴᠢ | ᠵᠤᠬᠢᠶᠠᠨ ᠪᠢᠴᠢᠯᠭᠡ ᠶᠢᠨ ᠴᠢᠳᠠᠪᠤᠷᠢ ᠶᠢ ᠨᠢ ᠳᠠᠶᠢᠴᠢᠯᠠᠨ ᠬᠦᠭᠵᠢᠭᠦᠯᠬᠦ ᠵᠤᠷᠢᠯᠭ᠎ᠠ ᠪᠠᠷ 11 ᠰᠠᠷ᠎ᠠ ᠶᠢᠨ 19 ᠤ | ᠡᠳᠦᠷ ᠴᠢᠪᠠᠭ᠎ᠠ ᠶᠢᠨ ᠬᠤᠶᠠᠳᠤᠭᠠᠷ ᠲᠤᠮᠳᠠᠳᠤ ᠰᠤᠷᠭᠠᠭᠤᠯᠢ ᠶᠢᠨ ᠬᠢᠴᠢᠶᠡᠯ ᠬᠦᠮᠦᠵᠢᠯ ᠤᠨ ᠭᠠᠵᠠᠷ᠂ ᠵᠢᠭᠠᠬᠤ ᠶᠢ | ᠰᠤᠳᠤᠯᠬᠤ ᠭᠠᠵᠠᠷ ᠪᠤᠯᠤᠨ ᠬᠡᠯᠡ ᠪᠢᠴᠢᠭ ᠤᠨ ᠳᠤᠭᠤᠶᠢᠯᠠᠩ ᠬᠠᠮᠳᠤᠷᠠᠨ ᠲᠦᠷᠪᠡᠳᠡᠬᠢ ᠤᠳᠠᠭ᠎ᠠ ᠶᠢᠨ ︽ᠳᠤᠷᠭᠠᠨ | ᠬᠡᠯᠡ︾ ᠬᠡᠯᠡ ᠪᠢᠴᠢᠭ ᠤᠨ ᠦᠨᠳᠦᠰᠦᠨ ᠮᠡᠳᠡᠯᠭᠡ ᠶᠢᠨ ᠤᠷᠤᠯᠳᠤᠭᠠᠨ ᠪᠠ ᠰᠤᠷᠭᠠᠭᠤᠯᠢ ᠶᠢᠨ ᠬᠦᠷᠢᠶᠡᠨ ᠤ | ︽ᠠᠷᠪᠠᠨ ᠰᠣᠳᠣᠨ ᠵᠤᠬᠢᠶᠠᠯᠴᠢ︾ ᠶᠢ ᠱᠠᠩᠨᠠᠨ ᠬᠦᠬᠢᠭᠦᠯᠬᠦ ᠠᠵᠢᠯᠯᠠᠭᠠᠨ ᠶᠠᠪᠤᠭᠤᠯᠤᠭᠰᠠᠨ ᠪᠠᠶᠢᠨ᠎ᠠ᠃ | ᠴᠢᠪᠠᠭ᠎ᠠ ᠶᠢᠨ ᠬᠤᠶᠠᠳᠤᠭᠠᠷ ᠲᠤᠮᠳᠠᠳᠤ ᠰᠤᠷᠭᠠᠭᠤᠯᠢ ᠳᠠᠬᠢ ︽ᠵᠤᠭ᠎ᠠ︾ ᠺᠤᠮᠫᠠᠨᠢ ᠶᠢᠨ ︽ᠲᠤᠷᠭᠠᠨ | ᠬᠡᠯᠡ︾ ᠱᠠᠩᠨᠠᠯ ᠤᠨ ᠨᠡᠶᠢᠭᠡᠮᠯᠢᠭ ᠢ ᠪᠤᠯ 2018 ᠤᠨ ᠳᠤ ︽ᠵᠤᠭ᠎ᠠ︾ ᠺᠤᠮᠫᠠᠨᠢ ᠶᠢᠨ ᠲᠠᠭᠠᠭᠠᠮᠠᠯ ᠬᠦᠪᠴᠢᠨ | ᠠᠴᠠ ᠡᠯᠢᠬᠡᠨ ᠬᠠᠶᠢᠷᠠᠲᠤ ᠡᠬᠡ ᠰᠤᠷᠭᠠᠭᠤᠯᠢ ᠶᠢᠨ ᠢᠶᠠᠨ 60 ᠵᠢᠯ ᠤᠨ ᠤᠢ ᠶᠢᠨ ᠪᠠᠶᠠᠷ ᠢ ᠲᠤᠷᠠᠰᠬᠠᠨ ᠪᠡᠯᠭᠡᠯᠡᠬᠦ | ᠪᠠ ᠡᠨᠡᠷᠢᠯᠲᠦ ᠪᠠᠭᠰᠢ ᠨᠠᠷ ᠲᠠᠭᠠᠨ ᠪᠠᠶᠠᠷᠯᠠᠨ ᠲᠠᠯᠠᠷᠬᠠᠬᠤ ᠵᠢᠴᠢ ᠨᠤᠮ ᠤᠨ ᠲᠡᠬᠦᠦ ᠨᠠᠷ ᠤᠨ ᠢᠶᠠᠨ ᠬᠡᠯᠡ ᠰᠤᠶᠤᠯ | ᠢᠶᠠᠨ ᠲᠡᠭᠡᠳᠦᠯᠡᠨ ᠬᠠᠶᠢᠷᠠᠯᠠᠬᠤ ᠶᠢ ᠤᠷᠮᠠᠰᠢᠭᠤᠯᠤᠨ ᠵᠤᠷᠢᠬᠵᠢᠭᠤᠯᠬᠤ ᠶᠢᠨ ᠲᠤᠰᠠᠲᠠ ᠡᠬᠦᠰᠬᠡᠨ ᠪᠠᠶᠢᠭᠤᠯᠤᠬᠰᠠᠨ | ᠪᠠᠶᠢᠭ᠎ᠠ ᠶᠤᠮ᠃ | | | | | | | | | ︽ᠳᠤᠷᠭᠠᠨ ᠬᠡᠯᠡ︾ ᠬᠡᠯᠡ ᠪᠢᠴᠢᠭ ᠤᠨ ᠦᠨᠳᠦᠰᠦᠨ ᠮᠡᠳᠡᠯᠭᠡ ᠶᠢᠨ ᠤᠷᠤᠯᠳᠤᠭᠠᠨ ᠨᠢ ᠪᠡᠯᠡᠳᠭᠡᠯ | ᠤᠷᠤᠯᠳᠤᠭᠠᠨ ᠪᠠ ᠰᠢᠢᠳᠪᠤᠷᠢᠳᠤ ᠤᠷᠤᠯᠳᠤᠭᠠᠨ ᠬᠡᠬᠦ ᠬᠤᠶᠠᠷ ᠠᠯᠬᠤᠮ ᠢᠶᠠᠷ ᠶᠠᠪᠤᠭᠳᠠᠨ᠂ ᠪᠡᠯᠡᠳᠭᠡᠯ ᠤᠷᠤᠯᠳᠤᠭᠠᠨ | ᠳᠤ ᠳᠡᠭᠡᠳᠤ ᠨᠢᠭᠡ᠂ ᠳᠡᠭᠡᠳᠤ ᠬᠤᠶᠠᠷ ᠤᠨ ᠨᠡᠶᠢᠲᠡ 64 ᠰᠤᠷᠤᠭᠴᠢ ᠠᠴᠠ 21 ᠰᠤᠷᠤᠭᠴᠢ ᠰᠢᠢᠳᠪᠤᠷᠢᠳᠤ | ᠤᠷᠤᠯᠳᠤᠭᠠᠨ ᠳᠤ ᠰᠢᠭᠰᠢᠭᠳᠡᠨ ᠦᠯᠡᠳᠡᠭᠰᠡᠨ ᠪᠠᠶᠢᠨ᠎ᠠ᠃ ᠰᠢᠢᠳᠪᠤᠷᠢᠳᠤ ᠤᠷᠤᠯᠳᠤᠭᠠᠨ ᠤ ᠳ᠋ᠦᠩ ᠳᠤ 11 | ᠰᠤᠷᠤᠭᠴᠢ ᠶᠢ ᠰᠢᠯᠢᠳᠡᠭ ᠲᠡᠰ᠂ ᠭᠤᠳᠠᠭᠠᠷ ᠲᠡᠰ ᠲᠤ ᠤᠷᠢᠬᠠᠨ᠂ ᠬᠡ᠊᠂ ᠢᠷᠠᠭᠤ ᠵᠡᠷᠭᠡ 7 ᠰᠤᠷᠤᠭᠴᠢ᠂ ᠳᠡᠳ᠋ | ᠲᠤ ᠪᠦ᠊᠂ ᠨᠠᠮᠢᠷᠠᠭ᠎ᠠ᠂ ᠦᠨᠡᠨᠴᠢ ᠵᠡᠷᠭᠡ ᠬᠤᠶᠠᠷ ᠰᠤᠷᠤᠭᠴᠢ ᠶᠢ᠂ ᠲᠡᠷᠢᠬᠦᠨ ᠳᠤ ᠨᠢᠭᠡ ᠰᠤᠷᠤᠭᠴᠢ ᠶᠢ ᠲᠤᠰ | ᠲᠤᠰ ᠰᠢᠯᠭᠠᠷᠠᠭᠤᠯᠤᠨ ᠬᠦᠬᠢᠬᠦᠯᠵᠦ ᠤᠷᠮᠠᠰᠢᠭᠤᠯᠵᠠᠢ᠃ ᠲᠡᠷᠢᠭᠦᠨ ᠳᠤ ᠰᠤᠷᠤᠭᠴᠢ ᠲᠣᠳᠣᠭᠡᠷᠡᠯ ᠰᠢᠯᠭᠠᠷᠠᠭᠰᠠᠨ | ᠪᠠᠶᠢᠨ᠎ᠠ᠃ | | | | | ᠲᠤᠰ ᠤᠳᠠᠭ᠎ᠠ ᠶᠢᠨ ︽ᠳᠤᠷᠭᠠᠨ ᠬᠡᠯᠡ︾ ᠬᠡᠯᠡ ᠪᠢᠴᠢᠭ ᠤᠨ ᠦᠨᠳᠦᠰᠦᠨ ᠮᠡᠳᠡᠯᠭᠡ ᠶᠢᠨ | ᠤᠷᠤᠯᠳᠤᠭᠠᠨ ᠢ ᠪᠠᠶ᠋ᠬᠠᠦ᠋ᠨᠳᠦᠷ ᠰᠤᠮᠤ ᠶᠢᠨ ᠮᠤᠬᠤᠷ ᠭᠠᠴᠠᠭ᠎ᠠ ᠶᠢᠨ ᠮᠠᠯᠴᠢᠨ ᠪᠠᠶᠠᠠᠨᠠᠮᠰᠠᠷᠠᠢ ᠠᠪᠤᠭᠠᠢ ᠠᠴᠠ 3000 | ᠲᠦᠭᠦᠷᠢᠭ ᠢᠶᠠᠷ ᠢᠪᠡᠭᠡᠨ ᠳᠡᠳᠭᠦᠭᠰᠡᠨ ᠶᠤᠮ᠃ | ᠰᠤᠷᠭᠠᠭᠤᠯᠢ ᠶᠢᠨ ᠬᠦᠷᠢᠶᠡᠨ ᠤ ︽ᠠᠷᠪᠠᠨ ᠰᠤᠳᠤᠨ ᠵᠤᠬᠢᠶᠠᠯᠴᠢ︾ ᠂ ︽ᠠᠷᠪᠠᠨ ᠰᠢᠯᠢᠳᠡᠭ | ᠵᠤᠬᠢᠶᠠᠯᠴᠢ︾ ᠰᠢᠯᠭᠠᠷᠠᠭᠤᠯᠬᠤ ᠤᠷᠤᠯᠳᠤᠭᠠᠨ ᠨᠢ 9 ᠳ᠋ᠦ᠋ᠭᠡᠷ ᠰᠠᠷ᠎ᠠ ᠶᠢᠨ 3 ᠠᠴᠠ ᠡᠬᠢᠯᠡᠯᠲᠡ ᠶᠢᠨ ᠬᠦᠰᠢᠭᠡ ᠪᠠᠨ | ᠨᠡᠭᠡᠭᠡᠭᠰᠡᠨ ᠢᠶᠠᠨ ᠠᠩᠬᠠᠨ ᠤ ᠰᠢᠯᠠᠭᠠᠷᠠᠭᠤᠯᠤᠯᠳᠠ ᠳᠤ ᠭᠤᠷᠪᠠᠨ ᠣᠨ ᠤ 45 ᠠᠩᠭᠢ ᠶᠢᠨ ᠨᠡᠶᠢᠲᠡ 1700 | ᠭᠠᠷᠤᠢ ᠰᠤᠷᠤᠭᠴᠢ ᠶᠢᠨ ᠵᠤᠬᠢᠶᠠᠯ ᠣᠷᠤᠯᠴᠠᠵᠤ᠂ ᠬᠤᠶᠠᠳᠠᠬᠢ ᠰᠢᠯᠭᠠᠷᠠᠭᠤᠯᠤᠯᠳᠠ ᠳᠤ 106 ᠵᠤᠬᠢᠶᠠᠯ ᠰᠢᠯᠢᠭᠳᠡᠨ᠂ | ᠭᠤᠷᠪᠠᠳᠡᠬᠢ ᠰᠢᠯᠭᠠᠷᠠᠭᠤᠯᠤᠯᠳᠠ ᠳᠤ ᠳᠡᠭᠡᠳᠤ ᠭᠤᠷᠪᠠ ᠶᠢᠨ 12 ᠰᠤᠷᠤᠭᠴᠢ ᠶᠢᠨ ᠵᠤᠬᠢᠶᠠᠯ᠂ ᠳᠡᠭᠡᠳᠤ ᠬᠤᠶᠠᠷ ᠤᠨ | 10 ᠰᠤᠷᠤᠭᠴᠢ ᠶᠢᠨ ᠵᠤᠬᠢᠶᠠᠯ᠂ ᠳᠡᠭᠡᠳᠤ ᠨᠢᠭᠡ ᠶᠢᠨ 8 ᠰᠤᠷᠤᠭᠴᠢ ᠶᠢᠨ ᠵᠤᠬᠢᠶᠠᠯ ᠰᠢᠭᠰᠢᠭᠳᠡᠨ ᠦᠯᠡᠳᠡᠵᠡᠢ᠃ | | | | | ᠬᠢᠨᠠᠨ ᠰᠢᠯᠭᠠᠷᠠᠭᠤᠯᠤᠯᠳᠠ ᠶᠢᠨ ᠳ᠋ᠦᠩ ᠳᠤ ᠲᠣᠯᠢ᠂ ᠬᠠᠶᠢᠷᠠᠬᠠᠨ᠂ ᠤᠷᠢᠬᠠᠨ ᠵᠡᠷᠭᠡ 10 ᠰᠤᠷᠤᠭᠴᠢ | ᠰᠤᠷᠭᠠᠭᠤᠯᠢ ᠶᠢᠨ ᠬᠦᠷᠢᠶᠡᠨ ᠤ ︽ᠠᠷᠪᠠᠨ ᠰᠣᠳᠤᠨ ᠵᠤᠬᠢᠶᠠᠯᠴᠢ︾ ᠪᠠᠷ᠂ ᠠᠳᠢᠶ᠎ᠠ᠂ ᠠᠽᠢᠶ᠎ᠠ᠂ ᠠᠷᠢᠭᠤᠨ᠎ᠠ ᠵᠡᠷᠭᠡ | 10 ᠰᠤᠷᠤᠭᠴᠢ ︽ᠠᠷᠪᠠᠨ ᠰᠢᠯᠢᠳᠡᠭ ᠵᠤᠬᠢᠶᠠᠯᠴᠢ︾ ᠪᠠᠷ ᠳᠤᠳᠤᠷᠠᠭᠰᠠᠨ ᠪᠠᠶᠢᠨ᠎ᠠ ᠃ | ︵ᠤᠷᠠᠨᠲ᠋ᠠᠨᠠ᠂ ᠰᠠᠷᠠᠭᠤᠯ︶ | |