ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠢ ᠰᠢᠯᠭᠠᠯᠲᠠ ᠶᠢᠨ ᠶᠡᠷᠦᠩᠬᠡᠶᠢᠯᠡᠭᠰᠡᠨ ᠥᠭᠡᠷᠡᠴᠢᠯᠡᠯᠲᠡ ᠶᠢᠨ ᠲᠥᠷᠥ ᠶᠢᠨ ᠪᠣᠳᠣᠯᠭ᠎ᠠ ᠶᠢᠨ ᠲᠠᠶᠢᠯᠤᠮᠵᠢ ︵ᠭᠤᠷᠪᠠ︶
ᠨᠡᠶᠢᠲᠡᠯᠡᠭᠰᠡᠨ ᠴᠠᠭ᠄
2022/7/19
     21 . ᠮᠠᠨ ᠤ ᠣᠷᠣᠨ ᠤ ᠬᠡᠷᠡᠭᠵᠢᠭᠦᠯᠬᠦ ︽3 + 1 + 2︾ ᠤᠨ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ ᠵᠠᠭᠪᠤᠷ ᠪᠠ ᠤᠯᠠᠮᠵᠢᠯᠠᠯᠲᠤ ᠪᠠᠶᠢᠭᠠᠯᠢ ᠶᠢᠨ ᠰᠢᠨᠵᠢᠯᠡᠬᠦ ᠤᠬᠠᠭᠠᠨ ᠪᠠ ᠨᠡᠶᠢᠭᠡᠮ ᠤᠨ ᠰᠢᠨᠵᠢᠯᠡᠬᠦ ᠤᠬᠠᠭᠠᠨ ᠤ ᠬᠢᠴᠢᠶᠡᠯ ᠲᠥᠷᠦᠯ ᠤᠨ ᠠᠩᠭᠢᠯᠠᠯ ᠨᠢ ᠶᠠᠮᠠᠷ ᠢᠯᠭᠠᠭ᠎ᠠ ᠲᠠᠢ ᠪᠣᠶ︖      ᠬᠠᠷᠢᠭᠤᠯᠲᠠ᠄ ︽3 + 1 + 2︾ ᠵᠠᠭᠪᠤᠷ ᠪᠠ ᠤᠯᠠᠮᠵᠢᠯᠠᠯᠲᠤ ᠪᠠᠶᠢᠭᠠᠯᠢ ᠶᠢᠨ ᠰᠢᠨᠵᠢᠯᠡᠬᠦ ᠤᠬᠠᠭᠠᠨ ᠪᠠ ᠨᠡᠶᠢᠭᠡᠮ ᠤᠨ ᠰᠢᠨᠵᠢᠯᠡᠬᠦ ᠤᠬᠠᠭᠠᠨ ᠤ ᠬᠢᠴᠢᠶᠡᠯ ᠲᠥᠷᠦᠯ  ᠤᠨ  ᠠᠩᠭᠢᠯᠠᠯ  ᠨᠢ  ᠮᠥᠨ  ᠴᠢᠨᠠᠷ  ᠤᠨ ᠢᠯᠭᠠᠭ᠎ᠠ   ᠲᠠᠢ  ᠶᠤᠮ᠃      ᠨᠢᠭᠡ ᠳᠤ᠂ ᠬᠠᠷᠠᠯᠲᠠ ᠶᠢᠨ ᠤᠳᠤᠷᠢᠳᠤᠮᠵᠢ ᠠᠳᠠᠯᠢ ᠪᠤᠰᠤ᠃ ︽3 + 1 + 2︾ ᠤᠨ ᠵᠠᠭᠪᠤᠷ ᠲᠤ ᠹᠢᠽᠢᠺ᠂ ᠲᠡᠦᠬᠡ ᠶᠢᠨ ᠬᠢᠴᠢᠶᠡᠯ ᠲᠥᠷᠦᠯ ᠤᠨ ᠰᠠᠭᠤᠷᠢ ᠴᠢᠨᠠᠷᠲᠠᠶ ᠦᠢᠯᠡᠳᠦᠯ ᠢ ᠢᠯᠡᠷᠡᠭᠦᠯᠵᠦ᠂ ᠳᠡᠭᠡᠳᠦ ᠰᠤᠷᠭᠠᠭᠤᠯᠢ ᠶᠢᠨ ᠠᠳᠠᠯᠢ ᠪᠤᠰᠤ ᠰᠢᠨᠵᠢᠯᠡᠭᠡᠨ ᠤ ᠰᠠᠯᠠᠭᠠᠨ ᠤ ᠲᠤᠰᠬᠠᠶ ᠮᠡᠷᠭᠡᠵᠢᠯ ᠤᠨ ᠴᠢᠳᠠᠪᠤᠷᠢᠲᠠᠨ ᠢ ᠰᠣᠩᠭᠤᠬᠤ ᠱᠠᠭᠠᠷᠳᠠᠯᠭ᠎ᠠ ᠶᠢ ᠳᠣᠪᠤᠶᠢᠯᠭᠠᠭᠰᠠᠨ ᠮᠥᠷᠲᠡᠭᠡᠨ ᠪᠠᠰᠠ ᠰᠤᠷᠤᠭᠴᠢᠳ ᠤᠨ ᠰᠣᠩᠭᠤᠯᠲᠠ ᠶᠢ ᠨᠠᠩ ᠬᠦᠨᠳᠦᠳᠬᠡᠵᠦ᠂ ᠰᠤᠷᠤᠭᠴᠢᠳ ᠤᠨ ᠣᠨᠴᠠᠯᠢᠭ ᠢ ᠢᠯᠡᠷᠡᠭᠦᠯᠵᠦ᠂ ᠰᠤᠷᠤᠭᠴᠢᠳ ᠤᠨ ᠪᠥᠬᠦ ᠲᠠᠯ᠎ᠠ ᠶᠢᠨ ᠬᠥᠭᠵᠢᠯᠲᠡ ᠶᠢ ᠴᠢᠬᠤᠯᠠᠴᠢᠯᠠᠵᠤ᠂ ᠰᠤᠷᠤᠭᠴᠢᠳ ᠤᠨ ᠶᠡᠷᠦᠩᠬᠡᠶᠢᠯᠡᠭᠰᠡᠨ ᠬᠡᠪ ᠴᠢᠨᠠᠷ ᠢ ᠳᠡᠭᠡᠭᠰᠢᠯᠡᠭᠦᠯᠦᠨ᠎ᠡ᠃      ᠬᠤᠶᠠᠷ ᠲᠤ᠂ ᠬᠢᠴᠢᠶᠡᠯ ᠲᠥᠷᠥᠯ ᠤᠨ ᠨᠡᠶᠢᠯᠡᠯ ᠤᠨ ᠰᠣᠩᠭᠤᠯᠲᠠ ᠨᠢ ᠠᠳᠠᠯᠢ ᠦᠭᠡᠢ᠃ ︽3 + 1 +      2︾ ᠤᠨ ᠵᠠᠭᠪᠤᠷ ᠲᠤ᠂ ᠰᠢᠯᠭᠠᠭᠤᠯᠤᠭᠴᠢ ᠥᠪᠡᠷ ᠤᠨ ᠳᠤᠷ᠎ᠠ ᠪᠠᠬ᠎ᠠ᠂ ᠳᠤᠷ᠎ᠠ ᠰᠣᠨᠢᠷᠬᠠᠯ᠂ ᠣᠨᠴᠠ ᠴᠢᠳᠠᠪᠤᠷᠢ ᠪᠠ ᠰᠢᠯᠭᠠᠭᠤᠯᠬᠤ ᠪᠠᠷ ᠪᠠᠶᠢᠭ᠎ᠠ ᠰᠤᠷᠭᠠᠭᠤᠯᠢ ᠪᠠ ᠲᠤᠰᠬᠠᠶ ᠮᠡᠷᠭᠡᠵᠢᠯ ᠤᠨ ᠰᠣᠷᠣᠭᠴᠢ ᠡᠯᠰᠡᠬᠦ ᠱᠠᠭᠠᠷᠳᠠᠯᠭ᠎ᠠ ᠵᠢᠴᠢ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠭᠠᠭᠤᠯᠢ ᠡᠷᠭᠢᠯᠡᠬᠦ ᠨᠥᠬᠦᠴᠡᠯ ᠢ ᠦᠨᠳᠦᠰᠦᠯᠡᠨ᠂ 12 ᠵᠦᠢᠯ ᠤᠨ ᠨᠡᠶᠢᠯᠡᠯ ᠠᠴᠠ ᠡᠵᠡᠨ ᠮᠡᠳᠡᠵᠦ ᠰᠣᠩᠭᠤᠵᠤ ᠪᠣᠯᠤᠨ᠎ᠠ᠂ ᠡᠨᠡ ᠨᠢ ᠰᠢᠯᠭᠠᠭᠤᠯᠤᠭᠴᠢ ᠶᠢᠨ ᠰᠣᠩᠭᠤᠬᠤ ᠬᠡᠪᠴᠢᠶ᠎ᠡ ᠶᠢ ᠨᠡᠮᠡᠭᠳᠡᠭᠦᠯᠦᠭᠰᠡᠨ ᠪᠠᠶᠢᠨ᠎ᠠ᠃ ᠬᠠᠷᠢᠨ ᠤᠯᠠᠮᠵᠢᠯᠠᠯᠲᠤ ᠨᠡᠶᠢᠭᠡᠮ ᠤᠨ ᠰᠢᠨᠵᠢᠯᠡᠬᠦ ᠤᠬᠠᠭᠠᠨ ᠪᠠ ᠪᠠᠶᠢᠭᠠᠯᠢ ᠶᠢᠨ ᠰᠢᠨᠵᠢᠯᠡᠬᠦ ᠤᠬᠠᠭᠠᠨ ᠤ ᠬᠢᠴᠢᠶᠡᠯ ᠲᠥᠷᠥᠯ ᠳᠤ ᠵᠥᠪᠬᠡᠨ 2 ᠵᠦᠢᠯ ᠤᠨ ᠲᠣᠭᠲᠠᠮᠠᠯ ᠨᠡᠶᠢᠯᠡᠯ ᠢ ᠰᠢᠯᠭᠠᠭᠤᠯᠤᠭᠴᠢ ᠶᠢᠨ ᠰᠣᠩᠭᠤᠯᠲᠠ ᠳᠤ ᠬᠠᠩᠭᠠᠪᠠ᠃ ᠡᠭᠦᠨ ᠳᠤ᠂ ᠨᠡᠶᠢᠭᠡᠮ ᠤᠨ ᠰᠢᠨᠵᠢᠯᠡᠬᠦ ᠤᠬᠠᠭᠠᠨ ᠤ ᠲᠥᠷᠥᠯ ᠤᠨ ᠰᠢᠯᠭᠠᠭᠤᠯᠤᠭᠴᠢ ᠵᠥᠪᠬᠡᠨ ᠦᠵᠡᠯ ᠰᠠᠨᠠᠭ᠎ᠠ ᠤᠯᠤᠰ ᠲᠥᠷᠥ᠂ ᠲᠡᠦᠬᠡ᠂ ᠭᠠᠵᠠᠷ ᠵᠦᠶ ᠶᠢᠨ 1 ᠵᠦᠢᠯ ᠤᠨ ᠲᠣᠭᠲᠠᠮᠠᠯ ᠨᠡᠶᠢᠯᠡᠯ ᠢ ᠰᠣᠩᠭᠤᠬᠤ᠂ ᠪᠠᠶᠢᠭᠠᠯᠢ ᠶᠢᠨ ᠰᠢᠨᠵᠢᠯᠡᠬᠦ ᠤᠬᠠᠭᠠᠨ ᠤ ᠲᠥᠷᠥᠯ ᠤᠨ ᠰᠢᠯᠭᠠᠭᠤᠯᠤᠭᠴᠢ ᠵᠥᠪᠬᠡᠨ ᠹᠢᠽᠢᠺ᠂ ᠬᠢᠮᠢ᠂ ᠠᠮᠢᠳᠤ ᠪᠣᠳᠠᠰ ᠤᠨ ᠤᠬᠠᠭᠠᠨ ᠤ 1 ᠵᠦᠢᠯ ᠤᠨ ᠲᠣᠭᠲᠠᠮᠠᠯ ᠨᠡᠶᠢᠯᠡᠯ ᠢ ᠰᠣᠩᠭᠤᠬᠤ᠂ ᠰᠣᠩᠭᠤᠬᠤ ᠬᠡᠪᠴᠢᠶ᠎ᠡ ᠨᠢ ᠢᠪᠴᠤᠤ ᠪᠠᠶᠢᠪᠠ᠃      ᠭᠤᠷᠪᠠ ᠳᠤ᠂ ᠰᠢᠯᠭᠠᠯᠲᠠ ᠶᠢᠨ ᠠᠭᠤᠯᠭ᠎ᠠ ᠨᠢ ᠠᠳᠠᠯᠢ ᠪᠣᠰᠤ᠃ ︽3 + 1 + 2︾ ᠤᠨ ᠵᠠᠭᠪᠤᠷ ᠲᠤ᠂ ᠰᠤᠷᠤᠭᠴᠢᠳ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ ᠬᠡᠯᠡ ᠪᠢᠴᠢᠭ᠂ ᠲᠣᠭᠠᠨ ᠤ ᠤᠬᠠᠭᠠᠨ᠂ ᠭᠠᠳᠠᠭᠠᠳᠤ ᠬᠡᠯᠡ ᠵᠡᠷᠭᠡ 3 ᠬᠢᠴᠢᠶᠡᠯ ᠲᠥᠷᠥᠯ ᠤᠨ ᠰᠢᠯᠭᠠᠯᠲᠠ ᠳᠤ ᠣᠷᠣᠯᠴᠠᠬᠤ ᠳᠤ ᠪᠠᠨ ᠨᠡᠶᠢᠭᠡᠮ ᠤᠨ ᠰᠢᠨᠵᠢᠯᠡᠬᠦ ᠤᠬᠠᠭᠠᠨ ᠪᠠ ᠪᠠᠶᠢᠭᠠᠯᠢ ᠶᠢᠨ ᠰᠢᠨᠵᠢᠯᠡᠬᠦ ᠤᠬᠠᠭᠠᠨ ᠤ ᠬᠢᠴᠢᠶᠡᠯ ᠲᠥᠷᠥᠯ ᠭᠡᠵᠦ ᠬᠤᠪᠢᠶᠠᠬᠤ ᠥᠬᠡᠶ᠂ ᠪᠥᠬᠦ ᠰᠢᠯᠭᠠᠭᠤᠯᠤᠭᠴᠢ ᠶᠢᠨ ᠰᠢᠯᠭᠠᠯᠲᠠ ᠶᠢᠨ ᠰᠡᠳᠦᠪ ᠪᠦᠷᠢᠮᠦᠰᠦᠨ ᠨᠢᠭᠡᠳᠦᠯᠲᠡᠶ ᠪᠠᠶᠢᠳᠠᠭ᠃ ᠬᠠᠷᠢᠨ ᠤᠯᠠᠮᠵᠢᠯᠠᠯᠲᠤ ᠨᠡᠶᠢᠭᠡᠮ ᠤᠨ ᠰᠢᠨᠵᠢᠯᠡᠬᠦ ᠤᠬᠠᠭᠠᠨ ᠪᠠ ᠪᠠᠶᠢᠭᠠᠯᠢ ᠶᠢᠨ ᠰᠢᠨᠵᠢᠯᠡᠬᠦ ᠤᠬᠠᠭᠠᠨ ᠤ ᠬᠢᠴᠢᠶᠡᠯ ᠲᠥᠷᠥᠯ ᠬᠤᠪᠢᠶᠠᠭᠰᠠᠨ ᠲᠣᠭᠠᠨ ᠤ ᠤᠬᠠᠭᠠᠨ ᠤ ᠰᠢᠯᠭᠠᠯᠲᠠ ᠶᠢᠨ ᠬᠢᠴᠢᠶᠡᠯ ᠲᠥᠷᠥᠯ᠂ ᠰᠢᠯᠭᠠᠯᠲᠠ ᠶᠢᠨ ᠠᠭᠤᠯᠭ᠎ᠠ ᠪᠠ ᠬᠦᠴᠢᠷᠳᠡᠯᠭᠡ ᠶᠢᠨ ᠬᠡᠮᠵᠢᠶ᠎ᠡ ᠨᠢ ᠬᠠᠷᠢᠨ ᠢᠯᠭᠠᠭ᠎ᠠ ᠲᠠᠢ ᠪᠠᠶᠢᠳᠠᠭ᠃      ᠳᠥᠷᠪᠡ ᠳᠤ᠂ ᠰᠢᠯᠭᠠᠯᠲᠠ ᠶᠢᠨ ᠨᠣᠭᠳᠠᠬᠤ ᠬᠤᠪᠢ ᠪᠠ ᠶᠡᠷᠦᠩᠬᠡᠶ ᠬᠢᠷᠢ ᠪᠦᠲᠦᠮᠵᠢ ᠶᠢ ᠲᠡᠮᠳᠡᠭᠯᠡᠬᠦ ᠠᠷᠭ᠎ᠠ ᠮᠠᠶ᠋ᠢᠭ ᠨᠢ ᠠᠳᠠᠯᠢ ᠪᠣᠰᠤ᠃ ︽3 + 1 + 2︾ ᠤᠨ ᠵᠠᠭᠪᠤᠷ ᠲᠤ᠂ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ ᠬᠡᠯᠡ ᠪᠢᠴᠢᠭ᠂ ᠲᠣᠭᠠᠨ ᠤ ᠤᠬᠠᠭᠠᠨ᠂ ᠭᠠᠳᠠᠭᠠᠳᠤ ᠬᠡᠯᠡᠨ ᠤ ᠬᠢᠴᠢᠶᠡᠯ ᠪᠦᠷᠢ ᠶᠢᠨ ᠪᠦᠷᠢᠨ ᠬᠤᠪᠢ ᠨᠢ ᠴᠥᠮ 150 ᠬᠤᠪᠢ᠂ ᠲᠡᠷᠢᠭᠦᠨ ᠰᠣᠩᠭᠤᠯᠲᠠ ᠶᠢᠨ ᠬᠢᠴᠢᠶᠡᠯ ᠲᠥᠷᠥᠯ ᠤᠨ ᠹᠢᠽᠢᠺ᠂ ᠲᠡᠦᠬᠡ ᠶᠢᠨ ᠬᠢᠴᠢᠶᠡᠯ ᠪᠦᠷᠢ ᠶᠢᠨ ᠪᠦᠷᠢᠨ ᠬᠤᠪᠢ ᠨᠢ ᠴᠥᠮ 100 ᠬᠤᠪᠢ ᠪᠠᠶᠢᠵᠤ᠂ ᠰᠢᠯᠭᠠᠯᠲᠠ ᠶᠢᠨ ᠬᠢᠷᠢ ᠪᠦᠲᠦᠮᠵᠢ ᠶᠢ ᠴᠥᠮ ᠰᠢᠯᠭᠠᠯᠲᠠ ᠶᠢᠨ ᠠᠩᠬᠠᠨ ᠤ ᠬᠤᠪᠢ ᠪᠠᠷ ᠰᠢᠯᠭᠠᠭᠤᠯᠤᠭᠴᠢ ᠶᠢᠨ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ ᠶᠡᠷᠦᠩᠬᠡᠶ ᠬᠢᠷᠢ ᠪᠦᠲᠦᠮᠵᠢ ᠳᠤ ᠪᠣᠳᠣᠵᠤ ᠣᠷᠣᠭᠤᠯᠤᠨ᠎ᠠ᠂ ᠳᠠᠬᠢᠨ ᠰᠣᠩᠭᠤᠬᠤ ᠬᠢᠴᠢᠶᠡᠯ ᠲᠥᠷᠥᠯ ᠤᠨ ᠦᠵᠡᠯ ᠰᠠᠨᠠᠭ᠎ᠠ ᠤᠯᠤᠰ ᠲᠥᠷᠥ᠂ ᠭᠠᠵᠠᠷ ᠵᠦᠶ᠂ ᠬᠢᠮᠢ ᠪᠠ ᠠᠮᠢᠳᠤ ᠪᠣᠳᠠᠰ ᠤᠨ ᠤᠬᠠᠭᠠᠨ ᠤ ᠬᠢᠴᠢᠶᠡᠯ ᠪᠦᠷᠢ ᠶᠢᠨ ᠪᠦᠷᠢᠨ ᠬᠤᠪᠢ ᠨᠢ ᠴᠥᠮ 100 ᠬᠤᠪᠢ ᠪᠠᠶᠢᠵᠤ᠂ ᠰᠢᠯᠭᠠᠯᠲᠠ ᠶᠢᠨ ᠬᠢᠷᠢ ᠪᠦᠲᠦᠮᠵᠢ ᠶᠢ ᠲᠠᠰ ᠲᠤ ᠬᠤᠪᠢᠷᠠᠭᠤᠯᠤᠭᠰᠠᠨ ᠬᠤᠪᠢ ᠪᠠᠷ ᠰᠢᠯᠭᠠᠭᠤᠯᠤᠭᠴᠢ ᠶᠢᠨ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ  ᠶᠡᠷᠦᠩᠬᠡᠶ  ᠬᠢᠷᠢ  ᠪᠦᠲᠦᠮᠵᠢ  ᠳᠤ  ᠪᠣᠳᠤᠵᠤ  ᠣᠷᠣᠭᠤᠯᠤᠨ᠎ᠠ᠃      ᠲᠠᠪᠤ ᠳᠤ᠂ ᠰᠡᠳᠦᠪ ᠤᠨ ᠪᠡᠶᠡᠴᠢ ᠴᠣᠭᠴᠠ ᠨᠢ ᠠᠳᠠᠯᠢ ᠪᠤᠰᠤ᠃ ︽3 + 1 + 2︾ ᠤᠨ ᠵᠠᠭᠪᠤᠷ ᠲᠤ᠂ ᠬᠡᠯᠡ ᠪᠢᠴᠢᠭ᠂ ᠲᠣᠭᠠᠨ ᠤ ᠤᠬᠠᠭᠠᠨ᠂ ᠭᠠᠳᠠᠭᠠᠳᠤ ᠬᠡᠯᠡ ᠵᠡᠷᠭᠡ 3 ᠬᠢᠴᠢᠶᠡᠯ ᠲᠥᠷᠥᠯ ᠢ ᠰᠤᠷᠭᠠᠨ ᠬᠥᠮᠦᠵᠢᠯ ᠤᠨ ᠶᠠᠮᠤᠨ ᠤ ᠰᠤᠷᠭᠠᠨ ᠬᠥᠮᠦᠵᠢᠯ ᠤᠨ ᠰᠢᠯᠭᠠᠯᠲᠠ ᠶᠢᠨ ᠬᠦᠷᠢᠶᠡᠯᠡᠩ ᠠᠴᠠ ᠨᠢᠭᠡᠳᠦᠯᠲᠡᠶ ᠰᠡᠳᠦᠪ ᠭᠠᠷᠭᠠᠵᠤ᠂ ︽1 + 2︾ ᠤᠨ ᠰᠣᠩᠭᠤᠬᠤ ᠴᠢᠨᠠᠷᠲᠠᠶ ᠰᠢᠯᠭᠠᠯᠲᠠ ᠶᠢᠨ ᠬᠢᠴᠢᠶᠡᠯ ᠲᠥᠷᠥᠯ ᠢ ᠥᠪᠡᠷᠲᠡᠭᠡᠨ ᠵᠠᠰᠠᠬᠤ ᠣᠷᠣᠨ ᠠᠴᠠ ᠨᠢᠭᠡᠳᠦᠯᠲᠡᠶ ᠰᠡᠳᠦᠪ ᠭᠠᠷᠭᠠᠨ᠎ᠠ᠃      22 . ᠬᠢᠷᠢ ᠲᠡᠩᠴᠡᠬᠦ ᠴᠢᠨᠠᠷᠲᠠᠢ ᠰᠢᠯᠭᠠᠯᠲᠠ ᠪᠣᠯᠤᠨ ᠰᠣᠩᠭᠤᠬᠤ ᠴᠢᠨᠠᠷᠲᠠᠢ ᠰᠢᠯᠭᠠᠯᠲᠠ ᠶᠢᠨ ᠢᠯᠭᠠᠭ᠎ᠠ ᠨᠢ ᠶᠠᠭᠤ ᠪᠤᠢ︖      ᠬᠠᠷᠢᠭᠤᠯᠲᠠ᠄ ᠬᠢᠷᠢ ᠲᠡᠩᠴᠡᠭᠦ ᠴᠢᠨᠠᠷᠲᠠᠶ ᠰᠢᠯᠭᠠᠯᠲᠠ ᠪᠠ ᠰᠣᠩᠭᠤᠬᠤ ᠴᠢᠨᠠᠷᠲᠠᠶ ᠰᠢᠯᠭᠠᠯᠲᠠ ᠳᠤ ᠭᠤᠤᠯᠳᠠᠭᠤ ᠳᠤᠤᠷᠠᠬᠢ ᠵᠢᠷᠭᠤᠭᠠᠨ ᠲᠠᠯ᠎ᠠ ᠶᠢᠨ ᠢᠯᠭᠠᠭ᠎ᠠ ᠲᠠᠢ᠄      ᠨᠢᠭᠡ ᠳᠤ᠂ ᠰᠢᠯᠭᠠᠯᠲᠠ ᠶᠢᠨ ᠵᠣᠷᠢᠯᠭ᠎ᠠ ᠠᠳᠠᠯᠢ ᠪᠤᠰᠤ᠃ ᠬᠢᠷᠢ ᠲᠡᠩᠴᠡᠭᠦ ᠴᠢᠨᠠᠷᠲᠠᠶ ᠰᠢᠯᠭᠠᠯᠲᠠ ᠪᠣᠯ ᠰᠤᠷᠤᠭᠴᠢᠳ ᠤᠨ ᠡᠩ ᠤᠨ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠬᠢᠴᠢᠶᠡᠯ ᠤᠨ ᠪᠠᠷᠢᠮᠵᠢᠶ᠎ᠠ ᠳᠤ ᠲᠣᠭᠲᠠᠭᠠᠭᠰᠠᠨ ᠰᠤᠷᠤᠯᠭ᠎ᠠ ᠶᠢᠨ ᠦᠨᠳᠦᠰᠦᠨ ᠱᠠᠭᠠᠷᠳᠠᠯᠭ᠎ᠠ ᠳᠤ ᠬᠦᠷᠦᠭᠰᠡᠨ ᠡᠰᠡᠬᠦ ᠶᠢ ᠰᠢᠯᠭᠠᠬᠤ ᠬᠢᠷᠢ ᠬᠡᠮᠵᠢᠶᠡᠨ ᠤ ᠰᠢᠯᠭᠠᠯᠲᠠ ᠶᠤᠮ᠂ ᠡᠨᠡ ᠨᠢ ︽ᠪᠠᠷᠢᠮᠵᠢᠶ᠎ᠠ ᠳᠤ ᠬᠦᠷᠭᠡᠬᠦ︾ ᠪᠠᠷ ᠭᠤᠤᠯᠯᠠᠭᠤᠯᠵᠤ᠂ ᠰᠣᠩᠭᠤᠨ ᠢᠯᠭᠠᠬᠤ ᠴᠢᠳᠠᠮᠵᠢ ᠶᠢ ᠴᠢᠬᠤᠯᠠᠴᠢᠯᠠᠬᠤ ᠥᠬᠡᠶ︔ ᠰᠣᠩᠭᠤᠬᠤ ᠴᠢᠨᠠᠷᠲᠠᠶ ᠰᠢᠯᠭᠠᠯᠲᠠ ᠪᠣᠯ ︽ᠰᠠᠭᠤᠷᠢ ᠶᠢ ᠴᠢᠩᠭᠠᠳᠬᠠᠬᠤ︾ ᠤᠷᠢᠲᠠᠯ ᠳᠤᠤᠷ᠎ᠠ ᠠᠳᠠᠯᠢ ᠪᠤᠰᠤ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠰᠤᠷᠤᠯᠭ᠎ᠠ ᠶᠢᠨ ᠲᠠᠯ᠎ᠠ ᠪᠠᠷ ᠬᠢ ᠬᠢᠴᠢᠶᠡᠯ ᠲᠥᠷᠦᠯ ᠤᠨ ᠣᠨᠴᠠ ᠴᠢᠳᠠᠪᠤᠷᠢ ᠶᠢ ᠳᠣᠪᠤᠶᠢᠯᠭᠠᠵᠤ᠂ ᠰᠣᠩᠭᠤᠨ ᠢᠯᠭᠠᠬᠤ ᠴᠢᠳᠠᠮᠵᠢ ᠲᠠᠢ ᠬᠢᠷᠢ ᠬᠡᠮᠵᠢᠶᠡᠨ ᠤ ᠰᠢᠯᠭᠠᠯᠲᠠ ᠪᠣᠯᠤᠨ᠎ᠠ᠃      ᠬᠤᠶᠠᠷ ᠲᠤ᠂ ᠰᠢᠯᠭᠠᠯᠲᠠ ᠶᠢᠨ ᠬᠢᠴᠢᠶᠡᠯ ᠲᠥᠷᠥᠯ ᠨᠢ ᠠᠳᠠᠯᠢ ᠪᠣᠰᠤ᠃ ᠬᠢᠷᠢ ᠲᠡᠩᠴᠡᠭᠦ ᠴᠢᠨᠠᠷᠲᠠᠶ ᠰᠢᠯᠭᠠᠯᠲᠠ ᠶᠢᠨ ᠬᠢᠴᠢᠶᠡᠯ ᠲᠥᠷᠥᠯ ᠨᠢ ᠤᠯᠤᠰ ᠤᠨ ᠬᠢᠴᠢᠶᠡᠯ ᠤᠨ ᠲᠥᠰᠦᠯ ᠳᠤ ᠲᠣᠭᠲᠠᠭᠠᠭᠰᠠᠨ ᠪᠣᠶ ᠪᠥᠬᠦᠶ ᠰᠤᠷᠤᠯᠴᠠᠬᠤ ᠬᠢᠴᠢᠶᠡᠯ ᠲᠥᠷᠥᠯ ᠢ ᠬᠠᠮᠤᠷᠤᠨ᠎ᠠ᠃ ᠰᠣᠩᠭᠤᠬᠤ ᠴᠢᠨᠠᠷᠲᠠᠶ ᠰᠢᠯᠭᠠᠯᠲᠠ ᠶᠢᠨ ᠬᠢᠴᠢᠶᠡᠯ ᠲᠥᠷᠥᠯ ᠢ ᠦᠵᠡᠯ ᠰᠠᠨᠠᠭ᠎ᠠ ᠤᠯᠤᠰ ᠲᠥᠷᠥ᠂ ᠲᠡᠦᠬᠡ᠂ ᠭᠠᠵᠠᠷ ᠵᠦᠶ᠂ ᠹᠢᠽᠢᠺ᠂ ᠬᠢᠮᠢ᠂ ᠠᠮᠢᠳᠤ ᠪᠣᠳᠠᠰ ᠤᠨ ᠤᠬᠠᠭᠠᠨ ᠵᠡᠷᠭᠡ 6 ᠬᠢᠴᠢᠶᠡᠯ ᠲᠥᠷᠥᠯ ᠠᠴᠠ ᠰᠣᠩᠭᠤᠨ᠎ᠠ᠃ ᠪᠣᠳᠠᠲᠠᠶ ᠪᠠᠷ ᠬᠡᠯᠡᠪᠡᠯ᠂ ᠹᠢᠽᠢᠺ ᠪᠤᠶᠤ ᠲᠡᠦᠬᠡ ᠶᠢᠨ 2 ᠬᠢᠴᠢᠶᠡᠯ ᠲᠥᠷᠥᠯ ᠠᠴᠠ 1 ᠲᠥᠷᠥᠯ ᠢ ᠰᠣᠩᠭᠤᠵᠤ᠂ ᠦᠵᠡᠯ ᠰᠠᠨᠠᠭ᠎ᠠ ᠤᠯᠤᠰ ᠲᠥᠷᠥ᠂ ᠭᠠᠵᠠᠷ ᠵᠦᠶ᠂ ᠬᠢᠮᠢ᠂ ᠠᠮᠢᠳᠤ ᠪᠣᠳᠠᠰ ᠤᠨ ᠤᠬᠠᠭᠠᠨ ᠵᠡᠷᠭᠡ 4 ᠬᠢᠴᠢᠶᠡᠯ ᠲᠥᠷᠥᠯ ᠠᠴᠠ ᠳᠠᠬᠢᠨ 2 ᠲᠥᠷᠥᠯ ᠢ ᠰᠣᠩᠭᠤᠵᠤ᠂ ᠨᠡᠶᠢᠲᠡ 3 ᠬᠢᠴᠢᠶᠡᠯ ᠲᠥᠷᠥᠯ ᠢᠶᠠᠷ ᠰᠣᠩᠭᠤᠬᠤ ᠴᠢᠨᠠᠷᠲᠠᠶ ᠰᠢᠯᠭᠠᠯᠲᠠ ᠶᠢᠨ ᠬᠢᠴᠢᠶᠡᠯ ᠲᠥᠷᠥᠯ ᠢ ᠪᠦᠷᠢᠯᠳᠦᠭᠦᠯᠦᠨ᠎ᠡ᠃      ᠭᠤᠷᠪᠠ ᠳᠤ᠂ ᠰᠢᠯᠭᠠᠭᠤᠯᠬᠤ ᠡᠲᠡᠭᠡᠳ ᠨᠢ ᠠᠳᠠᠯᠢ ᠪᠣᠰᠤ᠃ ᠡᠩ ᠤᠨ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠭᠠᠭᠤᠯᠢ ᠳᠤ ᠪᠠᠶᠢᠭ᠎ᠠ ᠰᠤᠷᠤᠭᠴᠢᠳ ᠴᠥᠮ ᠬᠢᠷᠢ ᠲᠡᠩᠴᠡᠭᠦ ᠴᠢᠨᠠᠷᠲᠠᠶ ᠰᠢᠯᠭᠠᠯᠲᠠ ᠳᠤ ᠣᠷᠣᠯᠴᠠᠬᠤ ᠬᠡᠷᠡᠭᠲᠡᠶ᠂ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠰᠤᠷᠤᠭᠴᠢᠳ ᠪᠣᠯᠤᠨ ᠨᠡᠶᠢᠭᠡᠮ ᠤᠨ ᠠᠵᠢᠯᠲᠠᠳ ᠴᠤ ᠬᠢᠷᠢ ᠲᠡᠩᠴᠡᠭᠦ ᠴᠢᠨᠠᠷᠲᠠᠶ ᠰᠢᠯᠭᠠᠯᠲᠠ ᠳᠤ ᠨᠡᠷ᠎ᠡ ᠮᠡᠳᠡᠭᠦᠯᠦᠨ ᠣᠷᠣᠯᠴᠠᠵᠤ ᠪᠣᠯᠤᠨ᠎ᠠ᠃ ᠰᠣᠩᠭᠤᠬᠤ ᠴᠢᠨᠠᠷᠲᠠᠶ ᠰᠢᠯᠭᠠᠯᠲᠠ ᠶᠢᠨ ᠰᠢᠯᠭᠠᠭᠤᠯᠬᠤ ᠡᠲᠡᠭᠡᠳ ᠪᠣᠯ ᠰᠤᠷᠭᠠᠨ ᠬᠥᠮᠦᠵᠢᠯ ᠤᠨ ᠶᠠᠮᠤᠨ ᠪᠣᠯᠤᠨ ᠥᠪᠡᠷᠲᠡᠭᠡᠨ ᠵᠠᠰᠠᠬᠤ ᠣᠷᠣᠨ ᠤ ᠲᠣᠭᠲᠠᠭᠠᠭᠰᠠᠨ ᠡᠩ ᠤᠨ ᠳᠡᠭᠡᠳᠦ ᠰᠤᠷᠭᠠᠭᠤᠯᠢ ᠶᠢᠨ ᠰᠣᠷᠣᠭᠴᠢ ᠡᠯᠰᠡᠬᠦ ᠰᠢᠯᠭᠠᠯᠲᠠ ᠶᠢᠨ ᠨᠡᠷ᠎ᠡ ᠮᠡᠳᠡᠭᠦᠯᠬᠦ ᠨᠥᠬᠦᠴᠡᠯ ᠳᠤ ᠨᠡᠶᠢᠴᠡᠭᠰᠡᠨ ᠪᠥᠭᠡᠳ ᠨᠢᠭᠡᠨᠲᠡ ᠮᠠᠨ ᠤ ᠣᠷᠣᠨ ᠤ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠰᠢᠯᠭᠠᠯᠲᠠ ᠳᠤ ᠨᠡᠷ᠎ᠡ ᠮᠡᠳᠡᠭᠦᠯᠦᠭᠰᠡᠳ ᠪᠣᠯᠤᠨ᠎ᠠ᠃      ᠳᠥᠷᠪᠡ ᠳᠤ᠂ ᠰᠢᠯᠭᠠᠯᠲᠠ ᠶᠢᠨ ᠬᠡᠪᠴᠢᠶ᠎ᠡ ᠨᠢ ᠠᠳᠠᠯᠢ ᠪᠣᠰᠤ᠃ ᠬᠢᠷᠢ ᠲᠡᠩᠴᠡᠭᠦ ᠴᠢᠨᠠᠷᠲᠠᠶ ᠰᠢᠯᠭᠠᠯᠲᠠ ᠶᠢᠨ ᠬᠡᠪᠴᠢᠶ᠎ᠡ ᠨᠢ ᠡᠯ᠎ᠡ ᠬᠢᠴᠢᠶᠡᠯ ᠲᠥᠷᠥᠯ ᠤᠨ ᠬᠢᠴᠢᠶᠡᠯ ᠤᠨ ᠪᠠᠷᠢᠮᠵᠢᠶ᠎ᠠ ᠳᠤ ᠲᠣᠭᠲᠠᠭᠠᠭᠰᠠᠨ ᠵᠠᠪᠠᠯ ᠰᠤᠷᠬᠤ ᠠᠭᠤᠯᠭ᠎ᠠ ᠪᠣᠯᠤᠨ᠎ᠠ︔ ᠰᠣᠩᠭᠤᠬᠤ ᠴᠢᠨᠠᠷᠲᠠᠶ ᠰᠢᠯᠭᠠᠯᠲᠠ ᠶᠢᠨ ᠬᠡᠪᠴᠢᠶ᠎ᠡ ᠪᠣᠯ ᠡᠯ᠎ᠡ ᠬᠢᠴᠢᠶᠡᠯ ᠲᠥᠷᠥᠯ ᠤᠨ ᠬᠢᠴᠢᠶᠡᠯ ᠤᠨ ᠪᠠᠷᠢᠮᠵᠢᠶ᠎ᠠ ᠳᠤ ᠲᠣᠭᠲᠠᠭᠠᠭᠰᠠᠨ ᠵᠠᠪᠠᠯ ᠰᠤᠷᠬᠤ ᠠᠭᠤᠯᠭ᠎ᠠ ᠪᠠ ᠰᠣᠩᠭᠤᠬᠤ ᠴᠢᠨᠠᠷᠲᠠᠢ ᠵᠠᠪᠠᠯ ᠰᠤᠷᠬᠤ ᠠᠭᠤᠯᠭ᠎ᠠ ᠶᠢᠨ ᠶᠡᠷᠦᠩᠬᠡᠶᠢᠯᠡᠭᠰᠡᠨ ᠱᠠᠭᠠᠷᠳᠠᠯᠭ᠎ᠠ ᠪᠣᠯᠤᠨ᠎ᠠ᠃      ᠲᠠᠪᠤ ᠳᠤ᠂ ᠰᠢᠯᠭᠠᠯᠲᠠ ᠶᠢᠨ ᠴᠠᠭ ᠪᠠ ᠰᠢᠯᠭᠠᠯᠲᠠ ᠶᠢᠨ ᠲᠣᠬᠢᠶᠠᠯ ᠠᠳᠠᠯᠢ ᠪᠣᠰᠤ᠃ ᠥᠪᠡᠷᠲᠡᠭᠡᠨ ᠵᠠᠰᠠᠬᠤ ᠣᠷᠣᠨ ᠠᠴᠠ ᠨᠢᠭᠡᠳᠦᠯᠲᠡᠶ ᠵᠣᠬᠢᠶᠠᠨ ᠪᠠᠶᠢᠭᠤᠯᠤᠭᠰᠠᠨ ᠬᠢᠷᠢ ᠲᠡᠩᠴᠡᠭᠦ ᠴᠢᠨᠠᠷᠲᠠᠶ ᠰᠢᠯᠭᠠᠯᠲᠠ ᠶᠢ ᠵᠢᠭᠠᠬᠤ ᠠᠬᠢᠴᠠ ᠶᠢᠨ ᠶᠣᠰᠤ ᠪᠠᠷ ᠰᠤᠷᠤᠯᠭ᠎ᠠ ᠶᠢᠨ ᠵᠢᠯ ᠪᠦᠷᠢ ᠶᠢᠨ ᠳᠡᠭᠡᠳᠦ ᠳᠣᠤᠷᠠᠳᠤ ᠬᠤᠭᠤᠴᠠᠭᠠᠨ ᠤ ᠡᠴᠦᠰ ᠲᠤ ᠲᠤᠰ ᠲᠤᠰ ᠲᠣᠬᠢᠷᠠᠭᠤᠯᠤᠨ᠎ᠠ᠃ ᠡᠩ ᠤᠨ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠭᠠᠭᠤᠯᠢ ᠳᠤ ᠪᠠᠶᠢᠭ᠎ᠠ ᠰᠤᠷᠤᠭᠴᠢᠳ ᠠᠩᠬ᠎ᠠ ᠤᠳᠠᠭ᠎ᠠ ᠰᠢᠯᠭᠠᠯᠲᠠ ᠳᠤ ᠣᠷᠣᠯᠴᠠᠬᠤ ᠴᠠᠭ ᠨᠢ ᠰᠤᠷᠤᠯᠭ᠎ᠠ ᠶᠢᠨ ᠬᠤᠭᠤᠴᠠᠭᠠᠨ ᠤ ᠰᠡᠭᠦᠯᠴᠢ ᠠᠴᠠ ᠡᠮᠦᠨ᠎ᠡ ᠪᠠᠶᠢᠵᠤ ᠪᠣᠯᠬᠤ ᠦᠭᠡᠶ᠂ ᠬᠢᠷᠢ ᠲᠡᠩᠴᠡᠭᠰᠡᠨ ᠦᠭᠡᠶ ᠬᠢᠴᠢᠶᠡᠯ ᠲᠥᠷᠥᠯ ᠢ ᠨᠢᠭᠡ ᠤᠳᠠᠭ᠎ᠠ ᠨᠥᠬᠦᠵᠦ ᠰᠢᠯᠭᠠᠵᠤ ᠪᠣᠯᠤᠨ᠎ᠠ᠃ ᠰᠣᠩᠭᠤᠬᠤ ᠴᠢᠨᠠᠷᠲᠠᠶ ᠰᠢᠯᠭᠠᠯᠲᠠ ᠶᠢ 2025 ᠣᠨ ᠠᠴᠠ ᠡᠬᠢᠯᠡᠨ ᠵᠢᠯ ᠪᠦᠷᠢ ᠨᠢᠭᠡ ᠤᠳᠠᠭ᠎ᠠ ᠵᠣᠬᠢᠶᠠᠨ ᠪᠠᠶᠢᠭᠤᠯᠵᠤ᠂ ᠰᠢᠯᠭᠠᠬᠤ ᠴᠠᠭ ᠢ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠲᠠᠢ ᠠᠳᠠᠯᠢ ᠬᠤᠭᠤᠴᠠᠭᠠᠨ ᠳᠤ ᠶᠠᠪᠤᠭᠳᠠᠭᠤᠯᠵᠤ᠂ ᠡᠩ ᠤᠨ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠭᠠᠭᠤᠯᠢ ᠳᠤ ᠪᠠᠶᠢᠭ᠎ᠠ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠭᠤᠷᠪᠠᠳᠤᠭᠠᠷ ᠣᠨ ᠤ ᠰᠣᠷᠣᠭᠴᠢ ᠪᠠᠷ ᠬᠢᠵᠠᠭᠠᠷᠯᠠᠨ᠎ᠠ᠃      ᠵᠢᠷᠭᠤᠭ᠎ᠠ ᠳᠤ᠂ ᠰᠢᠯᠭᠠᠯᠲᠠ ᠶᠢᠨ ᠬᠢᠷᠢ ᠪᠦᠲᠦᠮᠵᠢ ᠶᠢ ᠢᠯᠡᠷᠡᠭᠦᠯᠬᠦ ᠠᠷᠭ᠎ᠠ ᠬᠡᠯᠪᠡᠷᠢ ᠪᠠ ᠬᠡᠷᠡᠭᠴᠡᠭᠡ ᠨᠢ ᠠᠳᠠᠯᠢ ᠪᠣᠰᠤ᠃ ᠬᠢᠷᠢ ᠲᠡᠩᠴᠡᠭᠦ ᠴᠢᠨᠠᠷᠲᠠᠶ ᠰᠢᠯᠭᠠᠯᠲᠠ ᠶᠢᠨ ᠬᠢᠴᠢᠶᠡᠯ ᠲᠥᠷᠥᠯ ᠤᠨ ᠬᠢᠷᠢ ᠪᠦᠲᠦᠮᠵᠢ ᠶᠢ ︽ᠬᠢᠷᠢ ᠲᠡᠩᠴᠡᠭᠦ᠂ ᠬᠢᠷᠢ ᠲᠡᠩᠴᠡᠭᠦ ᠥᠬᠡᠶ︾ ᠭᠡᠵᠦ ᠢᠯᠡᠷᠡᠭᠦᠯᠦᠨ᠎ᠡ᠂ ᠡᠨᠡ ᠪᠣᠯ ᠰᠣᠷᠣᠭᠴᠢ ᠶᠢᠨ ᠲᠡᠭᠦᠰᠬᠦ ᠪᠠ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠠᠳᠠᠯᠢ ᠲᠠᠰ ᠤᠨ ᠰᠤᠷᠤᠯᠭ᠎ᠠ ᠶᠢᠨ ᠨᠠᠮᠲᠠᠷ ᠢ ᠮᠠᠭᠠᠳᠯᠠᠨ ᠲᠣᠭᠲᠠᠭᠠᠬᠤ ᠭᠤᠤᠯ ᠦᠨᠳᠦᠰᠦᠯᠡᠯ ᠪᠣᠯᠤᠨ᠎ᠠ︔ ᠰᠣᠩᠭᠤᠬᠤ ᠴᠢᠨᠠᠷᠲᠠᠶ ᠰᠢᠯᠭᠠᠯᠲᠠ ᠪᠣᠯ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ ᠰᠣᠷᠣᠭᠴᠢ ᠡᠯᠰᠡᠬᠦ ᠭᠤᠤᠯ ᠦᠨᠳᠦᠰᠦᠯᠡᠯ ᠮᠥᠨ᠂ ᠡᠭᠦᠨ ᠳᠤ ᠹᠢᠽᠢᠺ ᠪᠤᠶᠤ ᠲᠡᠦᠬᠡ ᠶᠢᠨ ᠲᠡᠷᠢᠭᠦᠨ ᠰᠣᠩᠭᠤᠯᠲᠠ ᠶᠢᠨ ᠬᠢᠴᠢᠶᠡᠯ ᠲᠥᠷᠥᠯ ᠤᠨ ᠬᠢᠷᠢ ᠪᠦᠲᠦᠮᠵᠢ ᠶᠢ ᠰᠢᠯᠭᠠᠯᠲᠠ ᠶᠢᠨ ᠠᠩᠬᠠᠨ ᠤ ᠬᠤᠪᠢ ᠪᠠᠷ ᠢᠯᠡᠷᠡᠭᠦᠯᠵᠦ᠂ ᠦᠵᠡᠯ ᠰᠠᠨᠠᠭ᠎ᠠ ᠤᠯᠤᠰ ᠲᠥᠷᠥ᠂ ᠭᠠᠵᠠᠷ ᠵᠦᠶ᠂ ᠬᠢᠮᠢ᠂ ᠠᠮᠢᠳᠤ ᠪᠣᠳᠠᠰ ᠤᠨ ᠤᠬᠠᠭᠠᠨ ᠤ ᠳᠠᠬᠢᠨ ᠰᠣᠩᠭᠤᠬᠤ ᠬᠢᠴᠢᠶᠡᠯ ᠲᠥᠷᠥᠯ ᠤᠨ ᠬᠢᠷᠢ ᠪᠦᠲᠦᠮᠵᠢ ᠶᠢ ᠳᠡᠰ ᠲᠤ ᠬᠤᠪᠢᠷᠠᠭᠤᠯᠤᠭᠰᠠᠨ ᠬᠤᠪᠢ ᠪᠠᠷ ᠢᠯᠡᠷᠡᠭᠦᠯᠦᠨ᠎ᠡ᠃      23 . 2025 ᠣᠨ ᠠᠴᠠ ᠡᠬᠢᠯᠡᠨ᠂ ᠮᠠᠨ ᠤ ᠣᠷᠣᠨ ᠤ ᠡᠩ ᠤᠨ ᠳᠡᠭᠡᠳᠦ ᠰᠤᠷᠭᠠᠭᠤᠯᠢ ᠶᠢᠨ ᠰᠤᠷᠤᠭᠴᠢ ᠡᠯᠰᠡᠬᠦ ᠠᠷᠭ᠎ᠠ ᠬᠡᠯᠪᠡᠷᠢ ᠳᠤ ᠶᠠᠮᠠᠷ ᠬᠤᠪᠢᠷᠠᠯᠲᠠ ᠭᠠᠷᠬᠤ ᠪᠤᠢ︖      ᠬᠠᠷᠢᠭᠤᠯᠲᠠ᠄ ᠨᠢᠭᠡ ᠳᠤ᠂ ᠬᠢᠵᠠᠭᠠᠷ ᠬᠤᠪᠢ ᠶᠢ ᠳᠣᠭᠲᠠᠭᠠᠬᠤ ᠠᠷᠭ᠎ᠠ ᠬᠡᠯᠪᠡᠷᠢ ᠬᠤᠪᠢᠷᠠᠨ᠎ᠠ᠃ ᠮᠠᠨ ᠤ ᠣᠷᠣᠨ ᠤ ︽ᠬᠡᠷᠡᠭᠵᠢᠭᠦᠯᠬᠦ ᠲᠥᠰᠦᠯ︾ ᠳᠤ᠂ 2025 ᠣᠨ ᠠᠴᠠ ᠡᠬᠢᠯᠡᠨ᠂ ᠡᠩ ᠤᠨ ᠳᠡᠭᠡᠳᠦ ᠰᠤᠷᠭᠠᠭᠤᠯᠢ ᠶᠢᠨ ᠨᠢᠭᠡᠳᠦᠯᠲᠡᠶ ᠰᠢᠯᠭᠠᠯᠲᠠ ᠪᠠᠷ ᠰᠣᠷᠣᠭᠴᠢ ᠡᠯᠰᠡᠬᠦ ᠳᠤ ᠹᠢᠽᠢᠺ ᠤᠨ ᠬᠢᠴᠢᠶᠡᠯ ᠲᠥᠷᠥᠯ ᠤᠨ ᠨᠡᠶᠢᠯᠡᠯ ᠪᠠ ᠲᠡᠦᠬᠡ ᠶᠢᠨ ᠬᠢᠴᠢᠶᠡᠯ ᠲᠥᠷᠥᠯ ᠤᠨ ᠨᠡᠶᠢᠯᠡᠯ ᠢᠶᠠᠷ ᠰᠣᠷᠣᠭᠴᠢ ᠡᠯᠰᠡᠬᠦ ᠲᠥᠯᠥᠪᠯᠡᠭᠡ ᠶᠢ ᠰᠠᠯᠭᠠᠨ ᠵᠢᠭᠰᠠᠭᠠᠵᠤ᠂ ᠡᠯᠰᠡᠬᠦ ᠬᠠᠮᠤᠭ ᠤᠨ ᠳᠤᠤᠷ᠎ᠠ ᠬᠢᠵᠠᠭᠠᠷ ᠬᠤᠪᠢ ᠶᠢ ᠲᠣᠰ ᠲᠣᠰ ᠵᠠᠭᠠᠭᠯᠠᠨ ᠲᠣᠭᠲᠠᠭᠠᠨ᠎ᠠ︔ ᠬᠤᠶᠠᠷ ᠲᠤ᠂ ᠡᠯᠰᠡᠬᠦ ᠪᠦᠯᠦᠭ ᠤᠳᠠᠭ᠎ᠠ ᠬᠤᠪᠢᠷᠠᠨ᠎ᠠ᠃ ᠨᠢᠭᠡᠳᠦᠭᠡᠷ ᠪᠦᠯᠦᠭ ᠤᠳᠠᠭ᠎ᠠ ᠬᠤᠶᠠᠳᠤᠭᠠᠷ ᠪᠦᠯᠦᠭ ᠤᠳᠠᠭ᠎ᠠ ᠶᠢ ᠨᠡᠶᠢᠯᠡᠭᠦᠯᠵᠦ᠂ ᠦᠨᠳᠦᠰᠦᠨ ᠠᠩᠭᠢ ᠶᠢᠨ ᠤᠷᠢᠳᠴᠢᠯᠠᠨ ᠡᠯᠰᠡᠬᠦ ᠪᠦᠯᠦᠭ᠂ ᠦᠨᠳᠦᠰᠦᠨ ᠠᠩᠭᠢ ᠶᠢᠨ ᠪᠦᠯᠦᠭ᠂ ᠲᠤᠰᠬᠠᠶ ᠮᠡᠷᠭᠡᠵᠢᠯ ᠤᠨ ᠠᠩᠭᠢ ᠶᠢᠨ ᠤᠷᠢᠳᠴᠢᠯᠠᠨ ᠡᠯᠰᠡᠬᠦ ᠪᠦᠯᠦᠭ ᠪᠠ ᠳᠡᠭᠡᠳᠦ ᠵᠡᠷᠭᠡ ᠶᠢᠨ ᠠᠵᠢᠯ ᠮᠡᠷᠭᠡᠵᠢᠯ ᠪᠠ ᠳᠡᠭᠡᠳᠦ ᠵᠡᠷᠭᠡ ᠶᠢᠨ ᠲᠤᠰᠬᠠᠶ ᠮᠡᠷᠭᠡᠵᠢᠯ ᠤᠨ ᠪᠦᠯᠦᠭ ᠵᠡᠷᠭᠡ ᠡᠯᠰᠡᠬᠦ ᠪᠦᠯᠦᠭ ᠤᠳᠠᠭ᠎ᠠ ᠬᠤᠪᠢᠶᠠᠨ᠎ᠠ︔ ᠭᠤᠷᠪᠠ ᠳᠤ᠂ ᠡᠷᠡᠮᠡᠯᠵᠡᠯ ᠤᠨ ᠲᠠᠩᠰᠠ ᠡᠪᠬᠡᠮᠡᠯ ᠭᠠᠷᠭᠠᠬᠤ ᠠᠷᠭ᠎ᠠ ᠬᠡᠯᠪᠡᠷᠢ ᠬᠤᠪᠢᠷᠠᠨ᠎ᠠ᠃ ᠰᠢᠯᠭᠠᠭᠤᠯᠤᠭᠴᠢ ᠶᠢᠨ ᠡᠷᠡᠮᠡᠯᠵᠡᠯ ᠳᠤ ᠵᠡᠷᠭᠡᠴᠡᠭᠡ ᠡᠷᠡᠮᠡᠯᠵᠡᠯ ᠢᠶᠠᠷ ᠲᠠᠩᠰᠠ ᠡᠪᠬᠡᠮᠡᠯ ᠭᠠᠷᠭᠠᠬᠤ ᠶᠢ ᠬᠡᠷᠡᠭᠵᠢᠭᠦᠯᠦᠨ᠎ᠡ᠃ ᠰᠣᠷᠣᠭᠴᠢ ᠡᠯᠰᠡᠬᠦ ᠪᠣᠳᠠᠲᠠᠶ ᠠᠷᠭ᠎ᠠ ᠶᠢ ᠲᠤᠬᠠᠶ ᠶᠢᠨ ᠵᠢᠯ ᠤᠨ ᠰᠣᠷᠣᠭᠴᠢ ᠡᠯᠰᠡᠬᠦ ᠪᠢᠴᠢᠭ ᠮᠠᠲ᠋ᠧᠷᠢᠶᠠᠯ ᠳᠤ ᠲᠣᠳᠣᠷᠬᠠᠶ ᠳᠣᠭᠲᠠᠭᠠᠨ᠎ᠠ᠃      24 . ᠶᠠᠭᠤ ᠶᠢ ᠵᠡᠷᠭᠡᠴᠡᠭᠡ ᠡᠷᠡᠮᠡᠯᠵᠡᠯ ᠭᠡᠬᠦ ᠪᠤᠢ︖ ᠣᠳᠣᠬᠠᠨ ᠳᠤ ᠪᠥᠬᠦ ᠤᠯᠤᠰ ᠲᠤ ᠠᠯᠢ ᠠᠯᠢ ᠮᠤᠵᠢ ︵ᠣᠷᠣᠨ᠂ ᠬᠤᠲᠠ︶ ᠶᠢᠨ ᠬᠢᠨ ᠵᠡᠷᠭᠡᠴᠡᠭᠡ ᠡᠷᠡᠮᠡᠯᠵᠡᠯ ᠢᠶᠠᠷ ᠲᠠᠩᠰᠠ ᠡᠪᠬᠡᠮᠡᠯ ᠭᠠᠷᠭᠠᠬᠤ ᠶᠢ ᠬᠡᠷᠡᠭᠵᠢᠭᠦᠯᠵᠦ ᠪᠠᠶᠢᠬᠤ ᠪᠣᠶ︖      ᠬᠠᠷᠢᠭᠤᠯᠲᠠ᠄ ᠵᠡᠷᠭᠡᠴᠡᠭᠡ ᠡᠷᠡᠮᠡᠯᠵᠡᠯ ᠪᠣᠯ ᠡᠩ ᠤᠨ ᠳᠡᠭᠡᠳᠦ ᠰᠤᠷᠭᠠᠭᠤᠯᠢ ᠶᠢᠨ ᠰᠣᠷᠣᠭᠴᠢ ᠡᠯᠰᠡᠬᠦ ᠲᠠᠩᠰᠠ ᠡᠪᠬᠡᠮᠡᠯ ᠭᠠᠷᠭᠠᠵᠤ ᠡᠯᠰᠡᠬᠦ ᠵᠠᠭᠪᠤᠷ ᠤᠨ ᠨᠢᠭᠡ ᠪᠣᠯᠤᠨ᠎ᠠ᠂ ᠤᠯᠠᠮᠵᠢᠯᠠᠯᠲᠤ ᠱᠠᠲᠤᠯᠢᠭ ᠡᠷᠡᠮᠡᠯᠵᠡᠯ ︵ᠪᠠᠰᠠ ᠳᠠᠷᠠᠭᠠᠯᠠᠯᠲᠤ ᠡᠷᠡᠮᠡᠯᠵᠡᠯ ᠭᠡᠳᠡᠭ︶ ᠲᠠᠢ ᠬᠠᠷᠢᠴᠠᠭᠤᠯᠪᠠᠯ᠂ ᠳᠡᠭᠡᠳᠦ ᠰᠤᠷᠭᠠᠭᠤᠯᠢ ᠶᠢᠨ ᠰᠣᠷᠣᠭᠴᠢ ᠡᠯᠰᠡᠬᠦ ᠵᠠᠷᠢᠮ ᠲᠣᠭᠲᠠᠭᠠᠯ ᠤᠨ ᠡᠯᠰᠡᠬᠦ ᠪᠦᠯᠦᠭ ᠤᠳᠠᠭ᠎ᠠ ᠳᠤ ᠰᠢᠯᠭᠠᠭᠤᠯᠤᠭᠴᠢ ᠬᠡᠳᠦᠨ ᠡᠷᠡᠮᠡᠯᠵᠡᠯ ᠢᠶᠠᠨ ᠵᠡᠷᠭᠡ ᠪᠠᠷ ᠮᠡᠳᠡᠭᠦᠯᠬᠦ ᠪᠥᠭᠡᠳ ᠳᠠᠷᠠᠭᠠᠯᠠᠯ ᠲᠠᠢ ᠪᠠᠷ ᠶᠡᠭᠡ ᠳᠡᠭᠡᠳᠦ ᠰᠤᠷᠭᠠᠭᠤᠯᠢ ᠳᠤ ᠲᠠᠭᠯᠠᠨ ᠮᠡᠳᠡᠭᠦᠯᠬᠦ ᠶᠢ ᠵᠥᠪᠰᠢᠶᠡᠷᠡᠵᠦ᠂ ︽ᠬᠤᠪᠢ ᠶᠢ ᠤᠷᠢᠳ ᠢᠶᠠᠷ ᠪᠣᠳᠣᠯᠬᠢᠯᠠᠵᠤ᠂ ᠡᠷᠡᠮᠡᠯᠵᠡᠯ ᠲᠠᠭᠯᠠᠬᠤ ᠶᠢ ᠵᠢᠷᠤᠮᠯᠠᠬᠤ︾ ᠵᠠᠷᠴᠢᠮ ᠶᠣᠰᠤ ᠪᠠᠷ ᠤᠷᠢᠳ ᠢᠶᠠᠷ ᠬᠠᠮᠤᠭ ᠤᠨ ᠥᠨᠳᠥᠷ ᠬᠤᠪᠢ ᠣᠯᠤᠭᠰᠠᠨ ᠰᠢᠯᠭᠠᠭᠤᠯᠤᠭᠴᠢ ᠠᠴᠠ ᠡᠬᠢᠯᠡᠨ ᠳᠠᠷᠠᠭᠠᠯᠠᠨ ᠰᠤᠷᠠᠬᠤ ᠪᠠ ᠲᠠᠩᠰᠠ ᠡᠪᠬᠡᠮᠡᠯ ᠭᠠᠷᠭᠠᠵᠤ᠂ ᠠᠯᠢ ᠨᠢᠭᠡᠨ ᠰᠢᠯᠭᠠᠭᠤᠯᠤᠭᠴᠢ ᠶᠢ ᠰᠤᠷᠠᠬᠤ ᠡᠭᠡᠯᠵᠢ ᠪᠣᠯᠬᠤ ᠦᠶ᠎ᠡ ᠳᠤ ᠲᠣᠰ ᠰᠢᠯᠭᠠᠭᠤᠯᠤᠭᠴᠢ ᠶᠢᠨ ᠲᠠᠭᠯᠠᠭᠰᠠᠨ ᠡᠷᠡᠮᠡᠯᠵᠡᠯ ᠤᠨ ᠳᠠᠷᠠᠭᠠᠯᠠᠯ ᠢ ᠵᠢᠷᠤᠮᠯᠠᠵᠤ᠂ ᠲᠠᠩᠰᠠ ᠡᠪᠬᠡᠮᠡᠯ ᠭᠠᠷᠭᠠᠬᠤ ᠨᠥᠬᠦᠴᠡᠯ ᠳᠤ ᠨᠡᠶᠢᠴᠡᠪᠡᠯ ᠳᠠᠷᠤᠶ ᠳᠤ ᠨᠢ ᠲᠠᠩᠰᠠ ᠡᠪᠬᠡᠮᠡᠯ ᠭᠠᠷᠭᠠᠨ ᠥᠭᠴᠦ᠂ ᠳᠡᠭᠡᠳᠦ ᠰᠤᠷᠭᠠᠭᠤᠯᠢ ᠠᠴᠠ ᠡᠵᠡᠨ ᠮᠡᠳᠡᠵᠦ ᠰᠢᠯᠢᠳᠡᠭ ᠢ ᠰᠣᠩᠭᠤᠵᠤ ᠡᠯᠰᠡᠨ᠎ᠡ᠃ ᠣᠳᠣᠬᠠᠨ ᠳᠤ ᠥᠪᠥᠷ ᠮᠣᠩᠭᠤᠯ ᠠᠴᠠ ᠭᠠᠳᠠᠨ᠎ᠠ᠂ ᠪᠥᠬᠦ ᠤᠯᠤᠰ ᠤᠨ 30 ᠮᠤᠵᠢ ︵ᠣᠷᠣᠨ᠂ ᠬᠤᠲᠠ︶ ᠴᠥᠮ ᠵᠡᠷᠭᠡᠴᠡᠭᠡ ᠡᠷᠡᠮᠡᠯᠵᠡᠯ ᠢᠶᠠᠷ ᠲᠠᠩᠰᠠ ᠡᠪᠬᠡᠮᠡᠯ ᠭᠠᠷᠭᠠᠬᠤ ᠠᠷᠭ᠎ᠠ ᠮᠠᠶ᠋ᠢᠭ ᠢ ᠬᠡᠷᠡᠭᠵᠢᠭᠦᠯᠵᠦ ᠪᠠᠶᠢᠨ᠎ᠠ᠃      25 . ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠢ ᠰᠢᠯᠭᠠᠯᠲᠠ ᠶᠢᠨ ᠶᠡᠷᠦᠩᠬᠡᠶᠢᠯᠡᠭᠰᠡᠨ ᠥᠭᠡᠷᠡᠴᠢᠯᠡᠯᠲᠡ ᠳᠤ ᠶᠠᠭᠤᠨ ᠳᠤ ᠵᠡᠷᠭᠡᠴᠡᠭᠡ ᠡᠷᠡᠮᠡᠯᠵᠡᠯ ᠢᠶᠠᠷ ᠲᠠᠩᠰᠠ ᠡᠪᠬᠡᠮᠡᠯ ᠭᠠᠷᠭᠠᠬᠤ ᠠᠷᠭ᠎ᠠ ᠮᠠᠶ᠋ᠢᠭ ᠢ ᠬᠡᠷᠡᠭᠵᠢᠭᠦᠯᠬᠦ ᠪᠣᠶ︖      ᠬᠠᠷᠢᠭᠤᠯᠲᠠ᠄ ᠵᠡᠷᠭᠡᠴᠡᠭᠡ ᠡᠷᠡᠮᠡᠯᠵᠡᠯ ᠪᠣᠯ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ ᠡᠷᠡᠮᠡᠯᠵᠡᠯ ᠲᠠᠭᠯᠠᠬᠤ ᠪᠠ ᠲᠠᠩᠰᠠ ᠡᠪᠬᠡᠮᠡᠯ ᠭᠠᠷᠭᠠᠵᠤ ᠡᠯᠰᠡᠬᠦ ᠵᠠᠭᠪᠤᠷ ᠤᠨ ᠴᠢᠬᠤᠯᠠ ᠶᠡᠭᠡ ᠰᠢᠨ᠎ᠡ ᠡᠭᠦᠳᠦᠯᠲᠡ ᠮᠥᠨ᠂ ᠲᠡᠷᠡ ᠨᠢ ᠰᠤᠷᠤᠭᠴᠢᠳ ᠤᠨ ᠡᠷᠡᠭᠦᠯ ᠢᠶᠠᠷ ᠦᠰᠦᠨ ᠪᠤᠶᠢᠵᠢᠬᠤ ᠳᠤ ᠠᠰᠢᠭᠲᠠᠶ᠂ ᠳᠡᠭᠡᠳᠦ ᠰᠤᠷᠭᠠᠭᠤᠯᠢ ᠠᠴᠠ ᠴᠢᠳᠠᠪᠤᠷᠢᠲᠠᠨ ᠢ ᠰᠢᠨᠵᠢᠯᠡᠬᠦ ᠤᠬᠠᠭᠠᠨᠴᠢ ᠪᠠᠷ ᠰᠢᠯᠢᠨ ᠰᠣᠩᠭᠤᠬᠤ ᠳᠤ ᠠᠰᠢᠭᠲᠠᠶ᠂ ᠰᠤᠷᠭᠠᠨ ᠬᠥᠮᠦᠵᠢᠯ ᠵᠢᠭᠠᠨ ᠰᠤᠷᠭᠠᠯᠲᠠ ᠶᠢᠨ ᠥᠭᠡᠷᠡᠴᠢᠯᠡᠯᠲᠡ ᠳᠤ ᠠᠰᠢᠭᠲᠠᠶ᠂ ᠨᠡᠶᠢᠭᠡᠮ ᠤᠨ ᠲᠥᠪ ᠭᠤᠤᠯᠴᠢ ᠶᠢ ᠬᠠᠮᠠᠭᠠᠯᠠᠬᠤ ᠳᠤ ᠠᠰᠢᠭᠲᠠᠶ ᠶᠤᠮ᠃      ᠨᠢᠭᠡ ᠳᠤ᠂ ᠵᠡᠷᠭᠡᠴᠡᠭᠡ ᠡᠷᠡᠮᠡᠯᠵᠡᠯ ᠨᠢ ᠰᠣᠩᠭᠤᠬᠤ ᠲᠣᠬᠢᠶᠠᠯ ᠢ ᠨᠡᠮᠡᠭᠳᠡᠭᠦᠯᠦᠨ᠎ᠡ᠃ ᠵᠡᠷᠭᠡᠴᠡᠭᠡ ᠡᠷᠡᠮᠡᠯᠵᠡᠯ ᠢ ᠬᠡᠷᠡᠭᠵᠢᠭᠦᠯᠦᠭᠰᠡᠨ ᠤ ᠳᠠᠷᠠᠭ᠎ᠠ᠂ ᠰᠢᠯᠭᠠᠭᠤᠯᠤᠭᠴᠢ ᠡᠷᠡᠮᠡᠯᠵᠡᠯ ᠰᠣᠩᠭᠤᠬᠤ ᠳᠤ ᠪᠠᠨ ᠨᠢᠭᠡ ᠬᠤᠶᠠᠷ ᠳᠡᠭᠡᠳᠦ ᠰᠤᠷᠭᠠᠭᠤᠯᠢ ᠳᠤ ᠡᠷᠡᠮᠡᠯᠵᠡᠯ ᠲᠠᠭᠯᠠᠬᠤ ᠳᠠᠷᠠᠭᠠᠯᠠᠯ ᠤᠨ ᠲᠥᠯᠥᠭᠡ ᠰᠠᠨᠠᠭ᠎ᠠ ᠵᠣᠪᠠᠭ᠋ᠤ ᠥᠬᠡᠶ ᠪᠣᠯᠵᠣ᠂ ᠥᠪᠡᠷ ᠤᠨ ᠣᠷᠣᠬᠤ ᠰᠠᠨᠠᠭᠠᠲᠠᠢ ᠣᠯᠠᠨ ᠰᠤᠷᠭᠠᠭᠤᠯᠢ ᠪᠠ ᠣᠯᠠᠨ ᠲᠤᠰᠬᠠᠶ ᠮᠡᠷᠭᠡᠵᠢᠯ ᠢ ᠰᠣᠩᠭᠤᠵᠤ᠂ ᠰᠢᠯᠭᠠᠭᠤᠯᠤᠭᠴᠢ ᠶᠢᠨ ᠰᠣᠩᠭᠤᠬᠤ ᠪᠠ ᠡᠯᠰᠡᠭᠳᠡᠬᠦ ᠲᠣᠬᠢᠶᠠᠯ ᠢ ᠢᠯᠡᠳᠲᠡ ᠨᠡᠮᠡᠭᠳᠡᠭᠦᠯᠦᠨ᠎ᠡ᠃      ᠬᠤᠶᠠᠷ ᠲᠤ᠂ ᠵᠡᠷᠭᠡᠴᠡᠭᠡ ᠡᠷᠡᠮᠡᠯᠵᠡᠯ ᠨᠢ ᠲᠠᠭᠯᠠᠨ ᠮᠡᠳᠡᠭᠦᠯᠬᠦ ᠲᠦᠭᠰᠢᠭᠦᠷᠢ ᠶᠢ ᠪᠦᠲᠦᠮᠵᠢᠲᠡᠶ ᠪᠠᠭᠤᠷᠠᠭᠤᠯᠤᠨ᠎ᠠ᠃ ᠵᠡᠷᠭᠡᠴᠡᠭᠡ ᠡᠷᠡᠮᠡᠯᠵᠡᠯ ᠨᠢ ᠣᠯᠠᠨ ᠡᠷᠡᠮᠡᠯᠵᠡᠯ ᠰᠣᠩᠭᠤᠬᠤ ᠶᠢ ᠬᠠᠩᠭᠠᠵᠤ᠂ ᠰᠢᠯᠭᠠᠭᠤᠯᠤᠭᠴᠢ ᠣᠯᠠᠨ ᠳᠡᠭᠡᠳᠦ ᠰᠤᠷᠭᠠᠭᠤᠯᠢ ᠳᠤ ᠵᠡᠷᠭᠡ ᠪᠠᠷ ᠲᠠᠭᠯᠠᠨ ᠮᠡᠳᠡᠭᠦᠯᠵᠦ᠂ ᠡᠷᠡᠮᠡᠯᠵᠡᠯ ᠰᠣᠩᠭᠤᠬᠤ ᠲᠦᠭᠰᠢᠭᠦᠷᠢ ᠶᠢ ᠪᠠᠭᠤᠷᠠᠭᠤᠯᠬᠤ ᠶᠢᠨ ᠬᠠᠮᠲᠤ ᠺᠣᠮᠫᠢᠦ᠋ᠲ᠋ᠧᠷ ᠤᠨ ᠲᠣᠬᠢᠷᠠᠭᠤᠯᠤᠯᠲᠠ᠂ ᠰᠦᠯᠵᠢᠶᠡᠨ ᠤ ᠬᠤᠷᠳᠤᠴᠠ᠂ ᠥᠷᠭᠡᠨ ᠪᠦᠰᠡ ᠵᠡᠷᠭᠡ ᠣᠷᠴᠢᠨ ᠲᠣᠭᠤᠷᠢᠨ ᠤ ᠱᠠᠭᠠᠷᠳᠠᠯᠭ᠎ᠠ ᠥᠨᠳᠥᠷ ᠪᠢᠰᠢ ᠪᠠᠶᠢᠵᠤ᠂ ᠰᠢᠯᠭᠠᠭᠤᠯᠤᠭᠰᠠᠳ ᠤᠨ ᠡᠷᠡᠮᠡᠯᠵᠡᠯ ᠢᠶᠠᠨ ᠲᠠᠭᠯᠠᠨ ᠮᠡᠳᠡᠭᠦᠯᠬᠦ ᠦᠶ᠎ᠡ ᠶᠢᠨ ᠪᠠᠴᠢᠮᠳᠠᠯ᠂ ᠵᠣᠪᠠᠨᠢᠯ ᠢ ᠪᠦᠲᠦᠮᠵᠢᠲᠡᠶ ᠬᠥᠩᠭᠡᠷᠡᠭᠦᠯᠵᠦ᠂ ᠰᠢᠯᠭᠠᠭᠤᠯᠤᠭᠰᠠᠳ ᠥᠪᠡᠷ ᠤᠨ ᠬᠤᠪᠢ᠂ ᠳᠤᠷ᠎ᠠ ᠪᠠᠬ᠎ᠠ᠂ ᠳᠤᠷ᠎ᠠ ᠰᠣᠨᠢᠷᠬᠠᠯ ᠪᠠ ᠣᠨᠴᠠ ᠴᠢᠳᠠᠪᠤᠷᠢ ᠪᠠᠨ ᠦᠨᠳᠦᠰᠦᠯᠡᠨ ᠡᠷᠡᠮᠡᠯᠵᠡᠯ ᠲᠠᠭᠯᠠᠨ ᠮᠡᠳᠡᠭᠦᠯᠬᠦ ᠳᠤ ᠨᠠᠩ ᠠᠰᠢᠭᠲᠠᠶ ᠶᠤᠮ᠃      ᠭᠤᠷᠪᠠ ᠳᠤ᠂ ᠵᠡᠷᠭᠡᠴᠡᠭᠡ ᠡᠷᠡᠮᠡᠯᠵᠡᠯ ᠨᠢ ᠢᠯᠡ ᠲᠣᠳᠣ ᠪᠠᠶᠢᠬᠤ ᠵᠠᠷᠴᠢᠮ ᠢ ᠪᠠᠷᠢᠮᠲᠠᠯᠠᠨ᠎ᠠ᠃ ᠵᠡᠷᠭᠡᠴᠡᠭᠡ ᠡᠷᠡᠮᠡᠯᠵᠡᠯ ᠢᠶᠠᠷ ᠡᠯᠰᠡᠬᠦ ᠶᠠᠪᠤᠴᠠ ᠪᠠ ᠡᠯᠰᠡᠭᠰᠡᠨ ᠦᠷ᠎ᠡ ᠳ᠋ᠦᠩ ᠨᠢ ᠢᠯᠡ ᠲᠣᠳᠣ ᠪᠠᠶᠢᠳᠠᠭ᠃ ᠰᠢᠯᠭᠠᠭᠤᠯᠤᠭᠴᠢ ᠪᠠᠷ ᠰᠣᠷᠣᠭᠴᠢ ᠡᠯᠰᠡᠬᠦ ᠰᠢᠯᠭᠠᠯᠲᠠ ᠶᠢᠨ ᠪᠠᠶᠢᠭᠤᠯᠤᠮᠵᠢ ᠶᠢᠨ ᠢᠯᠡ ᠪᠠᠷ ᠨᠡᠶᠢᠲᠡᠯᠡᠭᠰᠡᠨ ︽ᠨᠢᠭᠡ ᠬᠤᠪᠢ ᠨᠢᠭᠡ ᠱᠠᠲᠤ︾ ᠭᠡᠬᠦ ᠬᠢᠷᠢ ᠪᠦᠲᠦᠮᠵᠢ ᠶᠢᠨ ᠪᠦᠷᠢᠳᠬᠡᠯ ᠤᠨ ᠬᠦᠰᠦᠨᠦᠭᠲᠦ ᠵᠢᠴᠢ ᠥᠩᠭᠡᠷᠡᠭᠰᠡᠨ ᠵᠢᠯ ᠤᠳ ᠤᠨ ᠳᠡᠭᠡᠳᠦ ᠰᠤᠷᠭᠠᠭᠤᠯᠢ ᠶᠢᠨ ᠰᠣᠷᠣᠭᠴᠢ ᠡᠯᠰᠡᠬᠦ ᠮᠡᠳᠡᠭᠡ ᠵᠠᠩᠭᠢ ᠪᠠᠷ ᠯᠠᠪᠯᠠᠯᠲᠠ ᠪᠣᠯᠭᠠᠵᠤ ᠡᠷᠡᠮᠡᠯᠵᠡᠯ ᠲᠠᠭᠯᠠᠵᠤ ᠪᠣᠯᠤᠨ᠎ᠠ᠃ ᠰᠣᠷᠣᠭᠴᠢ ᠡᠯᠰᠡᠬᠦ ᠶᠠᠪᠤᠴᠠ ᠳᠤ ᠥᠪᠡᠷᠲᠡᠭᠡᠨ ᠵᠠᠰᠠᠬᠤ ᠣᠷᠣᠨ ᠤ ᠰᠣᠷᠣᠭᠴᠢ ᠡᠯᠰᠡᠬᠦ ᠰᠢᠯᠭᠠᠯᠲᠠ ᠶᠢᠨ ᠪᠠᠶᠢᠭᠤᠯᠤᠮᠵᠢ ᠠᠴᠠ ᠡᠯ᠎ᠡ ᠳᠡᠭᠡᠳᠦ ᠰᠤᠷᠭᠠᠭᠤᠯᠢ ᠶᠢᠨ ᠲᠠᠩᠰᠠ ᠡᠪᠬᠡᠮᠡᠯ ᠭᠠᠷᠭᠠᠭᠰᠠᠨ᠂ ᠡᠯᠰᠡᠭᠰᠡᠨ ᠬᠠᠮᠤᠭ ᠤᠨ ᠥᠨᠳᠥᠷ ᠪᠠ ᠬᠠᠮᠤᠭ ᠤᠨ ᠳᠤᠤᠷ᠎ᠠ ᠬᠤᠪᠢ ᠪᠣᠯᠤᠨ ᠡᠯᠰᠡᠭᠰᠡᠨ ᠦᠷ᠎ᠡ ᠳ᠋ᠦᠩ ᠵᠡᠷᠭᠡ ᠮᠡᠳᠡᠭᠡ ᠵᠠᠩᠭᠢ ᠶᠢ ᠢᠯᠡ ᠨᠡᠶᠢᠲᠡᠯᠡᠨ᠎ᠡ᠃      26 . ᠡᠩ ᠤᠨ ᠳᠡᠭᠡᠳᠦ ᠰᠤᠷᠭᠠᠭᠤᠯᠢ ᠶᠢᠨ ᠰᠣᠷᠣᠭᠴᠢ ᠡᠯᠰᠡᠬᠦ ᠲᠤᠰᠬᠠᠶ ᠮᠡᠷᠭᠡᠵᠢᠯ ᠨᠢ ᠰᠣᠩᠭᠤᠨ ᠰᠢᠯᠭᠠᠬᠤ ᠬᠢᠴᠢᠶᠡᠯ ᠲᠥᠷᠥᠯ ᠳᠤ ᠶᠠᠮᠠᠷ ᠱᠠᠭᠠᠷᠳᠠᠯᠭ᠎ᠠ ᠲᠠᠢ ᠪᠣᠶ︖      ᠬᠠᠷᠢᠭᠤᠯᠲᠠ᠄ ᠡᠩ ᠤᠨ ᠳᠡᠭᠡᠳᠦ ᠰᠤᠷᠭᠠᠭᠤᠯᠢ ᠨᠤᠭᠤᠳ ᠰᠤᠷᠭᠠᠭᠤᠯᠢ ᠡᠷᠬᠢᠯᠡᠬᠦ ᠪᠠᠶᠢᠷᠢ ᠳᠣᠭᠲᠠᠭᠠᠯᠲᠠ ᠪᠠ ᠳᠤᠰᠬᠠᠢ ᠮᠡᠷᠭᠡᠵᠢᠯ ᠤᠨ ᠬᠥᠮᠥᠵᠢᠭᠦᠯᠬᠦ ᠬᠠᠷᠠᠯᠲᠠ ᠲᠠᠢ ᠪᠠᠨ ᠤᠶᠠᠯᠳᠤᠭᠤᠯᠤᠨ᠂ ᠰᠤᠷᠭᠠᠭᠤᠯᠢ ᠶᠢᠨ ᠢᠶᠠᠨ ᠳᠤᠰᠬᠠᠢ ᠮᠡᠷᠭᠡᠵᠢᠯ ᠤᠨ ᠴᠢᠳᠠᠪᠤᠷᠢᠲᠠᠨ ᠢ ᠬᠥᠮᠥᠵᠢᠭᠦᠯᠬᠦ ᠶᠢ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢ ᠶᠢᠨ ᠳᠤᠰᠬᠠᠢ ᠮᠡᠷᠭᠡᠵᠢᠯ ᠤᠨ ᠰᠠᠭᠤᠷᠢ ᠶᠢᠨ ᠬᠡᠷᠡᠭᠴᠡᠭᠡ ᠶᠢ ᠦᠨᠳᠦᠰᠦᠯᠡᠵᠦ᠂ ᠪᠣᠳᠠᠲᠠᠢ ᠳᠤᠰᠬᠠᠢ ᠮᠡᠷᠭᠡᠵᠢᠯ ᠨᠢᠭᠡ ᠪᠦᠷᠢ ᠳᠤ ᠬᠢᠴᠢᠶᠡᠯ ᠲᠥᠷᠦᠯ ᠢ ᠰᠣᠩᠭᠤᠨ ᠰᠢᠯᠭᠠᠬᠤ ᠱᠠᠭᠠᠷᠳᠠᠯᠭ᠎ᠠ ᠳᠤᠷᠠᠳᠤᠨ᠎ᠠ᠃ ᠵᠢᠱᠢᠶᠡᠯᠡᠪᠡᠯ᠂ ᠶᠠᠮᠠᠷ ᠨᠢᠭᠡᠨ ᠳᠡᠭᠡᠳᠦ ᠰᠤᠷᠭᠠᠭᠤᠯᠢ ᠶᠢᠨ ᠶᠠᠮᠠᠷ ᠨᠢᠭᠡᠨ ᠲᠤᠰᠬᠠᠶ ᠮᠡᠷᠭᠡᠵᠢᠯ ᠨᠢ ᠰᠢᠯᠭᠠᠭᠤᠯᠤᠭᠴᠢ ᠶᠢ ᠡᠷᠬᠡᠪᠰᠢ ︽ᠹᠢᠽᠢᠺ︾ ᠢ ᠰᠣᠩᠭᠤᠬᠤ ᠶᠢ ᠱᠠᠭᠠᠷᠳᠠᠵᠤ᠂ ᠪᠤᠰᠤᠳ ᠬᠢᠴᠢᠶᠡᠯ ᠲᠥᠷᠥᠯ ᠳᠤ ᠱᠠᠭᠠᠷᠳᠠᠯᠭ᠎ᠠ ᠲᠠᠯᠪᠢᠬᠤ ᠥᠬᠡᠶ ᠪᠣᠯ ᠰᠢᠯᠭᠠᠭᠤᠯᠤᠭᠴᠢ ᠶᠢᠨ 3 ᠰᠣᠩᠭᠤᠨ ᠰᠢᠯᠭᠠᠬᠤ ᠬᠢᠴᠢᠶᠡᠯ ᠲᠥᠷᠥᠯ ᠳᠤ ᠹᠢᠽᠢᠺ ᠪᠠᠶᠢᠪᠠᠯ ᠳᠠᠷᠤᠶ ᠲᠣᠰ ᠲᠤᠰᠬᠠᠶ ᠮᠡᠷᠭᠡᠵᠢᠯ ᠳᠤ ᠨᠡᠷ᠎ᠡ ᠮᠡᠳᠡᠭᠦᠯᠵᠦ ᠪᠣᠯᠤᠨ᠎ᠠ᠃ ᠬᠡᠷᠪᠡ ᠶᠠᠮᠠᠷ ᠨᠢᠭᠡᠨ ᠳᠡᠭᠡᠳᠦ ᠰᠤᠷᠭᠠᠭᠤᠯᠢ ᠶᠢᠨ ᠶᠠᠮᠠᠷ ᠨᠢᠭᠡᠨ ᠲᠤᠰᠬᠠᠶ ᠮᠡᠷᠭᠡᠵᠢᠯ ᠨᠢ ᠰᠢᠯᠭᠠᠭᠤᠯᠤᠭᠴᠢ ᠶᠢ ︽ᠹᠢᠽᠢᠺ︾ ᠠᠴᠠ ᠭᠠᠳᠠᠨ᠎ᠠ ᠪᠠᠰᠠ ︽ᠭᠠᠵᠠᠷ ᠵᠦᠶ︾ ᠶᠢ ᠰᠣᠩᠭᠤᠬᠤ ᠬᠡᠷᠡᠭᠲᠡᠶ ᠭᠡᠵᠦ ᠱᠠᠭᠠᠷᠳᠠᠬᠤ ᠳᠤ ᠭᠦᠷᠪᠡᠯ᠂ ᠰᠢᠯᠭᠠᠭᠤᠯᠤᠭᠴᠢ ᠶᠢᠨ 3 ᠰᠣᠩᠭᠤᠨ ᠰᠢᠯᠭᠠᠬᠤ ᠬᠢᠴᠢᠶᠡᠯ ᠲᠥᠷᠥᠯ ᠳᠤ ︽ᠹᠢᠽᠢᠺ︾ ᠪᠠ ︽ᠭᠠᠵᠠᠷ ᠵᠦᠶ︾ ᠶᠢ ᠬᠠᠮᠲᠤ ᠳᠤ ᠨᠢ ᠰᠢᠯᠭᠠᠪᠠᠯ ᠰᠠᠶ᠋ᠢ ᠲᠣᠰ ᠲᠤᠰᠬᠠᠶ ᠮᠡᠷᠭᠡᠵᠢᠯ ᠳᠤ ᠨᠡᠷ᠎ᠡ ᠮᠡᠳᠡᠭᠦᠯᠵᠦ ᠪᠣᠯᠤᠨ᠎ᠠ᠃ ᠲᠤᠬᠠᠶ ᠶᠢᠨ ᠦᠶ᠎ᠡ ᠳᠤ᠂ ᠮᠠᠨ ᠤ ᠣᠷᠣᠨ ᠮᠠᠨ ᠤ ᠣᠷᠣᠨ ᠠᠴᠠ ᠰᠣᠷᠣᠭᠴᠢ ᠡᠯᠰᠡᠵᠦ ᠪᠠᠶᠢᠭ᠎ᠠ ᠡᠯ᠎ᠡ ᠳᠡᠭᠡᠳᠦ ᠰᠤᠷᠭᠠᠭᠤᠯᠢ ᠶᠢᠨ ᠰᠣᠩᠭᠤᠨ ᠰᠢᠯᠭᠠᠬᠤ ᠬᠢᠴᠢᠶᠡᠯ ᠲᠥᠷᠥᠯ ᠤᠨ ᠱᠠᠭᠠᠷᠳᠠᠯᠭ᠎ᠠ ᠶᠢ ᠬᠤᠷᠢᠶᠠᠩᠭᠤᠶᠢᠯᠠᠵᠤ᠂ ᠰᠢᠯᠭᠠᠭᠤᠯᠤᠭᠴᠢ ᠳᠤ ᠴᠠᠭ ᠲᠤᠬᠠᠶ ᠳᠤ ᠨᠢ ᠯᠠᠪᠯᠠᠯᠲᠠ ᠬᠠᠩᠭᠠᠨ᠎ᠠ᠃      27 . ᠶᠠᠭᠤᠨ ᠳᠤ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠲᠦᠷᠦᠯ ᠬᠤᠪᠢᠶᠠᠨ ᠰᠢᠯᠭᠠᠵᠤ ᠰᠤᠷᠤᠭᠴᠢ ᠡᠯᠰᠡᠬᠦ ᠬᠡᠷᠡᠭᠲᠡᠢ ᠪᠤᠢ︖      ᠬᠠᠷᠢᠭᠤᠯᠲᠠ᠄ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠨ ᠬᠥᠮᠦᠵᠢᠯ ᠨᠢ ᠣᠯᠠᠨ ᠶᠠᠩᠵᠤᠴᠢᠯᠠᠭᠰᠠᠨ ᠴᠢᠳᠠᠪᠤᠷᠢᠲᠠᠨ ᠢ ᠬᠥᠮᠦᠵᠢᠭᠦᠯᠬᠦ᠂ ᠤᠷ᠎ᠠ ᠴᠢᠳᠠᠪᠤᠷᠢ ᠶᠢ ᠤᠯᠠᠮᠵᠢᠯᠠᠬᠤ᠂ ᠠᠵᠢᠯ ᠣᠯᠭᠤᠵᠤ ᠦᠢᠯᠡᠰ ᠪᠣᠰᠬᠠᠬᠤ ᠶᠢ ᠠᠬᠢᠭᠤᠯᠬᠤ ᠴᠢᠬᠤᠯᠠ ᠡᠭᠦᠷᠭᠡ ᠶᠢ ᠡᠭᠦᠷᠭᠡᠯᠡᠵᠦ᠂ ᠰᠤᠷᠤᠭᠴᠢ ᠡᠯᠰᠡᠬᠦ ᠰᠢᠯᠭᠠᠯᠲᠠ ᠳᠤ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠳᠤ ᠲᠥᠷᠥᠯ ᠬᠤᠪᠢᠶᠠᠨ ᠰᠢᠯᠭᠠᠵᠤ ᠰᠤᠷᠤᠭᠴᠢ ᠡᠯᠰᠡᠬᠦ ᠶᠢ ᠬᠡᠷᠡᠭᠵᠢᠭᠦᠯᠬᠦ ᠨᠢ ᠰᠤᠷᠤᠭᠴᠢ ᠶᠢᠨ ᠲᠤᠰᠬᠠᠶ ᠮᠡᠷᠭᠡᠵᠢᠯ ᠤᠨ ᠴᠢᠳᠠᠪᠤᠷᠢ ᠪᠠ ᠤᠷ᠎ᠠ ᠴᠢᠳᠠᠪᠤᠷᠢ ᠶᠢᠨ ᠬᠢᠨᠠᠨ ᠰᠢᠯᠭᠠᠯᠲᠠ ᠶᠢ ᠨᠡᠩ ᠢᠯᠡᠭᠦᠦ ᠴᠢᠬᠤᠯᠠᠴᠢᠯᠠᠵᠤ᠂ ᠮᠠᠨ ᠤ ᠣᠷᠣᠨ ᠤ ᠣᠳᠣ ᠦᠶ᠎ᠡ ᠶᠢᠨ ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠳᠣᠭᠲᠠᠯᠴᠠᠭ᠎ᠠ ᠶᠢ ᠪᠠᠶᠢᠭᠤᠯᠬᠤ ᠶᠢᠨ ᠴᠢᠬᠤᠯᠠ ᠠᠷᠭ᠎ᠠ ᠬᠡᠮᠵᠢᠶ᠎ᠡ᠂ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠡᠵᠡᠨ ᠮᠡᠳᠡᠨ ᠰᠤᠷᠭᠠᠭᠤᠯᠢ ᠡᠷᠬᠢᠯᠡᠬᠦ ᠡᠷᠬᠡ ᠶᠢ ᠨᠠᠶᠢᠳᠠᠪᠤᠷᠢᠵᠢᠭᠤᠯᠵᠤ᠂ ᠰᠤᠷᠤᠭᠴᠢ ᠡᠯᠰᠡᠬᠦ᠂ ᠬᠥᠮᠦᠵᠢᠭᠦᠯᠬᠦ᠂ ᠠᠵᠢᠯ ᠣᠯᠭᠤᠬᠤ ᠶᠢᠨ ᠬᠡᠯᠬᠢᠶᠡᠲᠦ ᠲᠣᠭᠲᠠᠴᠠ ᠶᠢ ᠪᠠᠶᠢᠭᠤᠯᠵᠤ᠂ ᠳᠡᠭᠡᠳᠦ ᠬᠡᠪ ᠴᠢᠨᠠᠷ ᠪᠦᠬᠦᠢ ᠤᠷ᠎ᠠ ᠴᠢᠳᠠᠪᠤᠷᠢᠲᠤ ᠴᠢᠳᠠᠪᠤᠷᠢᠲᠠᠨ ᠢ ᠰᠢᠰᠲ᠋ᠧᠮᠲᠡᠢ ᠬᠥᠮᠦᠵᠢᠭᠦᠯᠬᠦ ᠭᠦᠨᠵᠡᠭᠡᠶ ᠬᠤᠪᠢᠰᠤᠯᠲᠠ ᠪᠣᠯᠤᠨ᠎ᠠ᠃ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠲᠥᠷᠥᠯ ᠬᠤᠪᠢᠶᠠᠨ ᠰᠢᠯᠭᠠᠵᠤ ᠰᠤᠷᠤᠭᠴᠢ ᠡᠯᠰᠡᠬᠦ ᠶᠢ ᠬᠡᠷᠡᠭᠵᠢᠭᠦᠯᠬᠦ ᠨᠢ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠰᠤᠷᠤᠭᠴᠢ ᠡᠯᠰᠡᠬᠦ ᠭᠤᠣᠯ ᠠᠷᠭ᠎ᠠ ᠵᠠᠮ ᠪᠣᠯᠵᠤ᠂ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠵᠢᠮ᠎ᠡ ᠶᠣᠰᠣ ᠪᠠᠷ ᠤᠷ᠎ᠠ ᠴᠢᠳᠠᠪᠤᠷᠢ ᠶᠢᠨ ᠬᠡᠯᠪᠡᠷᠢᠲᠦ ᠴᠢᠳᠠᠪᠤᠷᠢᠲᠠᠨ ᠢ ᠰᠢᠯᠢᠨ ᠰᠣᠩᠭᠤᠬᠤ ᠪᠠ ᠬᠥᠮᠦᠵᠢᠭᠦᠯᠬᠦ ᠳᠤ ᠠᠰᠢᠭᠲᠠᠶ ᠮᠥᠷᠲᠡᠭᠡᠨ ᠪᠠᠰᠠ ᠨᠢᠭᠡ ᠪᠦᠯᠦᠭ ᠰᠤᠷᠤᠭᠴᠢ ᠶᠢᠨ ᠥᠪᠡᠷ ᠲᠤ ᠪᠠᠨ ᠲᠣᠬᠢᠷᠠᠭᠰᠠᠨ ᠰᠤᠷᠭᠠᠨ ᠬᠥᠮᠦᠵᠢᠯ ᠤᠨ ᠵᠠᠭᠪᠤᠷ ᠢ ᠡᠷᠲᠡᠬᠡᠨ ᠰᠣᠩᠭᠤᠬᠤ ᠳᠤ ᠠᠰᠢᠭᠲᠠᠶ ᠶᠤᠮ᠃      28 . ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠲᠥᠷᠥᠯ ᠬᠤᠪᠢᠶᠠᠨ ᠰᠢᠯᠭᠠᠵᠤ ᠰᠤᠷᠤᠭᠴᠢ ᠡᠯᠰᠡᠬᠦ ᠰᠢᠯᠭᠠᠯᠲᠠ ᠳᠤ ᠶᠠᠭᠤ ᠶᠢ ᠰᠢᠯᠭᠠᠬᠤ ᠪᠤᠢ︖ ᠬᠠᠷᠢᠭᠤᠯᠲᠠ᠄ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠲᠥᠷᠥᠯ ᠬᠤᠪᠢᠶᠠᠨ ᠰᠢᠯᠭᠠᠵᠤ ᠰᠣᠷᠣᠭᠴᠢ ᠡᠯᠰᠡᠬᠦ ᠳᠤ ︽ᠰᠣᠶᠣᠯ ᠤᠨ ᠬᠡᠪ ᠴᠢᠨᠠᠷ + ᠠᠵᠢᠯ ᠮᠡᠷᠭᠡᠵᠢᠯ ᠤᠨ ᠤᠷ᠎ᠠ ᠴᠢᠳᠠᠪᠤᠷᠢ︾ ᠶᠢᠨ ᠰᠢᠯᠭᠠᠯᠲᠠ ᠶᠢ ᠬᠡᠷᠡᠭᠵᠢᠭᠦᠯᠵᠦ᠂ ᠠᠳᠠᠯᠢ ᠪᠤᠰᠤ ᠰᠢᠯᠭᠠᠭᠤᠯᠤᠭᠴᠢ ᠶᠢᠨ ᠲᠥᠷᠥᠯ ᠢᠶᠠᠷ ᠠᠳᠠᠯᠢ ᠪᠤᠰᠤ ᠰᠢᠯᠭᠠᠯᠲᠠ ᠶᠢᠨ ᠠᠭᠤᠯᠭ᠎ᠠ ᠬᠤᠪᠢᠶᠠᠨ᠎ᠠ᠃      ᠡᠩ ᠤᠨ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠲᠡᠭᠦᠰᠦᠭᠰᠡᠳ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠲᠥᠷᠥᠯ ᠬᠤᠪᠢᠶᠠᠨ ᠰᠢᠯᠭᠠᠵᠤ ᠰᠤᠷᠤᠭᠴᠢ ᠡᠯᠰᠡᠬᠦ ᠳᠤ ᠣᠷᠣᠯᠴᠠᠪᠠᠯ ᠰᠣᠶᠣᠯ ᠤᠨ ᠬᠡᠪ ᠴᠢᠨᠠᠷ ᠤᠨ ᠬᠢᠷᠢ ᠪᠦᠲᠦᠮᠵᠢ ᠳᠤ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠯᠭ᠎ᠠ ᠶᠢᠨ ᠬᠢᠷᠢ ᠬᠡᠮᠵᠢᠶᠡᠨ ᠤ ᠰᠢᠯᠭᠠᠯᠲᠠ ᠶᠢᠨ ᠬᠢᠷᠢ ᠪᠦᠲᠦᠮᠵᠢ ᠶᠢ ᠬᠡᠷᠡᠭᠯᠡᠨ᠎ᠡ︔ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠲᠡᠭᠦᠰᠦᠭᠰᠡᠳ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠲᠥᠷᠥᠯ ᠬᠤᠪᠢᠶᠠᠨ ᠰᠢᠯᠭᠠᠵᠤ ᠰᠣᠷᠣᠭᠴᠢ ᠡᠯᠰᠡᠬᠦ ᠳᠤ ᠣᠷᠣᠯᠴᠠᠪᠠᠯ ᠰᠣᠶᠣᠯ ᠤᠨ ᠬᠡᠪ ᠴᠢᠨᠠᠷ ᠤᠨ ᠬᠢᠷᠢ ᠪᠦᠲᠦᠮᠵᠢ ᠳᠤ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠠᠵᠢᠯ ᠲᠥᠷᠦᠯ ᠢᠶᠠᠷ ᠰᠣᠷᠣᠭᠴᠢ ᠡᠯᠰᠡᠬᠦ ᠪᠤᠶᠤ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠲᠤᠰᠠᠭᠠᠷ ᠰᠣᠷᠣᠭᠴᠢ ᠡᠯᠰᠡᠬᠦ ᠰᠣᠶᠣᠯ ᠤᠨ ᠬᠢᠴᠢᠶᠡᠯ ᠤᠨ ᠰᠢᠯᠭᠠᠯᠲᠠ ᠶᠢᠨ ᠬᠢᠷᠢ ᠪᠦᠲᠦᠮᠵᠢ ᠶᠢ ᠬᠡᠷᠡᠭᠯᠡᠨ᠎ᠡ᠃      ᠠᠵᠢᠯ ᠮᠡᠷᠭᠡᠵᠢᠯ ᠤᠨ ᠤᠷ᠎ᠠ ᠴᠢᠳᠠᠪᠤᠷᠢ ᠶᠢᠨ ᠰᠢᠯᠭᠠᠯᠲᠠ ᠶᠢ ︽ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠲᠥᠷᠥᠯ ᠬᠤᠪᠢᠶᠠᠨ ᠰᠢᠯᠭᠠᠬᠤ ᠠᠵᠢᠯ ᠢ ᠤᠯᠠᠮ ᠨᠢᠭᠡ ᠠᠯᠬᠤᠮ ᠲᠡᠭᠦᠯᠳᠡᠷᠵᠢᠭᠦᠯᠬᠦ ᠲᠤᠬᠠᠶ ᠰᠤᠷᠭᠠᠨ ᠬᠥᠮᠦᠵᠢᠯ ᠤᠨ ᠶᠠᠮᠤᠨ ᠤ ᠠᠯᠪᠠᠨ ᠲᠢᠩᠬᠢᠮ ᠤᠨ ᠮᠡᠳᠡᠭᠳᠡᠯ︾ ᠪᠠ ᠥᠪᠡᠷᠲᠡᠭᠡᠨ ᠵᠠᠰᠠᠬᠤ ᠣᠷᠣᠨ ᠤ ᠬᠤᠯᠪᠤᠭᠳᠠᠬᠤ ᠱᠠᠭᠠᠷᠳᠠᠯᠭ᠎ᠠ ᠶᠣᠰᠤ ᠪᠠᠷ ᠵᠣᠬᠢᠶᠠᠨ ᠪᠠᠶᠢᠭᠤᠯᠵᠤ ᠬᠡᠷᠡᠭᠵᠢᠭᠦᠯᠦᠨ᠎ᠡ᠃ ᠡᠩ ᠤᠨ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠲᠡᠭᠦᠰᠦᠭᠰᠡᠳ ᠲᠥᠷᠥᠯ ᠬᠤᠪᠢᠶᠠᠭᠰᠠᠨ ᠰᠢᠯᠭᠠᠯᠲᠠ ᠳᠤ ᠨᠡᠷ᠎ᠡ ᠮᠡᠳᠡᠭᠦᠯᠬᠦ ᠳᠤ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠶᠡᠭᠡ ᠳᠡᠭᠡᠳᠦ ᠰᠤᠷᠭᠠᠭᠤᠯᠢ ᠠᠴᠠ ᠵᠣᠬᠢᠶᠠᠨ ᠪᠠᠶᠢᠭᠤᠯᠤᠭᠰᠠᠨ ᠨᠡᠷ᠎ᠡ ᠮᠡᠳᠡᠭᠦᠯᠬᠦ ᠲᠤᠰᠬᠠᠶ ᠮᠡᠷᠭᠡᠵᠢᠯ ᠯᠦᠭᠡ ᠬᠤᠯᠪᠣᠭᠳᠠᠬᠤ ᠠᠵᠢᠯ ᠮᠡᠷᠭᠡᠵᠢᠯ ᠤᠨ ᠲᠣᠬᠢᠷᠠᠭᠰᠠᠨ ᠰᠢᠯᠭᠠᠯᠲᠠ ᠳᠤ ᠣᠷᠣᠯᠴᠠᠨ᠎ᠠ︔ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠲᠡᠭᠦᠰᠦᠭᠰᠡᠳ ᠲᠥᠷᠥᠯ ᠬᠤᠪᠢᠶᠠᠭᠰᠠᠨ ᠰᠢᠯᠭᠠᠯᠲᠠ ᠳᠤ ᠨᠡᠷ᠎ᠡ ᠮᠡᠳᠡᠭᠦᠯᠪᠡᠯ ᠡᠯᠰᠡᠬᠦ ᠶᠡᠭᠡ ᠳᠡᠭᠡᠳᠦ ᠰᠤᠷᠭᠠᠭᠤᠯᠢ ᠶᠢᠨ ᠰᠣᠷᠣᠭᠴᠢ ᠡᠯᠰᠡᠬᠦ ᠰᠢᠯᠭᠠᠯᠲᠠ ᠶᠢᠨ ᠪᠠᠶᠢᠭᠤᠯᠤᠮᠵᠢ ᠲᠠᠢ ᠬᠠᠮᠲᠤᠷᠠᠨ ᠵᠣᠬᠢᠶᠠᠨ ᠪᠠᠶᠢᠭᠤᠯᠤᠭᠰᠠᠨ ᠠᠵᠢᠯ ᠮᠡᠷᠭᠡᠵᠢᠯ ᠤᠨ ᠤᠷ᠎ᠠ ᠴᠢᠳᠠᠪᠤᠷᠢ ᠶᠢᠨ ᠰᠢᠯᠭᠠᠯᠲᠠ ᠳᠤ ᠣᠷᠣᠯᠴᠠᠨ᠎ᠠ᠂ ᠠᠵᠢᠯ ᠮᠡᠷᠭᠡᠵᠢᠯ ᠤᠨ ᠤᠷ᠎ᠠ ᠴᠢᠳᠠᠪᠤᠷᠢ ᠶᠢᠨ ᠰᠢᠯᠭᠠᠯᠲᠠ ᠳᠤ ᠲᠤᠰᠬᠠᠶ ᠮᠡᠷᠭᠡᠵᠢᠯ ᠤᠨ ᠴᠢᠳᠠᠪᠤᠷᠢ ᠶᠢᠨ ᠰᠢᠯᠭᠠᠯᠲᠠ ᠪᠠ ᠤᠷ᠎ᠠ ᠴᠢᠳᠠᠪᠤᠷᠢ ᠶᠢᠨ ᠰᠢᠯᠭᠠᠯᠲᠠ ᠶᠢ ᠪᠠᠭᠲᠠᠭᠠᠨ᠎ᠠ᠃ ᠨᠡᠶᠢᠭᠡᠮ ᠤᠨ ᠰᠢᠯᠭᠠᠭᠤᠯᠤᠭᠴᠢ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠳᠤ ᠰᠢᠯᠭᠠᠭᠤᠯᠬᠤ ᠳᠤ ᠠᠵᠢᠯ ᠮᠡᠷᠭᠡᠵᠢᠯ ᠳᠤ ᠲᠣᠬᠢᠷᠠᠭᠰᠠᠨ ᠵᠣᠬᠢᠴᠠᠬᠤ ᠴᠢᠨᠠᠷᠲᠠᠢ ᠰᠢᠯᠭᠠᠯᠲᠠ ᠪᠠᠶᠢᠴᠠᠭᠠᠯᠲᠠ ᠪᠣᠯᠤᠨ ᠲᠣᠬᠢᠷᠠᠭᠰᠠᠨ ᠬᠢᠴᠢᠶᠡᠯ ᠲᠥᠷᠥᠯ ᠤᠨ ᠡᠩ ᠤᠨ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠤᠯᠭ᠎ᠠ ᠶᠢᠨ ᠬᠢᠷᠢ ᠬᠡᠮᠵᠢᠶᠡᠨ ᠤ ᠰᠢᠯᠭᠠᠯᠲᠠ ᠳᠤ ᠣᠷᠣᠯᠴᠠᠨ᠎ᠠ᠃      29 . ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠲᠥᠷᠥᠯ ᠬᠤᠪᠢᠶᠠᠨ ᠰᠢᠯᠭᠠᠵᠤ ᠰᠣᠷᠣᠭᠴᠢ ᠡᠯᠰᠡᠬᠦ ᠪᠣᠯᠤᠨ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠢ ᠰᠢᠯᠭᠠᠯᠲᠠ ᠶᠠᠮᠠᠷ ᠬᠠᠷᠢᠴᠠᠭ᠎ᠠ ᠲᠠᠢ ᠪᠣᠶ︖      ᠬᠠᠷᠢᠭᠤᠯᠲᠠ᠄ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠶᠢᠨ ᠲᠥᠷᠥᠯ ᠬᠤᠪᠢᠶᠠᠨ ᠰᠢᠯᠭᠠᠵᠤ ᠰᠣᠷᠣᠭᠴᠢ ᠡᠯᠰᠡᠬᠦ ᠪᠣᠯᠤᠨ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠢ ᠰᠢᠯᠭᠠᠯᠲᠠ ᠪᠣᠯ ᠴᠥᠮ ᠡᠩ ᠤᠨ ᠳᠡᠭᠡᠳᠦ ᠰᠤᠷᠭᠠᠭᠤᠯᠢ ᠶᠢᠨ ᠰᠣᠷᠣᠭᠴᠢ ᠡᠯᠰᠡᠬᠦ ᠰᠢᠯᠭᠠᠯᠲᠠ ᠶᠢᠨ ᠴᠢᠬᠤᠯᠠ ᠪᠦᠷᠢᠯᠳᠦᠬᠦᠨ ᠬᠡᠰᠡᠭ ᠪᠠᠶᠢᠵᠤ᠂ ᠬᠤᠶᠠᠭᠤᠯᠠ ᠪᠠᠨ ᠬᠤᠯᠪᠣᠭ᠎ᠠ ᠲᠠᠢ ᠮᠥᠷᠲᠡᠭᠡᠨ ᠪᠠᠰᠠ ᠢᠯᠭᠠᠭ᠎ᠠ ᠲᠠᠢ ᠪᠠᠶᠢᠳᠠᠭ᠃ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠲᠥᠷᠥᠯ ᠬᠤᠪᠢᠶᠠᠨ ᠰᠢᠯᠭᠠᠵᠤ ᠰᠣᠷᠣᠭᠴᠢ ᠡᠯᠰᠡᠬᠦ ᠳᠤ ᠣᠷᠣᠯᠴᠠᠭᠰᠠᠨ ᠴᠤ ᠲᠡᠷᠡ᠂ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠳᠤ ᠣᠷᠣᠯᠴᠠᠭᠰᠠᠨ ᠴᠤ ᠲᠡᠷᠡ᠂ ᠴᠥᠮ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠳᠤ ᠨᠡᠷ᠎ᠡ ᠮᠡᠳᠡᠭᠦᠯᠬᠦ ᠶᠢᠨ ᠬᠠᠮᠲᠤ ᠨᠡᠷ᠎ᠡ ᠮᠡᠳᠡᠭᠦᠯᠬᠦ ᠬᠢᠷᠢ ᠬᠡᠮ ᠢ ᠤᠯᠬᠤ ᠬᠡᠷᠡᠭᠲᠡᠶ︔ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠶᠡᠭᠡ ᠳᠡᠭᠡᠳᠦ ᠰᠤᠷᠭᠠᠭᠤᠯᠢ ᠶᠢᠨ ᠲᠥᠷᠥᠯ ᠬᠤᠪᠢᠶᠠᠨ ᠰᠢᠯᠭᠠᠵᠤ ᠡᠯᠰᠡᠭᠳᠡᠭᠰᠡᠳ ᠪᠠ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠳᠠᠮᠵᠢᠨ ᠡᠯᠰᠡᠭᠳᠡᠭᠰᠡᠳ ᠤᠨ ᠲᠡᠭᠦᠰᠬᠦ ᠦᠨᠡᠮᠯᠡᠯ ᠤᠨ ᠬᠦᠴᠦᠨ ᠨᠢ ᠪᠦᠷᠢᠮᠦᠰᠦᠨ ᠠᠳᠠᠯᠢ ᠪᠠᠶᠢᠵᠤ᠂ ᠶᠠᠮᠠᠷ ᠴᠤ ᠢᠯᠭᠠᠭ᠎ᠠ ᠦᠭᠡᠶ ᠶᠤᠮ᠃ ᠬᠤᠶᠠᠭᠤᠯᠠ ᠶᠢᠨ ᠢᠯᠭᠠᠭ᠎ᠠ ᠨᠢ ᠭᠤᠤᠯᠳᠠᠭᠤ ᠰᠢᠯᠭᠠᠯᠲᠠ ᠶᠢᠨ ᠠᠷᠭ᠎ᠠ ᠮᠠᠶ᠋ᠢᠭ ᠨᠢ ᠠᠳᠠᠯᠢ ᠦᠭᠡᠢ ᠪᠠᠶᠢᠬᠤ ᠳᠡᠭᠡᠷ᠎ᠡ ᠢᠯᠡᠷᠡᠨ᠎ᠡ᠃ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠶᠡᠭᠡ ᠳᠡᠭᠡᠳᠦ ᠰᠤᠷᠭᠠᠭᠤᠯᠢ ᠶᠢᠨ ᠲᠥᠷᠥᠯ ᠬᠤᠪᠢᠶᠠᠨ ᠰᠢᠯᠭᠠᠵᠤ ᠰᠣᠷᠣᠭᠴᠢ ᠡᠯᠰᠡᠬᠦ ᠳᠤ ︽ᠰᠣᠶᠣᠯ ᠤᠨ ᠬᠡᠪ ᠴᠢᠨᠠᠷ + ᠠᠵᠢᠯ ᠮᠡᠷᠭᠡᠵᠢᠯ ᠤᠨ ᠤᠷ᠎ᠠ ᠴᠢᠳᠠᠪᠤᠷᠢ︾ ᠶᠢᠨ ᠰᠢᠯᠭᠠᠯᠲᠠ ᠶᠢᠨ ᠠᠷᠭ᠎ᠠ ᠮᠠᠶ᠋ᠢᠭ ᠢ ᠬᠡᠷᠡᠭᠵᠢᠭᠦᠯᠦᠨ᠎ᠡ︔ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠳᠤ ᠭᠤᠤᠯᠳᠠᠭᠤ ᠰᠣᠷᠣᠭᠴᠢ ᠶᠢᠨ ᠰᠣᠶᠣᠯ ᠤᠨ ᠬᠡᠪ ᠴᠢᠨᠠᠷ ᠢ ᠰᠢᠯᠭᠠᠨ ᠪᠠᠶᠢᠴᠠᠭᠠᠵᠤ᠂ ᠰᠢᠯᠭᠠᠯᠲᠠ ᠶᠢᠨ ᠬᠢᠴᠢᠶᠡᠯ ᠲᠥᠷᠥᠯ ᠳᠤ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ ᠬᠢᠴᠢᠶᠡᠯ ᠲᠥᠷᠥᠯ ᠤᠨ ᠬᠡᠯᠡ ᠪᠢᠴᠢᠭ᠂ ᠲᠣᠭᠠᠨ ᠤ ᠤᠬᠠᠭᠠᠨ᠂ ᠭᠠᠳᠠᠭᠠᠳᠤ ᠬᠡᠯᠡ ᠠᠴᠠ ᠭᠠᠳᠠᠨ᠎ᠠ ᠪᠠᠰᠠ 3 ᠲᠥᠷᠥᠯ ᠤᠨ ᠰᠤᠷᠤᠯᠭ᠎ᠠ ᠶᠢᠨ ᠬᠢᠷᠢ ᠬᠡᠮᠵᠢᠶᠡᠨ ᠤ ᠰᠢᠯᠭᠠᠯᠲᠠ ᠶᠢᠨ ᠰᠣᠩᠭᠤᠬᠤ ᠴᠢᠨᠠᠷᠲᠠᠶ ᠬᠢᠴᠢᠶᠡᠯ ᠲᠥᠷᠥᠯ ᠪᠠᠶᠢᠳᠠᠭ᠃       30 . ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠶᠡᠭᠡ ᠳᠡᠭᠡᠳᠦ ᠰᠤᠷᠭᠠᠭᠤᠯᠢ ᠶᠢᠨ ᠲᠥᠷᠥᠯ ᠬᠤᠪᠢᠶᠠᠨ  ᠰᠢᠯᠭᠠᠵᠤ ᠰᠤᠷᠤᠭᠴᠢ ᠡᠯᠰᠡᠬᠦ ᠳᠤ ᠡᠯᠰᠡᠭᠳᠡᠭᠰᠡᠨ ᠥᠬᠡᠶ ᠰᠢᠯᠭᠠᠭᠤᠯᠤᠭᠴᠢ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠳᠤ ᠣᠷᠣᠯᠴᠠᠵᠤ ᠳᠡᠶᠢᠯᠬᠦ ᠦᠦ︖      ᠬᠠᠷᠢᠭᠤᠯᠲᠠ᠄ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠶᠡᠭᠡ ᠳᠡᠭᠡᠳᠦ ᠰᠤᠷᠭᠠᠭᠤᠯᠢ ᠶᠢᠨ ᠲᠤᠰᠠᠭᠠᠷ ᠰᠢᠯᠭᠠᠵᠤ ᠡᠯᠰᠡᠬᠦ ᠠᠵᠢᠯ ᠢ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠠᠴᠠ ᠡᠮᠦᠨ᠎ᠡ ᠲᠣᠬᠢᠷᠠᠭᠤᠯᠵᠤ᠂ ᠳᠡᠭᠡᠳᠦ ᠵᠡᠷᠭᠡ ᠶᠢᠨ ᠠᠵᠢᠯ ᠮᠡᠷᠭᠡᠵᠢᠯ ᠤᠨ ᠰᠤᠷᠭᠠᠭᠤᠯᠢ ᠳᠤ ᠤᠷᠢᠳᠴᠢᠯᠠᠨ ᠨᠡᠷ᠎ᠡ ᠮᠡᠳᠡᠭᠦᠯᠦᠭᠰᠡᠨ ᠦᠭᠡᠶ ᠵᠢᠴᠢ ᠰᠢᠯᠭᠠᠯᠲᠠ ᠳᠤ ᠨᠡᠷ᠎ᠡ ᠮᠡᠳᠡᠭᠦᠯᠦᠭᠰᠡᠨ ᠪᠣᠯᠪᠠᠴᠤ ᠡᠯᠰᠡᠭᠳᠡᠭᠰᠡᠨ ᠦᠭᠡᠶ ᠰᠢᠯᠭᠠᠭᠤᠯᠤᠭᠰᠠᠳ ᠪᠠᠰᠠ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠳᠤ ᠦᠷᠭᠦᠯᠵᠢᠯᠡᠨ ᠣᠷᠣᠯᠴᠠᠵᠤ ᠪᠣᠯᠬᠤ ᠪᠥᠭᠡᠳ ᠮᠥᠨ ᠴᠤ ᠡᠩ ᠤᠨ ᠳᠡᠭᠡᠳᠦ ᠰᠤᠷᠭᠠᠭᠤᠯᠢ ᠳᠤ ᠡᠯᠰᠡᠭᠳᠡᠬᠦ ᠵᠠᠪᠰᠢᠶᠠᠨ ᠪᠣᠢ᠃ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠠᠵᠢᠯ ᠲᠥᠷᠦᠯ ᠢᠶᠠᠷ ᠰᠣᠷᠣᠭᠴᠢ ᠡᠯᠰᠡᠬᠦ ᠰᠢᠯᠭᠠᠯᠲᠠ ᠨᠢ ᠡᠩ ᠤᠨ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠪᠥᠬᠦ ᠤᠯᠤᠰ ᠤᠨ ᠨᠢᠭᠡᠳᠦᠯᠲᠡᠶ ᠰᠢᠯᠭᠠᠯᠲᠠ ᠲᠠᠢ ᠠᠳᠠᠯᠢ ᠬᠤᠭᠤᠴᠠᠭᠠᠨ ᠳᠤ ᠶᠠᠪᠤᠭᠳᠠᠨ᠎ᠠ᠃
 
ᠢᠷᠡᠯᠲᠡ᠄ ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠢᠮ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号