| | 11 ᠰᠠᠷ᠎ᠠ ᠶᠢᠨ 25 ᠤ ᠡᠲᠤᠷ᠂ ᠤᠯᠤᠰ ᠤᠨ ᠵᠦᠩ ᠬᠤᠸᠠ ᠪᠦᠯᠥᠭᠯᠡᠯ ᠤᠨ ︽ᠭᠦᠰᠡᠯ | ᠲᠡᠷᠭᠡᠯᠰᠢᠬᠦᠯᠬᠦ︾ ᠠᠵᠢᠯᠯᠠᠭᠠᠨ ᠤ ᠰᠤᠷᠤᠯᠭ᠎ᠠ ᠶᠢᠨ ᠳᠡᠳᠬᠦᠮᠵᠢ ᠶᠢᠨ ᠮᠦᠩᠬᠦ ᠲᠠᠷᠬᠠᠭᠠᠬᠤ ᠶᠤᠰᠤᠯᠠᠯ ᠴᠢᠪᠠᠭ᠎ᠠ | ᠲᠠᠪᠣᠲᠤᠭᠠᠷ ᠲᠤᠮᠲᠠᠲᠥ ᠰᠤᠷᠭᠠᠭᠤᠯᠢ ᠳᠤ ᠶᠠᠪᠤᠭᠳᠠᠵᠤ᠂ ᠬᠤᠰᠢᠭᠤᠨ ᠨᠠᠮ ᠤᠨ ᠬᠤᠷᠢᠶ᠎ᠠ ᠶᠢᠨ ᠪᠠᠶᠢᠩᠭᠤ ᠶᠢᠨ | ᠬᠡᠰᠢᠬᠦᠨ᠂ ᠬᠤᠰᠢᠭᠤᠨ ᠳᠡᠳ᠋ ᠲᠠᠷᠤᠭ᠎ᠠ ᠸᠠᠩ ᠶᠤᠸᠠᠨ ᠪᠢᠨ᠂ ᠬᠤᠰᠢᠭᠤᠨ ᠰᠤᠷᠭᠠᠨ ᠬᠦᠮᠦᠵᠢᠯ ᠤᠨ ᠲᠤᠪᠴᠢᠶ᠎ᠠ᠂ | ᠬᠤᠰᠢᠭᠤᠨ ᠰᠢᠭᠤᠤᠨ ᠬᠠᠷᠢᠶ᠎ᠠ ᠲᠤᠮᠲᠠᠲᠥ ᠪᠠᠭ᠎ᠠ ᠰᠤᠷᠭᠠᠭᠤᠯᠢ ᠶᠢᠨ ᠬᠠᠷᠢᠭᠤᠴᠠᠯᠭᠠᠳᠠᠨ ᠵᠢᠴᠢ ᠡᠯ᠎ᠠ ᠱᠠᠳᠤ ᠦᠶ᠎ᠡ | ᠶᠢᠨ 230 ᠨᠠᠷᠠᠰ ᠰᠤᠷᠤᠬᠴᠢ ᠶᠢᠨ ᠲᠦᠯᠤᠬᠡᠯᠩᠴᠢ ᠶᠤᠰᠤᠯᠠᠯ ᠳᠤ ᠤᠷᠤᠯᠴᠠᠪᠠ᠃ | | ᠶᠤᠰᠤᠯᠠᠯ ᠲᠠᠬᠡᠷ᠎ᠠ᠂ ᠬᠤᠰᠢᠭᠤᠨ ᠰᠤᠷᠭᠠᠨ ᠬᠦᠮᠦᠵᠢᠯ ᠤᠨ ᠲᠤᠪᠴᠢᠶ᠎ᠠ ᠶᠢᠨ ᠬᠠᠮᠢᠶ᠎ᠠ ᠪᠦᠬᠦᠢ | ᠬᠠᠷᠢᠭᠤᠴᠠᠯᠭᠠᠲᠠᠨ ᠠᠴᠠ ᠤᠯᠤᠰ ᠤᠨ ᠵᠦᠩ ᠬᠤᠸᠠ ᠪᠦᠯᠥᠭᠯᠡᠯ ᠤᠨ ︽ᠭᠦᠰᠡᠯ ᠲᠡᠷᠭᠡᠯᠰᠢᠬᠦᠯᠬᠦ︾ ᠰᠤᠷᠤᠯᠭ᠎ᠠ ᠶᠢ | ᠳᠡᠳᠬᠦᠬᠦ ᠠᠵᠢᠯᠯᠠᠭᠠᠨ ᠤ ᠪᠠᠶᠢᠳᠠᠯ ᠢ ᠲᠠᠨᠢᠯᠴᠠᠭᠤᠯᠵᠥ᠂ ᠬᠤᠰᠢᠭᠤᠨ ᠰᠤᠷᠭᠠᠨ ᠬᠦᠮᠦᠵᠢᠯ ᠤᠨ ᠲᠤᠪᠴᠢᠶ᠎ᠠ ᠶᠢᠨ | ᠬ᠋ᠤᠤᠯ ᠬᠠᠷᠢᠭᠤᠴᠠᠯᠭᠠᠲᠠᠨ ᠠᠴᠠ ᠲᠠᠯᠠᠷᠬᠠᠯ ᠢᠶᠠᠨ ᠢᠯᠡᠳᠭᠡᠨ᠂ ᠲᠤᠰᠠᠯᠠᠮᠵᠢ ᠬᠥᠷᠳ᠋ᠩᠰᠠᠨ ᠰᠤᠷᠤᠬᠴᠢᠳ ᠤᠨ | ᠲᠦᠯᠤᠬᠡᠯᠩᠴᠢ᠂ ᠭᠡᠷ ᠤᠨ ᠠᠬᠠᠮᠠᠳ ᠤᠨ ᠲᠦᠯᠤᠬᠡᠯᠩᠴᠢ ᠪᠠ ᠰᠤᠷᠭᠠᠭᠤᠯᠢ ᠶᠢᠨ ᠵᠠᠬᠢᠷᠤᠯ ᠤᠨ ᠲᠦᠯᠤᠬᠡᠯᠩᠴᠢ | ᠶᠠᠷᠢᠶ᠎ᠠ ᠲᠠᠯᠪᠢᠵᠠᠢ᠃ | | | | ᠸᠠᠩ ᠶᠤᠸᠠᠨ ᠪᠢᠨ ᠶᠠᠷᠢᠶᠠᠨ ᠳᠤ ᠪᠠᠨ᠂ ︽ᠭᠦᠰᠡᠯ ᠲᠡᠷᠭᠡᠯᠰᠢᠬᠦᠯᠬᠦ︾ ᠰᠤᠷᠤᠯᠭ᠎ᠠ ᠶᠢ ᠳᠡᠳᠬᠦᠬᠦ | ᠠᠵᠢᠯᠯᠠᠭᠠᠨ ᠢ ᠵᠦᠪ ᠢᠶᠠᠷ ᠲᠠᠨᠢᠵᠦ᠂ ᠳᠡᠳᠭᠦᠮᠵᠢ ᠬᠦᠷᠳᠡᠭᠰᠡᠨ ᠰᠤᠷᠤᠬᠴᠢᠳ ᠡᠷᠡᠰ ᠴᠢᠩᠭ᠎ᠠ ᠴᠢᠷᠮᠠᠶᠢᠨ ᠳᠠᠪᠰᠢᠬᠤ | ᠵᠤᠷᠢᠭ ᠰᠠᠨᠠᠭ᠎ᠠ ᠪᠠ ᠵᠠᠩ ᠴᠢᠨᠠᠷ ᠢ ᠪᠦᠷᠢᠯᠳᠦᠬᠦᠯᠵᠦ᠂ ᠰᠢᠷᠭᠠᠭᠤ ᠬᠠᠲᠠᠭᠤᠵᠢᠯᠲᠠᠢ ᠰᠤᠷᠤᠯᠴᠠᠬᠤ ᠪᠠᠷ ᠲᠠᠮᠵᠢᠨ | ᠬᠤᠪᠢ ᠵᠠᠶᠠᠭ᠎ᠠ ᠪᠠᠨ ᠬᠤᠪᠢᠷᠠᠭᠤᠯᠬᠤ ᠬᠡᠷᠩᠲᠠᠢ︔ ᠠᠴᠢᠯᠠᠯ ᠡᠨᠡᠷᠢᠯ ᠢ ᠮᠡᠳᠡᠷᠡᠨ ᠠᠪᠤ ᠡᠵᠢ᠂ ᠪᠠᠭᠰᠢ ᠪᠠ ᠬᠠᠶᠢᠷ᠎ᠠ | ᠬᠠᠯᠠᠮᠵᠢ ᠦᠵᠠᠬᠦᠯᠤᠭ᠍ᠰᠠᠨ ᠬᠥᠮᠤᠨ ᠪᠦᠬᠦᠨ ᠳᠤ ᠲᠠᠯᠠᠷᠬᠠᠨ᠂ ᠰᠢᠯᠢᠳ᠋ᠩ ᠬᠢᠷᠢ ᠪᠦᠳᠦᠮᠵᠢ ᠪᠠᠷ ᠢᠶᠠᠨ ᠤᠯᠠᠨ ᠤ | ᠠᠴᠢ ᠬᠠᠶᠢᠷ᠎ᠠ ᠶᠢ ᠬᠠᠷᠢᠭᠤᠯᠬᠤ ᠬᠡᠷᠩᠲᠠᠢ︔ ᠰᠤᠷᠤᠯᠭ᠎ᠠ ᠳᠤ ᠪᠠᠨ ᠵᠦᠪ ᠢᠶᠠᠷ ᠬᠠᠨᠲᠤᠵᠥ᠂ ᠵᠦᠪ ᠤᠨᠤᠪᠴᠢᠲᠠᠢ | ᠰᠤᠷᠤᠯᠴᠬᠠᠥ ᠠᠷᠭ᠎ᠠ ᠶᠢ ᠡᠵᠡᠮᠰᠢᠨ ᠬᠠᠷᠠᠯᠳᠠ ᠲᠤᠲᠤᠷᠬᠠᠢ ᠪᠠᠶᠢᠵᠦ᠂ ᠡᠯ᠎ᠠ ᠵᠤᠶᠢᠯ ᠤᠨ ᠮᠠᠭᠤ ᠦᠳᠤᠭᠡᠯᠭᠡ ᠶᠢ | ᠤᠬᠠᠮᠰᠠᠷ ᠠᠴᠠ ᠪᠠᠨ ᠡᠰᠠᠷᠬᠦᠴᠠᠵᠥ᠂ ᠦᠨᠳᠦᠰᠦᠳᠡᠨ ᠤ ᠪᠠᠨ ᠰᠠᠷᠬᠦᠨ ᠮᠠᠨᠳᠤᠯᠳᠠ ᠳᠤ ᠬᠤᠪᠢ ᠨᠠᠮᠠᠷᠢ ᠦᠵᠡᠬᠦᠯᠬᠦ | ᠴᠠᠭ ᠦᠶ᠎ᠡ ᠶᠢᠨ ᠰᠢᠨ᠎ᠠ ᠬᠥᠮᠤᠨ ᠪᠤᠯᠬᠤ ᠪᠠᠷ ᠴᠢᠷᠮᠠᠶᠢᠬᠤ ᠬᠡᠷᠩᠲᠠᠢ ᠭᠡᠵᠦ ᠴᠢᠩᠭᠠᠳᠬᠠᠵᠠᠢ᠃ | | | | ᠤᠶᠢᠯᠠᠭᠠᠬᠰᠠᠨ ᠢᠶᠠᠷ᠂ ᠤᠯᠤᠰ ᠤᠨ ᠵᠦᠩ ᠬᠤᠸᠠ ᠪᠦᠯᠥᠭᠯᠡᠯ ᠨᠢ 2015 ᠤᠨ ᠠᠴᠠ ᠡᠬᠢᠯᠡᠨ ᠮᠠᠨ ᠤ | ᠬᠤᠰᠢᠭᠤᠨ ᠳᠤ ︽ᠭᠦᠰᠡᠯ ᠲᠡᠷᠭᠡᠯᠰᠢᠬᠦᠯᠬᠦ︾ ᠰᠤᠷᠤᠯᠭ᠎ᠠ ᠶᠢ ᠳᠡᠳᠬᠦᠬᠦ ᠲᠦᠷᠦᠯ ᠵᠤᠶᠢᠯ ᠤᠨ ᠠᠵᠢᠯᠯᠠᠭᠠᠨ | ᠦᠷᠨᠢᠬᠦᠯᠵᠡᠢ᠂ ᠲᠤᠰ ᠲᠦᠷᠦᠯ ᠵᠤᠶᠢᠯ ᠢ ᠤᠯᠤᠰ ᠤᠨ ᠵᠦᠩ ᠬᠤᠸᠠ ᠪᠦᠯᠥᠭᠯᠡᠯ ᠤᠨ ᠲᠤᠭ ᠤᠨ ᠲᠤᠤᠷᠠᠬᠢ ᠰᠢᠨ | ᠨᠥᠸᠧ ᠰᠠᠭᠤᠷᠢ ᠮᠦᠩᠬᠦᠨ ᠤ ᠨᠡᠶᠢᠭᠡᠮᠯᠢᠭ ᠠᠴᠠ ᠵᠤᠬᠢᠶᠠᠨ ᠪᠠᠶᠢᠭᠤᠯᠵᠦ᠂ ᠪᠡᠯᠡ ᠮᠦᠩᠬᠦ ᠶᠢ ᠴᠦᠮ ᠤᠯᠤᠰ ᠤᠨ | ᠵᠦᠩ ᠬᠤᠸᠠ ᠪᠦᠯᠥᠭᠯᠡᠯ ᠤᠨ ᠠᠵᠢᠯᠳᠠᠨ ᠬᠤᠪᠢ ᠬᠦᠮᠦᠨ ᠠᠴᠠ ᠬᠠᠨᠳᠢᠪᠯᠠᠨ ᠭᠦᠷᠭᠡᠭᠰᠡᠨ ᠶᠤᠮ᠃ 2021 ᠤᠨ | ᠳᠤ᠂ ︽ᠭᠦᠰᠡᠯ ᠲᠡᠷᠭᠡᠯᠰᠢᠬᠦᠯᠬᠦ︾ ᠠᠵᠢᠯᠯᠠᠭᠠᠨ ᠤ ᠮᠠᠨ ᠤ ᠬᠤᠰᠢᠭᠤᠨ ᠳᠤ ᠬᠠᠨᠳᠢᠪᠯᠠᠬᠰᠠᠨ ᠰᠤᠷᠤᠯᠭ᠎ᠠ ᠶᠢᠨ | ᠲᠤᠰᠠᠯᠠᠮᠵᠢ ᠶᠢᠨ ᠮᠦᠩᠬᠦ 105 ᠲᠦᠮᠡᠨ ᠲᠦᠭᠦᠷᠢᠭ ᠲᠤ ᠭᠦᠷᠦᠭᠰᠡᠨ ᠪᠠᠶᠢᠨ᠎ᠠ᠃ ᠲᠦᠷᠤᠯ ᠵᠤᠶᠢᠯ ᠤᠨ ᠦᠷᠨᠢᠯᠳᠡ | ᠶᠢ ᠪᠦᠲᠤᠮᠵᠢᠲᠠᠢ ᠠᠬᠢᠭᠤᠯᠵᠥ᠂ ᠵᠢᠩᠬᠢᠨᠢ ᠲᠤᠰᠠᠯᠠᠮᠵᠢ ᠬᠥᠷᠲᠠᠬᠦ ᠴᠢᠬᠤᠯᠠ ᠲᠠᠢ ᠪᠠᠶᠢᠭ᠎ᠠ ᠰᠤᠷᠤᠬᠴᠢᠳ ᠤᠨ | ᠰᠤᠷᠤᠯᠭ᠎ᠠ ᠶᠢ ᠲᠡᠮᠵᠢᠬᠦ ᠶᠢᠨ ᠲᠦᠯᠤᠬᠡ᠂ ᠬᠤᠰᠢᠭᠤᠨ ᠨᠠᠮ ᠤᠨ ᠬᠤᠷᠢᠶ᠎ᠠ ᠶᠢᠨ ᠪᠠᠶᠢᠩᠭᠤ ᠶᠢᠨ ᠬᠡᠰᠢᠬᠦᠨ᠂ | ᠬᠤᠰᠢᠭᠤᠨ ᠳᠡᠳ᠋ ᠲᠠᠷᠤᠭ᠎ᠠ ᠸᠠᠩ ᠶᠤᠸᠠᠨ ᠪᠢᠨ ᠪᠠᠶᠢᠴᠠᠭᠠᠬᠤ ᠪᠦᠯᠬᠦᠮ ᠲᠠᠭᠠᠭᠤᠯᠤᠨ᠂ ᠪᠦᠬᠦ ᠬᠤᠰᠢᠭᠤᠨ ᠤ ᠡᠯ᠎ᠠ | ᠰᠤᠮᠥ ᠰᠢᠶᠠᠩ ᠪᠠᠯᠭᠠᠰᠤᠨ ᠳᠤ ᠭᠦᠨᠵᠡᠭᠡᠶᠢᠷᠡᠵᠦ᠂ ᠡᠷᠦᠭᠡ ᠳᠤ ᠬᠦᠷᠴᠦ ᠪᠠᠶᠢᠴᠠᠭᠠᠨ᠂ ᠲᠤᠰᠠᠯᠠᠮᠵᠢ ᠬᠥᠷᠲᠠᠬᠦ | ᠰᠤᠷᠤᠠᠠᠴᠢ ᠵᠢᠴᠢ ᠬᠡᠷ ᠪᠦᠯᠢ ᠶᠢᠨ ᠬᠢᠨᠢ ᠪᠠᠶᠢᠳᠠᠯ ᠢ ᠪᠦᠬᠦ ᠲᠠᠯ᠎ᠠ ᠪᠠᠷ ᠤᠶᠢᠯᠠᠭᠠᠵᠦ᠂ ᠪᠠᠰᠠ ᠲᠤᠰᠬᠠᠢ ᠰᠠᠲᠤᠪᠲᠥ | ᠬᠤᠷᠠᠯ ᠢᠶᠠᠷ ᠶᠠᠷᠢᠯᠴᠠᠨ ᠰᠤᠳᠤᠯᠤᠬᠰᠠᠨ ᠤ ᠡᠴᠤᠰ ᠲᠤ 2021 ᠤᠨ ᠤ ︽ᠭᠦᠰᠡᠯ ᠲᠡᠷᠭᠡᠯᠰᠢᠬᠦᠯᠬᠦ︾ | ᠠᠵᠢᠯᠯᠠᠭ᠎ᠠ ᠶᠢᠨ ᠲᠤᠰᠠᠯᠠᠮᠵᠢ ᠬᠥᠷᠲᠠᠬᠦ ᠰᠤᠷᠤᠬᠴᠢ ᠶᠢᠨ ᠲᠤᠭ᠎ᠠ ᠶᠢ 853 ᠬᠦᠮᠤᠨ ᠢᠶᠠᠷ ᠲᠤᠬᠳᠠᠵᠠᠢ᠃ ᠡᠬᠦᠨ | ᠠᠴᠠ ᠬ᠋ᠠᠲᠠᠨᠠ᠂ ᠸᠠᠩ ᠶᠤᠸᠠᠨ ᠪᠢᠨ ᠪᠠᠰᠠ ᠬᠤᠪᠢ ᠶᠢᠨ ᠮᠦᠩᠬᠦ ᠪᠠᠷ ᠢᠶᠠᠨ ᠴᠢᠪᠠᠭ᠎ᠠ ᠲᠠᠪᠣᠲᠤᠭᠠᠷ ᠲᠤᠮᠲᠠᠲᠥ | ᠰᠤᠷᠭᠠᠭᠤᠯᠢ ᠪᠣᠯᠤᠨ ᠴᠢᠪᠠᠭ᠎ᠠ ᠵᠢᠷᠭᠤᠲᠤᠭᠠᠷ ᠲᠤᠮᠲᠠᠲᠥ ᠰᠤᠷᠭᠠᠭᠤᠯᠢ ᠳᠤ ᠲᠤᠰ ᠪᠦᠷᠢ ᠨᠢᠬᠡ ᠰᠤᠷᠤᠬᠴᠢ ᠶᠢ | ᠲᠤᠰᠠᠯᠠᠬᠰᠠᠨ ᠪᠠᠶᠢᠨ᠎ᠠ᠃ ︵ᠳ᠋ᠦᠩ ᠶᠤᠤ ᠶᠤᠤ︶ | | | |