ᠠᠷᠤ ᠬᠤᠷᠴᠢᠨ ᠬᠤᠰᠢᠭᠤ ᠵᠠᠮ ᠲᠡᠭᠡᠭᠡᠪᠦᠷᠢ ᠶᠢᠨ ᠬᠦᠷᠢᠶᠡᠨ ᠳᠠᠬᠢ ᠬᠢᠵᠢᠭ ᠤᠨ ᠪᠠᠶᠢᠳᠠᠯ ᠢ ᠰᠡᠷᠭᠡᠶᠢᠯᠡᠨ | ᠡᠵᠡᠮᠳᠡᠬᠦ ᠠᠵᠢᠯ ᠢ ᠦᠷᠭᠦᠯᠵᠢᠯᠡᠨ ᠴᠢᠩᠭᠠᠳᠬᠠᠪᠠ ᠃ | ᠨᠢᠭᠡ᠂ ᠠᠶᠠᠨᠴᠢᠳ ᠤᠨ ᠲᠡᠭᠡᠭᠡᠪᠦᠷᠢ ᠶᠢᠨ ᠥᠷᠲᠡᠭᠡ ᠶᠢᠨ ᠬᠢᠨᠠᠯᠳᠡ ᠬᠠᠮᠢᠶᠠᠷᠣᠯᠳᠡ ᠶᠢᠨ ᠲᠠᠯ᠎ᠠ ᠪᠠᠷ᠄ | ︵ᠨᠢᠭᠡ︶ ᠂ ᠠᠵᠢᠯ ᠲᠥᠷᠥᠯ ᠤᠨ ᠬᠢᠨᠠᠯᠲᠠ ᠬᠠᠮᠢᠶᠠᠷᠤᠯᠲᠠ ᠶᠢ ᠦᠷᠭᠦᠯᠵᠢᠯᠡᠨ ᠴᠢᠩᠭᠠᠳᠬᠠᠪᠠ᠃ | ᠥᠷᠲᠡᠭᠡᠨ ᠳᠤ ᠰᠠᠭᠤᠬᠤ 3 ᠬᠥᠮᠦᠨ ᠢ ᠨᠡᠮᠡᠨ ᠲᠣᠮᠢᠯᠠᠵᠤ᠂ ᠠᠶᠠᠨᠴᠢᠳ ᠤᠨ ᠲᠡᠭᠡᠭᠡᠪᠦᠷᠢ ᠶᠢᠨ ᠠᠵᠤ | ᠠᠬᠤᠶᠢᠯᠠᠯ ᠤᠨ ᠭᠤᠤᠯ ᠴᠣᠭᠴᠠ ᠶᠢᠨ ᠬᠠᠷᠢᠭᠤᠴᠠᠯᠭ᠎ᠠ ᠪᠠᠨ ᠭᠦᠢᠴᠡᠣᠡᠭᠡᠬᠦ ᠳᠤ ᠬᠢᠨᠠᠯᠲᠠ ᠲᠠᠯᠪᠢᠵᠤ᠂ | ᠠᠶᠠᠨᠴᠢᠳ ᠤᠨ ᠲᠡᠭᠡᠭᠡᠪᠦᠷᠢ ᠶᠢᠨ ᠠᠵᠤ ᠠᠬᠤᠶᠢᠯᠠᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠡᠯ᠎ᠡ | ᠵᠦᠢᠯ ᠤᠨ ᠠᠷᠭ᠎ᠠ ᠬᠡᠮᠵᠢᠶ᠎ᠡ ᠶᠢ ᠪᠥᠬᠦ ᠲᠠᠯ᠎ᠠ ᠪᠠᠷ ᠨᠠᠶᠢᠳᠡᠪᠣᠷᠢᠵᠢᠭᠤᠯᠪᠡ᠃ ︵ᠬᠤᠶᠡᠷ︶᠂ ᠠᠵᠢᠯᠳᠡᠨ ᠤ | ᠬᠠᠮᠢᠶᠠᠷᠣᠯᠳᠡ ᠶᠢ ᠦᠷᠭᠦᠯᠵᠢᠯᠡᠨ ᠴᠢᠩᠭᠠᠳᠬᠠᠪᠠ᠃ ᠥᠷᠲᠡᠭᠡ ᠪᠠᠷ ᠣᠷᠣᠵᠤ ᠭᠠᠷᠬᠤ ᠬᠥᠮᠦᠰ ᠲᠤ ᠪᠡᠶ᠎ᠡ ᠶᠢᠨ | ᠳᠤᠯᠠᠭᠠᠨ ᠢ ᠪᠠᠶᠢᠴᠠᠭᠠᠨ ᠰᠢᠯᠭᠠᠬᠤ᠂ ᠡᠷᠡᠭᠦᠯ ᠮᠡᠨᠳᠦ ᠶᠢᠨ ᠨᠣᠮᠧᠷ ᠢ ᠪᠠᠶᠢᠴᠠᠭᠠᠨ ᠰᠢᠯᠭᠠᠬᠤ᠂ ᠮᠡᠳᠡᠭᠡ ᠵᠠᠩᠭᠢ ᠶᠢ | ᠳᠠᠩᠰᠠᠯᠠᠬᠤ᠂ ᠨᠢᠭᠡ ᠮᠧᠲᠷ ᠤᠨ ᠱᠤᠭᠤᠮ ᠤᠨ ᠵᠠᠶᠢᠳᠡᠢ᠂ ᠠᠮᠠᠪᠴᠢ ᠵᠡᠭᠦᠬᠦ ᠵᠡᠷᠭᠡ ᠱᠠᠭᠠᠷᠳᠠᠯᠭ᠎ᠠ ᠶᠢ ᠪᠥᠬᠦ | ᠲᠠᠯ᠎ᠠ ᠪᠠᠷ ᠨᠠᠶᠢᠳᠡᠪᠣᠷᠢᠵᠢᠭᠤᠯᠪᠡ᠃ ︵ᠭᠤᠷᠪᠠ︶᠂ ᠠᠷᠢᠭᠤᠳᠬᠠᠵᠤ ᠠᠷᠢᠯᠭᠠᠬᠤ ᠱᠠᠭᠠᠷᠳᠠᠯᠭ᠎ᠠ ᠶᠢ | ᠨᠠᠶᠢᠳᠡᠪᠣᠷᠢᠵᠢᠭᠤᠯᠪᠡ᠃ ᠡᠳᠦᠷ ᠪᠦᠷᠢ ᠥᠷᠲᠡᠭᠡ ᠪᠠᠨ ᠨᠡᠭᠡᠭᠡᠬᠦ ᠠᠴᠠ ᠡᠮᠦᠨ᠎ᠡ ᠪᠠ ᠥᠷᠲᠡᠭᠡ ᠪᠠᠨ ᠬᠠᠭᠠᠭᠰᠠᠨ ᠤ | ᠳᠠᠷᠠᠭ᠎ᠠ ᠠᠶᠠᠨᠴᠢᠳ ᠤᠨ ᠲᠡᠭᠡᠭᠡᠪᠦᠷᠢ ᠶᠢᠨ ᠥᠷᠲᠡᠭᠡ ᠶᠢ ᠪᠥᠬᠦ ᠲᠠᠯ᠎ᠠ ᠪᠠᠷ ᠲᠥᠪᠯᠡᠷᠡᠭᠦᠯᠦᠨ ᠠᠷᠢᠭᠤᠳᠬᠠᠵᠤ | ᠴᠡᠪᠡᠷᠯᠡᠬᠦ ᠶᠢᠨ ᠬᠠᠮᠲᠤ ᠥᠷᠲᠡᠭᠡᠨ ᠳᠠᠬᠢ ᠬᠥᠮᠦᠨ ᠤ ᠤᠷᠤᠰᠬᠠᠯ ᠤᠨ ᠬᠡᠮᠵᠢᠶ᠎ᠡ ᠶᠢ ᠦᠨᠳᠦᠰᠦᠯᠡᠨ ᠲᠣᠭᠲᠠᠮᠠᠯ ᠪᠤᠰᠤ | ᠬᠤᠭᠤᠴᠠᠭ᠎ᠠ ᠲᠠᠢ ᠪᠠᠷ ᠠᠷᠢᠭᠤᠣᠡᠬᠠᠪᠠ᠃ ︵ᠲᠦᠷᠪᠡ︶᠂ ᠤᠬᠠᠭᠤᠯᠵᠤ ᠬᠦᠳᠦᠯᠦᠨ ᠵᠢᠯᠣᠭᠤᠳᠬᠤ ᠶᠢ | ᠴᠢᠩᠭᠠᠳᠬᠠᠪᠠ᠃ ᠵᠠᠷᠯᠠᠯ᠂ ᠰᠠᠨᠠᠭᠤᠯᠤᠮᠵᠢ ᠶᠢᠨ ᠺᠠᠷᠲ᠂ ᠪᠦᠷᠢᠶ᠎ᠡ᠂ ᠲᠣᠮᠣ ᠳᠡᠯᠭᠡᠴᠡ᠂ ᠣᠯᠠᠨ ᠨᠡᠶᠢᠲᠡ ᠶᠢᠨ ᠵᠠᠮ | ᠬᠠᠷᠢᠯᠴᠠᠭᠠᠨ ᠤ ᠪᠠᠭᠠᠵᠢ ᠵᠡᠷᠭᠡ ᠠᠳᠠᠯᠢ ᠪᠤᠰᠤ ᠠᠴᠢᠶᠠᠯᠠᠪᠤᠷᠢ ᠪᠠᠷ ᠳᠠᠮᠵᠢᠭᠤᠯᠤᠨ ᠬᠢᠵᠢᠭ ᠤᠨ ᠪᠠᠶᠢᠳᠠᠯ ᠢ | ᠰᠡᠷᠭᠡᠶᠢᠯᠡᠨ ᠡᠵᠡᠮᠳᠡᠬᠦ ᠮᠡᠳᠡᠯᠭᠡ ᠶᠢᠨ ᠤᠬᠠᠭᠤᠯᠭ᠎ᠠ ᠶᠢ ᠦᠷᠭᠦᠯᠵᠢᠯᠡᠨ ᠴᠢᠩᠭᠠᠳᠬᠠᠪᠠ᠃ | ᠬᠤᠶᠠᠷ᠂ ᠤᠯᠠᠨ ᠨᠡᠶᠢᠳᠡ ᠶᠢᠨ ᠵᠠᠮ ᠬᠠᠷᠢᠯᠴᠠᠭᠠᠨ ᠤ ᠬᠢᠵᠢᠭ ᠢ ᠰᠡᠷᠭᠡᠶᠢᠯᠡᠬᠦ ᠠᠵᠢᠯ ᠤᠨ ᠲᠠᠯ᠎ᠠ ᠪᠠᠷ᠄ | ︵ᠨᠢᠭᠡ︶᠂ ᠡᠯ᠎ᠡ ᠲᠥᠷᠥᠯ ᠤᠨ ᠡᠭᠡᠯᠵᠢ ᠶᠢᠨ ᠱᠤᠭᠤᠮ ᠤᠨ ᠲᠡᠷᠭᠡ᠂ ᠨᠡᠶᠢᠲᠡ ᠶᠢᠨ ᠮᠠᠰᠢᠨ ᠲᠡᠷᠭᠡ | ᠬᠥᠳᠡᠯᠬᠦ ᠠᠴᠠ ᠡᠮᠦᠨ᠎ᠡ ᠪᠣᠯᠣᠨ ᠲᠡᠷᠭᠡ ᠵᠣᠡᠡᠰᠣᠡᠡᠰᠡᠨ ᠤ ᠳᠠᠷᠠᠭ᠎ᠠ ᠲᠥᠪᠯᠡᠷᠡᠭᠦᠯᠦᠨ ᠠᠷᠢᠭᠤᠳᠬᠠᠵᠤ᠂ ᠵᠢᠯᠣᠭᠤᠴᠢ | ᠪᠥᠬᠦ ᠶᠠᠪᠤᠴᠠ ᠳᠤ ᠠᠮᠠᠪᠴᠢ ᠵᠡᠭᠦᠵᠤ᠂ ᠨᠡᠶᠢᠳᠠ ᠶᠢᠨ ᠮᠠᠰᠢᠨ ᠲᠡᠷᠭᠡᠨ ᠳᠤ ᠳᠤᠯᠠᠭᠠᠨ ᠤ ᠬᠡᠮᠵᠢᠯᠲᠡ ᠶᠢᠨ | ᠲᠥᠬᠦᠭᠡᠷᠦᠮᠵᠢ ᠲᠣᠬᠢᠷᠠᠭᠤᠯᠬᠤ ᠶᠢ ᠱᠠᠭᠠᠷᠳᠠᠬᠤ ᠶᠢᠨ ᠬᠠᠮᠲᠤ ᠠᠷᠤ ᠶᠢᠨ ᠮᠥᠷ ᠲᠤ ᠦᠯᠡᠳᠡᠭᠡᠨ ᠠᠵᠢᠭᠯᠠᠬᠤ | ᠲᠣᠭᠤᠷᠢᠭ ᠭᠠᠷᠭᠠᠵᠤ᠂ ᠠᠶᠠᠨᠴᠢᠳ ᠲᠤ ᠺᠤᠳ᠋ ᠰᠢᠷᠪᠢᠵᠣ ᠲᠣᠭᠠᠴᠠᠭ᠎ᠠ ᠬᠢᠬᠦ ᠠᠷᠭ᠎ᠠ ᠮᠠᠶ᠋ᠢᠭ ᠢᠶᠠᠷ ᠵᠠᠷᠤᠳᠠᠯ | ᠲᠤᠰᠢᠶᠠᠵᠤ ᠲᠡᠷᠭᠡᠨ ᠳᠤ ᠰᠠᠭᠤᠬᠤ ᠶᠢ ᠲᠠᠨᠢᠯᠴᠠᠭᠤᠯᠪᠡ᠃ ︵ᠬᠤᠶᠠᠷ︶᠂ ᠲᠦᠷᠢᠶᠡᠰᠦᠨ ᠮᠠᠰᠢᠨ ᠲᠡᠷᠭᠡᠨ ᠳᠤ | ᠠᠷᠢᠭᠤᠳᠬᠠᠬᠤ ᠰᠢᠩᠭᠡᠨ ᠲᠠᠭᠠᠷᠠᠭᠤᠯᠵᠤ᠂ ᠴᠠᠭ ᠲᠤᠬᠠᠶ ᠳᠤᠨᠢ ᠠᠷᠢᠭᠤᠳᠬᠠᠨ ᠰᠠᠯᠬᠢ ᠨᠡᠪᠲᠡᠷᠡᠭᠦᠯᠵᠦ᠂ ᠵᠢᠯᠣᠭᠤᠴᠢ | ᠪᠠ ᠠᠶᠠᠨᠴᠢᠳ ᠪᠥᠬᠦ ᠶᠠᠪᠤᠴᠠ ᠳᠤ ᠠᠮᠠᠪᠴᠢ ᠪᠠ ᠪᠡᠭᠡᠯᠡᠶ ᠵᠡᠭᠦᠵᠦ᠂ ᠠᠶᠠᠨᠴᠢᠳ ᠺᠣᠳ᠋ ᠰᠢᠷᠪᠢᠵᠦ ᠰᠢᠯᠵᠢᠮᠡᠯ | ᠲᠣᠭᠠᠴᠠᠭ᠎ᠠ ᠬᠢᠯᠭᠡᠪᠡ᠃ ︵ᠭᠤᠷᠪᠠ︶᠂ ᠵᠠᠮ ᠲᠡᠭᠡᠭᠡᠪᠦᠷᠢ ᠶᠢᠨ ᠠᠵᠢᠯᠲᠠᠳ ᠢ ᠱᠠᠭᠠᠷᠳᠡᠵᠣ ᠪᠠᠶᠢᠭᠠᠳ ᠰᠢᠨ᠎ᠡ | ᠲᠢᠳᠢᠮᠯᠢᠭ ᠸᠠᠺᠼᠢᠨ ᠤ ᠲᠠᠷᠢᠯᠭ᠎ᠠ ︵ᠴᠢᠩᠭᠠᠣᠡᠬᠠᠬᠤ ᠲᠠᠷᠢᠯᠭ᠎ᠠ︶ ᠶᠢ ᠲᠦᠷᠭᠡᠬᠡᠨ ᠪᠡᠶᠡᠯᠡᠭᠦᠯᠬᠦ ᠶᠢᠨ ᠬᠠᠮᠲᠤ ᠭᠠᠷᠠᠭ | ᠪᠦᠷᠢ 25 ᠵᠢᠯᠣᠭᠤᠴᠢ ᠪᠠ ᠠᠵᠢᠯᠳᠡᠨ ᠢ ᠲᠣᠭᠲᠠᠭᠰᠠᠨ ᠬᠡᠮᠵᠢᠶ᠎ᠡ ᠪᠠᠷ ᠰᠣᠩᠭᠤᠨ ᠴᠥᠮ᠎ᠡ ᠶᠢᠨ ᠬᠦᠴᠢᠯ ᠤᠨ | ᠰᠢᠯᠭᠠᠨ ᠪᠠᠶᠢᠴᠠᠭᠠᠯᠲᠠ ᠬᠢᠯᠭᠡᠨ᠎ᠡ᠃ 11 ᠰᠠᠷ᠎ᠠ ᠶᠢᠨ 1 ᠤ ᠡᠳᠦᠷ ᠠᠴᠠ ᠨᠠᠰᠢ ᠬᠠᠤᠯᠢ ᠬᠡᠷᠡᠭᠵᠢᠭᠦᠯᠬᠦ ᠠᠵᠢᠯᠲᠠᠨ ᠢ | ᠨᠡᠶᠢᠲᠡ 100 ᠭᠠᠷᠤᠶ ᠬᠥᠮᠦᠨ ᠤᠳᠠᠭ᠎ᠠ᠂ ᠬᠠᠤᠯᠢ ᠬᠡᠷᠡᠭᠵᠢᠭᠦᠯᠬᠦ ᠲᠡᠷᠭᠡ ᠬᠥᠰᠬᠡ ᠶᠢ 31 ᠤᠳᠠᠭ᠎ᠠ ᠬᠥᠳᠡᠯᠭᠡᠵᠦ᠂ | ᠠᠶᠠᠨᠴᠢᠳ ᠤᠨ ᠲᠡᠭᠡᠭᠡᠪᠦᠷᠢ ᠶᠢᠨ ᠠᠵᠤ ᠠᠬᠤᠶᠢᠯᠠᠯ ᠢ ᠱᠠᠭᠠᠷᠳᠡᠨ 2 ᠵᠤᠷᠪᠤᠰ ᠴᠡᠭᠴᠡᠯᠡᠨ ᠰᠠᠶᠢᠵᠢᠷᠠᠭᠤᠯᠬᠤ | ᠡᠭᠦᠷᠭᠡ ᠶᠢ ᠨᠠᠶᠢᠳᠠᠪᠤᠷᠢᠵᠢᠭᠤᠯᠵᠤ᠂ ᠥᠨᠳᠥᠷ ᠳᠠᠷᠤᠯᠲᠠᠲᠤ ᠴᠢᠩᠭ᠎ᠠ ᠬᠠᠮᠢᠶᠠᠷᠤᠯᠲᠠ ᠪᠠᠷ ᠳᠠᠮᠵᠢᠭᠤᠯᠤᠨ᠂ ᠵᠠᠮ | ᠲᠡᠭᠡᠭᠡᠪᠦᠷᠢ ᠶᠢᠨ ᠪᠠᠭᠠᠵᠢ ᠪᠠᠷ ᠳᠡᠮᠵᠢᠨ ᠸᠢᠷᠦ᠋ᠰ ᠬᠠᠯᠳᠠᠪᠤᠷᠢᠯᠠᠬᠤ ᠶᠢ ᠡᠷᠡᠰ ᠬᠤᠷᠢᠡᠡᠯᠠᠪᠡ᠃ | ᠭᠤᠷᠪᠠ᠂ ᠵᠠᠮ ᠬᠠᠷᠢᠯᠴᠠᠭᠠᠨ ᠤ ᠪᠣᠭᠤᠮᠲᠠ ᠶᠢᠨ ᠬᠢᠵᠢᠭ ᠢ ᠰᠡᠷᠭᠡᠶᠢᠯᠡᠬᠦ ᠪᠠᠶᠢᠴᠠᠭᠠᠯᠲᠠ ᠶᠢᠨ ᠠᠵᠢᠯ ᠤᠨ | ᠲᠠᠯ᠎ᠠ ᠪᠠᠷ | ᠳᠡᠭᠡᠳᠦ ᠱᠠᠲᠤᠨ ᠤ ᠬᠢᠵᠢᠭ ᠢ ᠰᠡᠷᠭᠡᠶᠢᠯᠡᠬᠦ ᠪᠠᠶᠢᠴᠠᠭᠠᠯᠲᠠ ᠶᠢᠨ ᠪᠣᠭᠤᠮᠳᠡ ᠭᠠᠷᠭᠠᠬᠤ ᠠᠵᠢᠯ ᠤᠨ | ᠱᠠᠭᠠᠷᠳᠠᠯᠭ᠎ᠠ ᠶᠣᠰᠣᠭᠠᠷ᠂ 18 ᠬᠠᠤᠯᠢ ᠬᠡᠷᠡᠭᠵᠢᠭᠦᠯᠬᠦ ᠠᠵᠢᠯᠲᠠᠨ ᠭᠠᠷᠭᠠᠨ᠂ 6 ᠳᠤᠭᠤᠶᠢᠯᠠᠩ ᠪᠠᠶᠢᠭᠤᠯᠵᠤ᠂ | ᠳᠣᠲᠣᠭᠠᠳᠤ ᠶᠢ ᠬᠠᠮᠠᠭᠠᠯᠠᠬᠤ ᠵᠠᠮ ᠬᠠᠷᠢᠯᠴᠠᠭᠠᠨ ᠤ ᠴᠠᠭᠳᠠᠭ᠎ᠠ᠂ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ | ᠵᠥᠪᠯᠡᠯ ᠤᠨ ᠠᠵᠢᠯᠲᠠᠳ ᠲᠠᠢ ᠬᠠᠮᠲᠤ᠂ ᠱᠤᠤ ᠰᠦᠢᠣᠡᠭᠡᠯ ᠬᠤᠷᠢᠶᠠᠬᠤ ᠥᠷᠲᠡᠭᠡ ᠪᠣᠯᠤᠨ ᠰᠠᠶᠢᠬᠠᠡᠳᠠᠯᠠ ᠳᠤ ᠲᠣᠰ | ᠲᠣᠰ ᠡᠷᠡᠭᠦᠯ ᠬᠠᠮᠠᠭᠠᠯᠠᠯ ᠬᠢᠵᠢᠭ ᠪᠠᠶᠢᠴᠠᠭᠠᠬᠤ ᠪᠣᠭᠤᠮᠲᠠ ᠭᠠᠷᠭᠠᠵᠤ᠂ ᠡᠷᠡᠭᠦᠯ ᠬᠠᠮᠠᠭᠠᠯᠠᠯ ᠬᠢᠵᠢᠭ ᠪᠠᠶᠢᠴᠠᠭᠠᠬᠤ | ᠵᠢᠵᠢᠭᠦᠷᠯᠡᠬᠦ ᠭᠠᠵᠠᠷ ᠲᠤ 24 ᠴᠠᠭ ᠤᠨ ᠠᠵᠢᠯ ᠤᠨ ᠲᠦᠷᠢᠮ ᠢ ᠬᠡᠷᠡᠭᠵᠢᠭᠦᠯᠦᠨ᠂ ᠤᠯᠠᠭᠠᠨᠬᠠᠳᠠ ᠬᠤᠲᠠ ᠶᠢᠨ | ᠬᠢᠯᠢ ᠳᠤ ᠣᠷᠣᠵᠤ ᠢᠷᠡᠭᠰᠡᠨ ᠲᠡᠷᠭᠡ ᠬᠥᠰᠬᠡ ᠪᠣᠯᠤᠨ ᠬᠥᠮᠦᠰ ᠲᠤ ᠪᠡᠶ᠎ᠡ ᠶᠢᠨ ᠳᠤᠯᠠᠭᠠᠨ ᠢ ᠪᠠᠶᠢᠴᠠᠭᠠᠨ ᠰᠢᠯᠭᠠᠬᠤ᠂ | ᠠᠶᠠᠯᠠᠯ ᠤᠨ ᠨᠣᠮᠧᠷ ᠪᠣᠯᠤᠨ ᠡᠷᠡᠭᠦᠯ ᠮᠡᠨᠳᠦ ᠶᠢᠨ ᠨᠣᠮᠧᠷ ᠢ ᠪᠠᠶᠢᠴᠠᠭᠠᠨ ᠰᠢᠯᠭᠠᠬᠤ ᠪᠠ ᠠᠵᠢᠯᠯᠠᠭᠠᠨ ᠤ ᠵᠠᠮ | ᠮᠥᠷ ᠢ ᠰᠤᠳᠤᠯᠤᠨ ᠮᠠᠭᠠᠳᠯᠠᠵᠤ ᠳᠡᠩᠰᠡᠯᠡᠨ ᠲᠡᠮᠳᠡᠭᠯᠡᠬᠦ ᠶᠢ ᠬᠡᠷᠡᠭᠵᠢᠭᠦᠯᠵᠦ᠂ ᠠᠷᠣ ᠬᠤᠷᠴᠢᠨ ᠬᠤᠰᠢᠭᠤᠨ ᠳᠤ | ᠢᠷᠡᠭᠰᠡᠨ ᠪᠣᠯᠣᠨ ᠠᠷᠣ ᠬᠤᠷᠴᠢᠨ ᠬᠤᠰᠢᠭᠤᠨ ᠠᠴᠠ ᠪᠣᠴᠬᠠᠰᠡᠨ ᠲᠡᠷᠭᠡ ᠬᠥᠰᠬᠡ ᠶᠢᠨ ᠬᠥᠳᠡᠯᠦᠯ ᠪᠠᠶᠢᠳᠠᠯ ᠢ | ᠲᠠᠷᠡᠭᠠᠯᠠᠨ ᠪᠠᠶᠢᠴᠠᠭᠠᠬᠤ ᠶᠢᠨ ᠬᠠᠮᠲᠤ ᠬᠢᠨᠠᠨ ᠬᠡᠮᠵᠢᠵᠦ᠂ ᠬᠢᠵᠢᠭ ᠤᠨ ᠪᠠᠶᠢᠳᠠᠯ ᠤᠨ ᠣᠷᠣᠵᠤ ᠢᠷᠡᠬᠦ ᠪᠠ | ᠲᠠᠷᠬᠠᠬᠤ ᠶᠢ ᠪᠦᠲᠦᠮᠵᠢᠲᠡᠶ ᠪᠠᠷ ᠬᠤᠷᠢᠡᠡᠯᠠᠪᠡ᠃ 11 ᠰᠠᠷ᠎ᠠ ᠶᠢᠨ 1 ᠤ ᠡᠳᠦᠷ ᠵᠢᠵᠢᠭᠦᠷᠯᠡᠭᠰᠡᠨ ᠠᠴᠠ ᠨᠠᠰᠢ᠂ | ᠬᠠᠤᠯᠢ ᠬᠡᠷᠡᠭᠵᠢᠭᠦᠯᠬᠦ ᠠᠵᠢᠯᠲᠠᠨ ᠢ ᠨᠡᠶᠢᠲᠡ 360 ᠭᠠᠷᠤᠶ ᠬᠥᠮᠦᠨ ᠤᠳᠠᠭ᠎ᠠ᠂ ᠬᠠᠤᠯᠢ ᠬᠡᠷᠡᠭᠵᠢᠭᠦᠯᠬᠦ ᠲᠡᠷᠭᠡ | ᠬᠦᠰᠭᠡ ᠶᠢ 50 ᠭᠠᠷᠤᠶ ᠤᠳᠠᠭ᠎ᠠ ᠬᠥᠳᠡᠯᠭᠡᠵᠦ᠂ ᠠᠷᠣ ᠬᠤᠷᠴᠢᠨ ᠬᠤᠰᠢᠭᠤᠨ ᠤ ᠬᠢᠵᠢᠭ ᠤᠨ ᠪᠠᠶᠢᠳᠠᠯ ᠢ | ᠵᠢᠯᠣᠭᠤᠳᠬᠤ ᠭᠠᠵᠠᠷ ᠲᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠡᠷᠭᠡ ᠬᠦᠰᠭᠡ ᠶᠢᠨ ᠪᠦᠷᠢᠳᠬᠡᠯ ᠤᠨ | ᠬᠦᠰᠦᠨᠦᠭᠲᠦ ᠶᠢ ᠨᠡᠶᠢᠲᠡ 280 ᠭᠠᠷᠤᠶ ᠬᠠᠭᠤᠳᠠᠰᠤ ᠲᠤᠰᠢᠶᠡᠪᠡ᠃ | |