ᠬᠤᠸᠠᠷ ᠫᠤᠤᠵᠢᠩ ᠡᠵᠡᠩᠨᠡᠬᠦ ︵ᠵᠢᠵᠢᠭᠯᠡᠨ ᠬᠤᠳᠠᠯᠳᠤᠬᠤ︶ ᠵᠥᠪᠰᠢᠶᠡᠷᠡᠯ
ᠨᠡᠶᠢᠲᠡᠯᠡᠭᠰᠡᠨ ᠴᠠᠭ᠄
2021/12/6
ᠬᠦᠯᠢᠶᠡᠨ ᠰᠢᠢᠳᠪᠦᠷᠢᠯᠡᠬᠦ ᠨᠥᠬᠦᠴᠡᠯ        ︵ᠨᠢᠭᠡ︶ ᠵᠥᠪᠰᠢᠶᠡᠷᠡᠬᠦ ᠨᠥᠬᠦᠴᠡᠯ 1. ᠪᠠᠶᠢᠭ᠎ᠠ ᠭᠠᠵᠠᠷ ᠤᠨ ᠢᠶᠠᠨ ᠰᠢᠶᠠᠨ ᠤ ᠱᠠᠲᠤᠨ ᠤ ᠠᠶᠤᠯᠭᠦᠶ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠲᠣᠭᠲᠠᠭᠠᠭᠰᠠᠨ ᠵᠢᠵᠢᠭᠯᠡᠨ ᠬᠤᠳᠠᠯᠳᠤᠬᠤ ᠡᠵᠡᠩᠨᠡᠯᠲᠡ ᠶᠢᠨ ᠴᠡᠭ ᠪᠠᠶᠢᠷᠢᠯᠠᠭᠤᠯᠬᠤ ᠲᠥᠯᠥᠪᠵᠢᠭᠦᠯᠭᠡ ᠳᠤ ᠨᠡᠶᠢᠴᠡᠭᠰᠡᠨ ᠪᠠᠶᠢᠬᠤ᠃ 2. ᠭᠤᠣᠯ ᠬᠠᠷᠢᠭᠤᠴᠠᠯᠭᠠᠲᠠᠨ ᠨᠢ ᠠᠶᠤᠯᠭᠦᠶ ᠶᠢᠨ ᠪᠣᠯᠪᠠᠰᠤᠷᠠᠯ ᠳᠤ ᠬᠢᠷᠢ ᠲᠡᠩᠴᠡᠵᠦ᠂ ᠪᠣᠷᠣᠯᠠᠭᠤᠯᠤᠭᠴᠢ ᠨᠢ ᠠᠶᠤᠯᠭᠦᠶ ᠶᠢᠨ ᠮᠡᠳᠡᠯᠭᠡ ᠶᠢᠨ ᠬᠥᠮᠦᠵᠢᠯ ᠬᠦᠷᠳᠡᠭᠰᠡᠨ᠃ 3. ᠴᠠᠭᠠᠨ ᠰᠠᠷ᠎ᠠ ᠶᠢᠨ ᠬᠤᠭᠤᠴᠠᠭᠠᠨ ᠳᠤ ᠵᠢᠵᠢᠭᠯᠡᠨ ᠬᠤᠳᠠᠯᠳᠤᠬᠤ ᠴᠡᠭ᠂ ᠬᠤᠲᠠ ᠶᠢᠨ ᠣᠷᠳᠣ ᠬᠤᠭᠤᠴᠠᠭᠠᠨ ᠤ ᠵᠢᠵᠢᠭᠯᠡᠨ ᠬᠤᠳᠠᠯᠳᠤᠬᠤ ᠴᠡᠭ ᠲᠤ ᠲᠤᠰᠬᠠᠶ ᠳᠡᠯᠭᠡᠭᠦᠷ ᠤᠨ ᠪᠣᠷᠣᠯᠠᠭᠤᠯᠭ᠎ᠠ ᠶᠢ ᠬᠡᠷᠡᠭᠵᠢᠭᠦᠯᠦᠨ᠎ᠡ᠃ ᠬᠥᠳᠡᠭᠡ ᠲᠣᠰᠬᠤᠨ ᠤ ᠣᠷᠳᠣ ᠬᠤᠭᠤᠴᠠᠭᠠᠨ ᠤ ᠵᠢᠵᠢᠭᠯᠡᠨ ᠬᠤᠳᠠᠯᠳᠤᠬᠤ ᠭᠠᠵᠠᠷ ᠭᠦᠢᠯᠭᠡᠭᠡ ᠮᠠᠭᠤᠲᠠᠢ ᠤᠯᠠᠷᠢᠯ ᠳᠤ ᠲᠤᠰᠬᠠᠶ ᠯᠠᠩᠭᠦᠶ ᠪᠠᠷ ᠪᠣᠷᠣᠯᠠᠭᠤᠯᠬᠤ ᠳᠤ᠂ ᠲᠤᠰᠬᠠᠶ ᠬᠥᠮᠦᠨ ᠳᠣᠭᠢᠷᠠᠭᠤᠯᠤᠨ ᠪᠣᠷᠣᠯᠠᠭᠤᠯᠵᠤ᠂ ᠲᠤᠰᠬᠠᠶ ᠯᠠᠩᠭᠦᠶ ᠶᠢ ᠬᠠᠷᠢᠴᠠᠩᠭᠤᠶ ᠪᠠᠷ ᠲᠤᠰᠠᠭᠠᠷᠯᠠᠵᠤ᠂ ᠪᠤᠰᠤᠳ ᠯᠠᠩᠭᠦᠶ ᠲᠠᠢ ᠵᠣᠬᠢᠬᠤ ᠵᠠᠶ ᠲᠠᠢ ᠪᠠᠶᠢᠯᠭᠠᠵᠤ᠂ ᠠᠮᠤᠷ ᠲᠦᠪᠰᠢᠨ ᠤ ᠨᠡᠪᠲᠡᠷᠡᠬᠦ ᠵᠠᠮ ᠤᠨ ᠰᠠᠭᠠᠳ ᠥᠬᠡᠶ ᠨᠡᠪᠲᠡᠷᠡᠬᠦ ᠶᠢ ᠪᠠᠲᠤᠯᠠᠬᠤ ᠬᠡᠷᠡᠭᠲᠡᠶ᠃ 4. ᠵᠢᠵᠢᠭᠯᠡᠨ ᠬᠤᠳᠠᠯᠳᠤᠬᠤ ᠭᠠᠵᠠᠷ ᠤᠨ ᠲᠠᠯᠠᠪᠠᠢ ᠨᠢ 10 ᠲᠡᠭᠰᠢ ᠳᠥᠷᠪᠡᠯᠵᠢᠨ ᠮᠧᠲᠷ ᠠᠴᠠ ᠪᠠᠭ᠎ᠠ ᠥᠭᠡᠢ ᠪᠠᠶᠢᠵᠤ᠂ ᠲᠡᠭᠦᠨ ᠤ ᠡᠷᠬᠢᠨ ᠲᠣᠭᠤᠷᠢᠨ ᠤ 50 ᠮᠧᠲᠷ ᠤᠨ ᠬᠡᠪᠴᠢᠶᠡᠨ ᠳᠤ ᠪᠤᠰᠤᠳ ᠬᠤᠸᠠᠷ ᠫᠤᠤᠵᠢᠩ ᠵᠢᠵᠢᠭᠯᠡᠨ ᠬᠤᠳᠠᠯᠳᠤᠬᠤ ᠭᠠᠵᠠᠷ ᠥᠭᠡᠢ ᠪᠥᠭᠡᠳ ᠰᠤᠷᠭᠠᠭᠤᠯᠢ᠂ ᠬᠡᠦᠬᠡᠳ ᠤᠨ ᠴᠡᠴᠡᠷᠯᠢᠭ᠂ ᠡᠮᠨᠡᠯᠭᠡ ᠶᠢᠨ ᠬᠤᠷᠢᠶ᠎ᠠ᠂ ᠴᠤᠭᠯᠠᠭ᠎ᠠ ᠮᠠᠶᠢᠮᠠᠶ ᠶᠢᠨ ᠵᠠᠬ᠎ᠠ ᠳᠡᠯᠭᠡᠭᠦᠷ ᠵᠡᠷᠭᠡ ᠬᠥᠮᠦᠨ ᠬᠠᠷ᠎ᠠ ᠣᠯᠠᠨ ᠴᠤᠭᠯᠠᠷᠠᠳᠠᠭ ᠲᠠᠯᠠᠪᠤᠷ ᠪᠣᠯᠤᠨ ᠲᠤᠰᠤ ᠨᠡᠮᠡᠬᠦ ᠥᠷᠳᠡᠭᠡ ᠵᠡᠷᠭᠡ ᠬᠢᠯᠪᠠᠷᠬᠠᠨ ᠨᠣᠴᠣᠵᠤ ᠳᠡᠯᠪᠡᠷᠡᠬᠦ ᠡᠳ᠋ ᠦᠢᠯᠡᠳᠪᠦᠷᠢᠯᠡᠬᠦ᠂ ᠬᠠᠳᠠᠭᠠᠯᠠᠬᠤ ᠲᠥᠬᠦᠭᠡᠷᠦᠮᠵᠢ ᠵᠡᠷᠭᠡ ᠭᠤᠣᠯᠳᠠᠯᠭ᠎ᠠ ᠲᠠᠢ ᠪᠠᠷᠢᠯᠭ᠎ᠠ ᠲᠠᠢ 100 ᠮᠧᠲᠷ ᠠᠴᠠ ᠳᠡᠭᠡᠭᠰᠢ ᠠᠶᠤᠯᠭᠦᠶ ᠶᠢᠨ ᠵᠠᠶ ᠶᠢ ᠪᠠᠲᠤᠯᠠᠬᠤ ᠬᠡᠷᠡᠭᠲᠡᠢ᠃ 5. ᠵᠢᠵᠢᠭᠯᠡᠨ ᠬᠤᠳᠠᠯᠳᠤᠬᠤ ᠭᠠᠵᠠᠷ ᠲᠤ ᠭᠠᠯ ᠰᠡᠷᠭᠡᠶᠢᠯᠡᠨ ᠤᠨᠲᠠᠷᠠᠭᠠᠬᠤ ᠴᠢᠬᠤᠯᠠ ᠪᠦᠬᠦᠢ ᠪᠠᠭᠠᠵᠢ ᠬᠡᠷᠡᠭᠰᠡᠯ ᠢ ᠲᠣᠬᠢᠷᠠᠭᠤᠯᠵᠤ᠂ ᠠᠶᠤᠯᠭᠦᠶ ᠶᠢᠨ ᠢᠯᠡᠷᠬᠡᠶ ᠰᠡᠷᠡᠮᠵᠢ ᠶᠢᠨ ᠲᠡᠮᠳᠡᠭ ᠨᠠᠭᠠᠬᠤ᠃        ︵ᠬᠤᠶᠠᠷ︶ ᠦᠯᠦ ᠵᠥᠪᠰᠢᠶᠡᠷᠡᠬᠦ ᠪᠠᠶᠢᠳᠠᠯ᠄ 1. ᠪᠠᠶᠢᠭ᠎ᠠ ᠭᠠᠵᠠᠷ ᠤᠨ ᠢᠶᠠᠨ ᠰᠢᠶᠠᠨ ᠤ ᠱᠠᠲᠤᠨ ᠤ ᠠᠶᠤᠯᠭᠦᠶ ᠶᠢᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠲᠣᠭᠲᠠᠭᠠᠭᠰᠠᠨ ᠵᠢᠵᠢᠭᠯᠡᠨ ᠬᠤᠳᠠᠯᠳᠤᠬᠤ ᠡᠵᠡᠩᠨᠡᠯᠲᠡ ᠶᠢᠨ ᠴᠡᠭ ᠪᠠᠶᠢᠷᠢᠯᠠᠭᠤᠯᠬᠤ ᠲᠥᠯᠥᠪᠵᠢᠭᠦᠯᠭᠡ ᠳᠤ ᠨᠡᠶᠢᠴᠡᠬᠦ ᠦᠭᠡᠢ᠃ 2. ᠭᠤᠣᠯ ᠬᠠᠷᠢᠭᠤᠴᠠᠯᠭᠠᠲᠠᠨ ᠨᠢ ᠠᠶᠤᠯᠭᠦᠶ ᠶᠢᠨ ᠪᠣᠯᠪᠠᠰᠤᠷᠠᠯ ᠳᠤ ᠬᠢᠷᠢ ᠲᠡᠩᠴᠡᠭᠰᠡᠨ ᠦᠭᠡᠢ᠂ ᠪᠣᠷᠣᠯᠠᠭᠤᠯᠤᠭᠴᠢ ᠨᠢ ᠠᠶᠤᠯᠭᠦᠶ ᠶᠢᠨ ᠮᠡᠳᠡᠯᠭᠡ ᠶᠢᠨ ᠬᠥᠮᠦᠵᠢᠯ ᠬᠦᠷᠳᠡᠭᠰᠡᠨ ᠦᠭᠡᠢ᠃ 3. ᠴᠠᠭᠠᠨ ᠰᠠᠷ᠎ᠠ ᠶᠢᠨ ᠬᠤᠭᠤᠴᠠᠭᠠᠨ ᠳᠠᠬᠢ ᠵᠢᠵᠢᠭᠯᠡᠨ ᠬᠤᠳᠠᠯᠳᠤᠬᠤ ᠴᠡᠭ᠂ ᠬᠤᠲᠠ ᠶᠢᠨ ᠣᠷᠳᠣ ᠬᠤᠭᠤᠴᠠᠭᠠᠨ ᠤ ᠵᠢᠵᠢᠭᠯᠡᠨ ᠬᠤᠳᠠᠯᠳᠤᠬᠤ ᠴᠡᠭ ᠨᠢ ᠲᠤᠰᠬᠠᠶ ᠳᠡᠯᠭᠡᠭᠦᠷ ᠲᠤ ᠪᠣᠷᠣᠯᠠᠭᠤᠯᠬᠤ ᠶᠢ ᠬᠡᠷᠡᠭᠵᠢᠭᠦᠯᠦᠭᠰᠡᠨ ᠥᠬᠡᠶ᠃ ᠬᠥᠳᠡᠭᠡ ᠲᠣᠰᠬᠤᠨ ᠤ ᠣᠷᠳᠣ ᠬᠤᠭᠤᠴᠠᠭᠠᠨ ᠤ ᠵᠢᠵᠢᠭᠯᠡᠨ ᠬᠤᠳᠠᠯᠳᠤᠬᠤ ᠭᠠᠵᠠᠷ ᠭᠦᠢᠯᠭᠡᠭᠡ ᠮᠠᠭᠤᠲᠠᠢ ᠤᠯᠠᠷᠢᠯ ᠳᠤ ᠲᠤᠰᠬᠠᠶ ᠯᠠᠩᠭᠦᠶ ᠪᠠᠷ ᠪᠣᠷᠣᠯᠠᠭᠤᠯᠬᠤ ᠳᠤ᠂ ᠲᠤᠰᠬᠠᠶ ᠬᠥᠮᠦᠨ ᠲᠣᠬᠢᠷᠠᠭᠤᠯᠤᠨ ᠪᠣᠷᠣᠯᠠᠭᠤᠯᠤᠭᠰᠠᠨ ᠥᠬᠡᠶ᠂ ᠲᠤᠰᠬᠠᠶ ᠯᠠᠩᠭᠦᠶ ᠶᠢ ᠬᠠᠷᠢᠴᠠᠩᠭᠤᠶ ᠪᠠᠷ ᠲᠤᠰᠠᠭᠠᠷᠯᠠᠭᠰᠠᠨ ᠥᠬᠡᠶ᠂ ᠪᠤᠰᠤᠳ ᠯᠠᠩᠭᠦᠶ ᠲᠠᠢ ᠵᠣᠬᠢᠬᠤ ᠵᠠᠶ ᠲᠠᠢ ᠪᠠᠶᠢᠯᠭᠠᠭᠰᠠᠨ ᠥᠬᠡᠶ᠂ ᠠᠮᠤᠷ ᠲᠦᠪᠰᠢᠨ ᠤ ᠨᠡᠪᠲᠡᠷᠡᠬᠦ ᠵᠠᠮ ᠤᠨ ᠰᠠᠭᠠᠳ ᠥᠬᠡᠶ ᠨᠡᠪᠲᠡᠷᠡᠬᠦ ᠶᠢ ᠪᠠᠲᠤᠯᠠᠭᠰᠠᠨ ᠥᠬᠡᠶ᠃ 4. ᠵᠢᠵᠢᠭᠯᠡᠨ ᠬᠤᠳᠠᠯᠳᠤᠬᠤ ᠲᠠᠯᠠᠪᠤᠷ  ᠤᠨ ᠲᠠᠯᠠᠪᠠᠶ ᠨᠢ 10 ᠲᠡᠭᠰᠢ ᠳᠥᠷᠪᠡᠯᠵᠢᠨ ᠮᠧᠲᠷ ᠠᠴᠠ ᠪᠠᠭ᠎ᠠ ᠪᠠᠶᠢᠵᠤ᠂ ᠲᠡᠭᠦᠨ ᠤ ᠡᠷᠬᠢᠨ ᠲᠣᠭᠤᠷᠢᠨ ᠤ 50 ᠮᠧᠲᠷ ᠤᠨ ᠬᠡᠪᠴᠢᠶᠡᠨ ᠳᠣᠲᠣᠷ᠎ᠠ ᠬᠤᠸᠠᠷ ᠫᠤᠤᠵᠢᠩ ᠵᠢᠵᠢᠭᠯᠡᠨ ᠬᠤᠳᠠᠯᠳᠤᠬᠤ ᠪᠤᠰᠤᠳ ᠴᠢᠭ᠋ ᠪᠠᠶᠢᠬᠤ᠂ ᠡᠰᠡᠬᠦᠯ᠎ᠡ ᠰᠤᠷᠭᠠᠭᠤᠯᠢ᠂ ᠬᠡᠤᠬᠡᠳ ᠤᠨ ᠴᠡᠴᠡᠷᠯᠢᠭ᠂ ᠡᠮᠨᠡᠯᠭᠡ ᠶᠢᠨ ᠬᠤᠷᠢᠶ᠎ᠠ᠂ ᠴᠤᠭᠯᠠᠭ᠎ᠠ ᠮᠠᠶᠢᠮᠠᠶ ᠶᠢᠨ ᠵᠠᠬ᠎ᠠ ᠳᠡᠯᠭᠡᠭᠦᠷ ᠵᠡᠷᠭᠡ ᠬᠥᠮᠦᠨ ᠬᠠᠷ᠎ᠠ ᠣᠯᠠᠨ ᠴᠤᠭᠯᠠᠷᠠᠳᠠᠭ ᠲᠠᠯᠠᠪᠤᠷ ᠪᠠ ᠲᠣᠰᠣ ᠨᠡᠮᠡᠬᠦ ᠥᠷᠲᠡᠭᠡ ᠵᠡᠷᠭᠡ ᠬᠢᠯᠪᠠᠷᠬᠠᠨ ᠨᠣᠴᠣᠵᠤ ᠳᠡᠯᠪᠡᠷᠡᠬᠦ ᠪᠣᠳᠠᠰ ᠢ ᠦᠢᠯᠡᠳᠪᠦᠷᠢᠯᠡᠬᠦ᠂ ᠬᠠᠳᠠᠭᠠᠯᠠᠬᠤ ᠲᠥᠬᠦᠭᠡᠷᠦᠮᠵᠢ ᠵᠡᠷᠭᠡ ᠭᠤᠤᠯᠳᠠᠯᠭ᠎ᠠ ᠲᠠᠢ ᠪᠠᠷᠢᠯᠭ᠎ᠠ ᠲᠠᠢ ᠠᠶᠤᠯᠭᠦᠶ ᠶᠢᠨ ᠵᠠᠢ 100 ᠮᠧᠲᠷ ᠬᠦᠷᠬᠦ ᠦᠭᠡᠢ᠃ 5. ᠵᠢᠵᠢᠭᠯᠡᠨ ᠬᠤᠳᠠᠯᠳᠤᠬᠤ ᠭᠠᠵᠠᠷ ᠲᠤ ᠭᠠᠯ ᠢ ᠰᠡᠷᠭᠡᠶᠢᠯᠡᠨ ᠤᠨᠲᠠᠷᠠᠭᠠᠬᠤ ᠴᠢᠬᠤᠯᠠ ᠪᠦᠬᠦᠢ ᠪᠠᠭᠠᠵᠢ ᠬᠡᠷᠡᠭᠰᠡᠯ ᠲᠣᠬᠢᠷᠠᠭᠤᠯᠤᠭᠰᠠᠨ ᠦᠭᠡᠢ᠂ ᠠᠶᠤᠯᠭᠦᠶ ᠶᠢᠨ ᠢᠯᠡᠷᠬᠡᠶ ᠰᠡᠷᠡᠮᠵᠢ ᠶᠢᠨ ᠲᠡᠮᠳᠡᠭ ᠨᠠᠭᠠᠭᠰᠠᠨ ᠦᠭᠡᠢ᠃    ᠲᠣᠭᠲᠠᠭᠠᠭᠰᠠᠨ ᠦᠨᠳᠦᠰᠦᠯᠡᠯ        ︽ᠬᠤᠸᠠᠷ ᠫᠤᠤᠵᠢᠩ ᠤᠨ ᠠᠶᠤᠯᠭᠦᠶ ᠶᠢᠨ ᠬᠠᠮᠢᠶᠠᠷᠤᠯᠲᠠ ᠶᠢᠨ ᠲᠦᠷᠢᠮ︾ ︵2006 ᠣᠨ ᠤ ᠲᠦᠷᠤ ᠶᠢᠨ ᠶᠠᠪᠤᠳᠠᠯ ᠤᠨ ᠬᠤᠷᠢᠶᠠᠨ ᠤ ᠵᠠᠷᠯᠢᠭ 455 ᠳ᠋ᠤᠭᠠᠷ ᠲᠣᠭᠠᠲᠤ︶ ᠤᠨ ᠠᠷᠪᠠ ᠶᠢᠰᠦᠳᠦᠭᠡᠷ ᠵᠤᠷᠪᠤᠰᠰᠦᠢᠳᠬᠡᠯ ᠬᠤᠷᠢᠶᠠᠬᠤ ᠪᠠᠷᠢᠮᠵᠢᠶ᠎ᠠ ᠪᠣᠯᠤᠨ ᠦᠨᠳᠦᠰᠦᠯᠡᠯ        ᠰᠦᠢᠳᠬᠡᠯ ᠬᠤᠷᠢᠶᠠᠬᠤ ᠪᠠᠷᠢᠮᠵᠢᠶ᠎ᠠ ᠪᠠ ᠦᠨᠳᠦᠰᠦᠯᠡᠯ ᠪᠠᠶᠢᠬᠤ ᠦᠭᠡᠢ᠃ ᠭᠦᠢᠴᠡᠳᠬᠡᠬᠦ ᠭᠠᠵᠠᠷ ᠪᠠ ᠭᠦᠢᠴᠡᠳᠬᠡᠬᠦ ᠴᠠᠭ        ᠭᠦᠢᠴᠡᠳᠬᠡᠬᠦ ᠭᠠᠵᠠᠷ᠄ ᠠᠷᠤ ᠬᠤᠷᠴᠢᠨ ᠬᠤᠰᠢᠭᠤᠨ ᠤ ᠴᠢᠪᠠᠭ᠎ᠠ ᠪᠠᠯᠭᠠᠰᠤᠨ ᠤ ᠵᠢᠶ ᠲᠥᠩ ᠵᠠᠮ ᠤᠨ ᠵᠡᠭᠦᠨ ᠲᠢᠶᠠᠨ ᠶᠤᠸᠠᠨ ᠶᠡᠭᠡ ᠵᠡᠭᠡᠯᠢ ᠶᠢᠨ ᠵᠠᠮ ᠤᠨ ᠬᠤᠶᠢᠲᠤ ᠲᠠᠯ᠎ᠠ 45 ᠳ᠋ᠤᠭᠠᠷ ᠨᠣᠮᠧᠷ᠂ ᠠᠷᠤ ᠬᠤᠷᠴᠢᠨ ᠬᠤᠰᠢᠭᠤᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠥᠪ ᠤᠨ ᠬᠤᠶᠠᠳᠤᠭᠠᠷ ᠳᠠᠪᠬᠤᠷᠯᠢᠭ ᠤᠨ 48 — 50 ᠳ᠋ᠤᠭᠠᠷ ᠴᠣᠩᠬᠤ        ᠭᠦᠢᠴᠡᠳᠬᠡᠬᠦ ᠴᠠᠭ᠄ ᠭᠠᠷᠠᠭ ᠤᠨ ᠨᠢᠭᠡᠨ ᠠᠴᠠ ᠭᠠᠷᠠᠭ ᠤᠨ ᠲᠠᠪᠤᠨ ᠤ ᠦᠳᠡ ᠶᠢᠨ ᠡᠮᠦᠨᠡᠬᠢ 8᠄ 30 — 11᠄ 30᠂ ᠦᠳᠡ ᠶᠢᠨ ᠬᠤᠶᠢᠨᠠᠬᠢ 14᠄ 30 — 17᠄ 30 ︵ᠬᠠᠤᠯᠢ ᠪᠠᠷ ᠲᠣᠭᠲᠠᠭᠠᠭᠰᠠᠨ ᠪᠠᠶᠠᠷ ᠳᠤᠷᠠᠰᠬᠠᠯ ᠤᠨ ᠡᠳᠦᠷ ᠠᠮᠠᠷᠠᠯᠲᠠ ᠶᠢᠨ ᠡᠳᠦᠷ ᠠᠴᠠ ᠭᠠᠳᠠᠨ᠎ᠠ︶        ᠨᠡᠶᠢᠲᠡ ᠶᠢᠨ ᠮᠠᠰᠢᠨ ᠲᠡᠷᠭᠡᠨ ᠤ ᠵᠠᠮ ᠱᠤᠭᠤᠮ᠄ 2᠂ 3 ᠳ᠋ᠤᠭᠠᠷ ᠵᠠᠮ ᠤᠨ ᠨᠡᠶᠢᠲᠡ ᠶᠢᠨ ᠮᠠᠰᠢᠨ  ᠲᠡᠷᠭᠡᠨ ᠳᠤ ᠰᠠᠭᠤᠵᠤ ᠵᠠᠮ ᠬᠠᠷᠢᠯᠴᠠᠭᠠᠨ ᠤ ᠲᠣᠪᠴᠢᠶᠠᠨ ᠤ ᠥᠷᠲᠡᠭᠡᠨ ᠳᠤ ᠪᠠᠭᠤᠨ᠎ᠠ᠃ 1 ᠳ᠋ᠦ᠋ᠭᠡᠷ ᠵᠠᠮ ᠤᠨ ᠨᠡᠶᠢᠲᠡ ᠶᠢᠨ ᠮᠠᠰᠢᠨ ᠲᠡᠷᠭᠡᠨ ᠳᠤ ᠰᠠᠭᠤᠵᠤ ᠪᠥᠲᠥᠭᠡᠨ ᠪᠠᠶᠢᠭᠤᠯᠤᠯᠲᠠ ᠶᠢᠨ ᠲᠣᠪᠴᠢᠶ᠎ᠠ ᠶᠢᠨ ᠥᠷᠲᠡᠭᠡ ᠳᠤ ᠪᠠᠭᠤᠨ᠎ᠠ᠂ ᠵᠡᠭᠦᠨᠰᠢ 100 ᠮᠧᠲᠷ ᠤᠨ ᠵᠠᠮ ᠤᠨ ᠬᠤᠶᠢᠲᠤ ᠲᠠᠯ᠎ᠠ᠃        ᠥᠪᠥᠷ ᠮᠣᠩᠭᠤᠯ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠰᠦᠯᠵᠢᠶ᠎ᠡ ᠠᠴᠠ ᠰᠢᠯᠵᠢᠭᠦᠯᠦᠨ ᠣᠷᠴᠢᠭᠤᠯᠪᠠ᠃        ᠨᠠᠷᠢᠨ ᠠᠭᠤᠯᠭ᠎ᠠ ᠶᠢ ᠨᠢ ᠳᠤᠤᠷᠠᠬᠢ ᠰᠦᠯᠵᠢᠶᠡᠨ ᠤ ᠬᠠᠶ᠋ᠢᠭ ᠢᠶᠠᠷ ᠦᠵᠡᠭᠡᠷᠡᠢ᠄ http://zwfw.nmg.gov.cn/handle_affairs_detail?item_detail_id=bb4497086b03fa83016b0cead48918cd®ionCode=150421000000&highlight=personal&record=istrue
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号