ᠨᠢᠭᠲᠠ ᠣᠶᠢᠷᠠᠲᠤᠭᠴᠢ ᠲᠠᠢ ᠨᠢᠭᠲᠠ ᠣᠶᠢᠷᠠᠲᠤᠭᠰᠠᠳ ᠢ ᠪᠠᠴᠢᠮ ᠡᠷᠢᠬᠦ ᠲᠤᠬᠠᠢ ᠠᠯᠪᠠᠨ ᠵᠠᠷᠯᠠᠯ
ᠨᠡᠶᠢᠲᠡᠯᠡᠭᠰᠡᠨ ᠴᠠᠭ᠄
2022/3/16
       ᠠᠷᠤ ᠬᠤᠷᠴᠢᠨ ᠬᠤᠰᠢᠭᠤᠨ ᠤ ᠡᠪᠡᠳᠴᠢᠨ ᠲᠠᠬᠤᠯ ᠢ ᠰᠡᠷᠭᠡᠶᠢᠯᠡᠨ ᠬᠢᠵᠠᠭᠠᠷᠯᠠᠬᠤ ᠲᠥᠪ ᠤᠨ ᠬᠢᠨ 2022 ᠣᠨ ᠤ 3 ᠰᠠᠷ᠎ᠠ ᠶᠢᠨ 14 ᠤ ᠡᠳᠦᠷ ᠤᠨ 9 ᠴᠠᠭ 34 ᠮᠢᠨᠦ᠋ᠲ ᠲᠤ ᠠᠷᠤ ᠬᠤᠷᠴᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠠᠴᠠ ᠳᠡᠪᠰᠢᠭᠦᠯᠦᠭᠰᠡᠨ《 ᠨᠢᠭᠲᠠ ᠣᠶᠢᠷᠠᠲᠤᠭᠴᠢ ᠵᠤᠤ ᠣᠪᠣᠭᠲᠤ ᠶᠢ ᠬᠠᠮᠵᠢᠯᠴᠠᠨ ᠪᠠᠶᠢᠴᠠᠭᠠᠬᠤ ᠲᠤᠬᠠᠢ ᠤᠯᠠᠭᠠᠨᠬᠠᠳᠠ ᠬᠤᠲᠠ ᠶᠢᠨ ᠪᠠᠭᠠᠷᠢᠨ ᠪᠠᠷᠠᠭᠤᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠮᠡᠳᠡᠭᠳᠡᠯ》 ᠢ ᠲᠣᠰᠴᠤ᠂ ᠠᠷᠤ ᠬᠤᠷᠴᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ᠂ ᠡᠪᠡᠳᠴᠢᠨ ᠲᠠᠬᠤᠯ ᠢ ᠰᠡᠷᠭᠡᠶᠢᠯᠡᠨ ᠬᠢᠵᠠᠭᠠᠷᠯᠠᠬᠤ ᠲᠥᠪ᠂ ᠠᠵᠤ ᠦᠢᠯᠡᠳᠪᠦᠷᠢ ᠮᠡᠳᠡᠭᠡ ᠵᠠᠩᠭᠢᠴᠢᠯᠠᠯᠲᠠ ᠪᠠ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠲᠣᠪᠴᠢᠶ᠎ᠠ ᠳᠠᠷᠤᠶᠢᠬᠠᠨ ᠲᠠᠬᠤᠯ ᠡᠪᠡᠳᠴᠢᠨ ᠤ ᠪᠠᠶᠢᠴᠠᠭᠠᠯᠲᠠ ᠥᠷᠨᠢᠭᠦᠯᠪᠡ᠃ ᠣᠳᠣᠬᠠᠨ ᠳᠤ ᠵᠤᠤ ᠣᠪᠣᠭᠲᠤ ᠶᠠᠭ ᠭᠡᠷ ᠲᠡᠭᠡᠨ ᠲᠤᠰᠠᠭᠠᠷᠯᠠᠨ ᠠᠵᠢᠭᠯᠠᠯᠲᠠ ᠬᠢᠵᠦ ᠪᠣᠢ᠃ 2022 ᠣᠨ ᠤ 3 ᠰᠠᠷ᠎ᠠ ᠶᠢᠨ 8 ᠤ ᠡᠳᠦᠷ ᠪᠣᠯᠣᠨ 3 ᠰᠠᠷ᠎ᠠ ᠶᠢᠨ 13 ᠤ ᠡᠳᠦᠷ ᠤᠨ ᠬᠤᠶᠠᠷ ᠤᠳᠠᠭ᠎ᠠ ᠶᠢᠨ ᠪᠥᠭᠡᠮ ᠬᠦᠴᠢᠯ ᠤᠨ ᠪᠠᠶᠢᠴᠠᠭᠠᠯᠲᠠ ᠳᠤ ᠴᠥᠮ ᠪᠢᠯᠢᠭ ᠴᠢᠨᠠᠷ ᠢᠯᠡᠷᠡᠪᠡ᠃ ᠣᠳᠣ ᠲᠡᠭᠦᠨ ᠤ ᠠᠷᠤ ᠬᠤᠷᠴᠢᠨ ᠬᠤᠰᠢᠭᠤᠨ ᠳᠠᠬᠢ ᠠᠶᠠᠯᠠᠯ ᠤᠨ ᠵᠠᠮ ᠮᠥᠷ ᠢ ᠨᠡᠶᠢᠲᠡᠯᠡᠪᠡᠯ᠄        2022 ᠣᠨ ᠤ 3 ᠰᠠᠷ᠎ᠠ ᠶᠢᠨ 7 ᠤ ᠦᠳᠡ ᠶᠢᠨ ᠡᠮᠦᠨᠡᠬᠢ 9 ᠴᠠᠭ 21 ᠮᠢᠨᠦ᠋ᠲ ᠠᠴᠠ 10 ᠴᠠᠭ 25 ᠮᠢᠨᠦ᠋ᠲ ᠲᠤ᠂ ᠵᠤᠤ ᠣᠪᠣᠭᠲᠤ ᠪᠦᠷᠢᠨ ᠪᠠᠷᠠᠭᠠᠲᠦ ᠠᠰᠠᠷ ᠤᠨ ᠳᠣᠣᠷᠠᠬᠢ ᠳ᠋ᠧᠺᠧᠱᠢ ᠬᠤᠭᠤᠯᠠᠨ ᠭᠡᠷ ᠲᠤ ᠬᠤᠭᠤᠯᠠ ᠢᠳᠡᠪᠡ᠃        ᠳᠡᠭᠡᠷ᠎ᠡ ᠳᠤᠷᠠᠳᠤᠭᠰᠠᠨ ᠴᠠᠭ ᠬᠤᠭᠤᠴᠠᠭ᠎ᠠ ᠳᠤ ᠨᠢᠭᠲᠠ ᠣᠶᠢᠷᠠᠲᠤᠭᠰᠠᠳ ᠲᠠᠢ ᠠᠳᠠᠯᠢᠬᠠᠨ ᠠᠵᠢᠯᠯᠠᠭ᠎ᠠ ᠶᠢᠨ ᠵᠠᠮ ᠮᠥᠷ ᠲᠠᠢ ᠬᠥᠮᠥᠰ ᠳᠠᠷᠤᠢ ᠲᠦᠷᠭᠡᠨ ᠰᠠᠨᠠᠭᠠᠴᠢᠯᠠᠭ᠎ᠠ ᠠᠴᠠ ᠪᠠᠨ ᠪᠠᠶᠢᠭ᠎ᠠ ᠨᠡᠶᠢᠭᠡᠮ ᠲᠣᠭᠤᠷᠢᠭ᠂ ᠪᠠᠶᠢᠭᠤᠯᠭ᠎ᠠ ᠨᠢᠭᠡᠴᠢ᠂ ᠵᠣᠴᠢᠳ ᠤᠨ ᠪᠠᠭᠤᠳᠠᠯ ᠳᠠᠭᠠᠨ ᠮᠡᠳᠡᠭᠦᠯᠬᠦ ᠶᠢᠨ ᠬᠠᠮᠲᠤ ᠡᠯ᠎ᠡ ᠵᠦᠢᠯ ᠤᠨ ᠰᠡᠷᠭᠡᠶᠢᠯᠡᠨ ᠡᠵᠡᠮᠳᠡᠬᠦ ᠠᠷᠭ᠎ᠠ ᠬᠡᠮᠵᠢᠶ᠎ᠡ ᠶᠢ ᠬᠠᠮᠵᠢᠯᠴᠠᠨ ᠰᠠᠶᠢᠲᠤᠷ ᠬᠢᠬᠦ ᠬᠡᠷᠡᠭᠲᠡᠢ᠃ ᠬᠡᠷᠪᠡ ᠨᠢᠭᠤᠭᠰᠠᠨ᠂ ᠬᠤᠳᠠᠯ ᠢᠶᠠᠷ ᠮᠡᠳᠡᠭᠦᠯᠦᠭᠰᠡᠨ ᠠᠴᠠ ᠪᠣᠯᠵᠤ ᠬᠢᠵᠢᠭ ᠤᠨ ᠪᠠᠶᠢᠳᠠᠯ ᠢ ᠲᠠᠷᠬᠠᠭᠰᠠᠨ ᠦᠷ᠎ᠡ ᠳ᠋ᠦᠩ ᠭᠠᠷᠭᠠᠭᠰᠠᠨ ᠪᠠᠶᠢᠪᠠᠯ᠂ ᠬᠠᠤᠯᠢ ᠶᠣᠰᠣᠭᠠᠷ ᠬᠠᠮᠢᠶ᠎ᠠ ᠪᠦᠬᠦᠢ ᠬᠥᠮᠥᠨ ᠠᠴᠠ ᠬᠠᠷᠢᠭᠤᠴᠠᠯᠭ᠎ᠠ ᠨᠡᠬᠡᠮᠵᠢᠯᠡᠨ᠎ᠡ᠃        ᠠᠷᠤ ᠬᠤᠷᠴᠢᠨ ᠬᠤᠰᠢᠭᠤᠨ ᠤ ᠡᠪᠡᠳᠴᠢᠨ ᠲᠠᠬᠤᠯ ᠢ ᠰᠡᠷᠭᠡᠶᠢᠯᠡᠨ ᠬᠢᠵᠠᠭᠠᠷᠯᠠᠬᠤ ᠲᠥᠪ ᠠᠴᠠ ᠥᠷᠭᠡᠨ ᠣᠯᠠᠨ ᠰᠠᠭᠤᠭᠠᠯᠢ ᠠᠷᠠᠳ ᠢ ᠠᠶᠤᠨ ᠰᠠᠨᠳᠤᠷᠬᠤ ᠦᠭᠡᠢ᠂ ᠴᠤᠤᠷᠬᠠᠯ ᠢ ᠢᠲᠡᠭᠡᠬᠦ ᠦᠭᠡᠢ᠂ ᠴᠤᠤᠷᠬᠠᠯ ᠲᠠᠷᠬᠠᠭᠠᠬᠤ ᠦᠭᠡᠢ ᠪᠠᠶᠢᠵᠤ᠂ ᠰᠠᠨᠠᠭᠠᠴᠢᠯᠠᠭ᠎ᠠ ᠠᠴᠠ ᠪᠠᠨ ᠬᠤᠪᠢ ᠬᠥᠮᠥᠨ ᠤ ᠬᠠᠮᠠᠭᠠᠯᠠᠯᠲᠠ ᠶᠢ ᠰᠠᠶᠢᠲᠤᠷ ᠬᠢᠵᠦ᠂ ᠠᠮᠤᠷ ᠲᠦᠪᠰᠢᠨ ᠨᠡᠶᠢᠭᠡᠮ ᠤᠨ ᠬᠠᠷᠢᠯᠴᠠᠭᠠᠨ ᠤ ᠵᠠᠢ ᠶᠢ ᠪᠠᠲᠤᠯᠠᠬᠤ ᠬᠡᠷᠡᠭᠲᠡᠢ ᠭᠡᠵᠦ ᠰᠠᠨᠠᠭᠤᠯᠵᠤ ᠪᠤᠢ᠃ ᠪᠥᠭᠡᠮᠨᠡᠷᠡᠬᠦ ᠦᠭᠡᠢ᠂ ᠴᠥᠭᠡᠨ ᠴᠤᠭᠯᠠᠷᠠᠵᠤ᠂ ᠡᠷᠡᠭᠦᠯ ᠴᠢᠭᠢᠷᠠᠭ ᠠᠮᠢᠳᠤᠷᠠᠯ ᠤᠨ ᠠᠷᠭ᠎ᠠ ᠮᠠᠶ᠋ᠢᠭ ᠢ ᠪᠠᠲᠤᠯᠠᠬᠤ ᠬᠡᠷᠡᠭᠲᠡᠢ᠃ ᠸᠡᠺᠼᠢᠨ ᠤ ᠲᠠᠷᠢᠯᠭ᠎ᠠ ᠬᠢᠭᠡᠳᠦᠢ ᠪᠣᠯ ᠰᠠᠨᠠᠭᠠᠴᠢᠯᠠᠭ᠎ᠠ ᠠᠴᠠ ᠪᠠᠨ ᠰᠢᠨ᠎ᠡ ᠲᠢᠳᠢᠮᠯᠢᠭ ᠸᠢᠷᠦ᠋ᠰ ᠤᠨ ᠸᠡᠺᠼᠢᠨ ᠤ ᠲᠠᠷᠢᠯᠭ᠎ᠠ ᠬᠢᠬᠦ ᠬᠡᠷᠡᠭᠲᠡᠢ᠃ ᠬᠡᠷᠪᠡ ᠬᠠᠯᠠᠭᠤᠷᠠᠬᠤ᠂ ᠬᠠᠨᠢᠶᠠᠬᠤ ᠵᠡᠷᠭᠡ ᠡᠪᠡᠳᠴᠢᠨ ᠤ ᠪᠠᠶᠢᠳᠠᠯ ᠢᠯᠡᠷᠡᠪᠡᠯ᠂ ᠳᠠᠷᠤᠶᠢᠬᠠᠨ ᠣᠶᠢᠷ᠎ᠠ ᠬᠠᠪᠢ ᠶᠢᠨ ᠬᠠᠯᠠᠭᠤᠷᠠᠯ ᠤᠨ ᠡᠭᠦᠳᠡᠨ ᠡᠮᠨᠡᠯᠭᠡ ᠳᠤ ᠬᠦᠷᠴᠦ ᠡᠮᠨᠡᠭᠦᠯᠬᠦ ᠶᠢᠨ ᠬᠠᠮᠲᠤ 14 ᠡᠳᠦᠷ ᠤᠨ ᠳᠣᠲᠣᠷᠠᠬᠢ ᠠᠵᠢᠯᠯᠠᠭᠠᠨ ᠤ ᠵᠠᠮ ᠮᠥᠷ ᠵᠢᠴᠢ ᠣᠶᠢᠷᠠᠲᠤᠭᠰᠠᠨ ᠥᠩᠭᠡᠷᠡᠯᠲᠡ ᠶᠢ ᠰᠠᠨᠠᠭᠠᠴᠢᠯᠠᠭ᠎ᠠ ᠠᠴᠠ ᠪᠠᠨ ᠮᠡᠳᠡᠭᠳᠡᠬᠦ ᠬᠡᠷᠡᠭᠲᠡᠢ᠃ ᠡᠮᠨᠡᠭᠦᠯᠬᠦ ᠪᠦᠬᠦ ᠶᠠᠪᠤᠴᠠ ᠳᠤ ᠠᠮᠠᠪᠴᠢ ᠵᠡᠭᠦᠵᠦ᠂ ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠳᠤ ᠰᠠᠭᠤᠬᠤ ᠠᠴᠠ ᠵᠠᠶᠢᠯᠠᠰᠬᠢᠬᠦ ᠬᠡᠷᠡᠭᠲᠡᠢ᠃        ᠬᠠᠷᠢᠯᠴᠠᠬᠤ ᠤᠲᠠᠰᠤ᠄ 0476 - 7224965               ᠠᠷᠤ ᠬᠤᠷᠴᠢᠨ ᠬᠤᠰᠢᠭᠤᠨ ᠤ ᠡᠪᠡᠳᠴᠢᠨ ᠲᠠᠬᠤᠯ ᠢ ᠰᠡᠷᠭᠡᠶᠢᠯᠡᠨ ᠬᠢᠵᠠᠭᠠᠷᠯᠠᠬᠤ ᠲᠥᠪ                              2022 ᠣᠨ ᠤ 3 ᠰᠠᠷ᠎ᠠ ᠶᠢᠨ 14 ᠤ ᠡᠳᠦᠷ
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠣᠩᠭᠤᠯ ᠬᠡᠯᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号