ᠲᠠᠩᠰᠠᠨ ᠳᠤ ᠦᠭᠡᠢ ᠲᠡᠷᠭᠡᠨ ᠨᠣᠮᠧᠷ ᠤᠨ ᠫᠠᠶᠢᠰᠠ ᠬᠠᠳ᠋ᠬᠠᠰᠡᠨ ᠦᠭᠡᠢ ᠭᠤᠷᠪᠡᠨ ᠬᠦᠷᠳᠦᠳᠤ᠂ ᠳᠥᠷᠪᠡᠨ ᠬᠦᠷᠳᠦᠳᠤ ᠴᠠᠬᠢᠯᠭᠠᠨ ᠬᠦᠳᠡᠯᠭᠡᠭᠦᠷᠲᠦ ᠲᠠᠷᠭᠡ ᠴᠢᠪᠠᠭ᠎ᠠ ᠬᠤᠳᠠ ᠲᠤᠭᠤᠷᠢᠭ ᠤᠨ ᠭᠡᠰᠡᠭ ᠵᠠᠮ  ᠢᠶᠠᠷ ᠨᠡᠪᠲᠡᠷᠡᠬᠦ ᠶᠢ ᠬᠤᠷᠢᠭᠯᠠᠬᠤ ᠲᠤᠬᠠᠢ ᠵᠠᠷᠯᠠᠯ
ᠨᠡᠶᠢᠲᠡᠯᠡᠭᠰᠡᠨ ᠴᠠᠭ᠄
2024/10/11
       ᠬᠤᠲᠠ ᠲᠤᠭᠤᠷᠢᠭ ᠤᠨ ᠵᠠᠮ ᠬᠠᠷᠢᠯᠴᠠᠭᠠᠨ ᠤ ᠡᠮᠬᠢ ᠲᠢᠭᠯᠢᠮ ᠢ ᠤᠯᠠᠮ ᠨᠢᠭᠡ ᠠᠯᠬᠤᠮ ᠵᠢᠷᠤᠮᠵᠢᠭᠤᠯᠵᠤ᠂ ᠪᠦᠬᠦ ᠬᠤᠰᠢᠭᠤᠨ ᠤ ᠭᠤᠷᠪᠡᠨ ᠬᠦᠷᠳᠦᠲᠤ᠂ ᠳᠦᠷᠪᠡᠨ ᠬᠦᠷᠳᠦᠲᠤ ᠴᠠᠬᠢᠯᠭᠠᠨ ᠬᠦᠳᠡᠯᠭᠡᠭᠦᠷᠳᠤ  ᠲᠡᠷᠭᠡᠨ ᠤ ᠬᠠᠮᠢᠶᠡᠷᠤᠯᠲᠡ ᠶᠢ ᠲᠡᠭᠦᠯᠳᠡᠷᠵᠢᠭᠦᠯᠣᠨ᠂ ᠬᠤᠲᠡ ᠶᠢᠨ ᠪᠣᠯᠪᠡᠰᠤᠨ ᠲᠦᠷᠢ ᠲᠦᠷᠭᠦ ᠶᠢᠨ ᠲᠦᠪᠰᠢᠨ ᠢ ᠪᠦᠳᠦᠮᠵᠢᠲᠡᠢ ᠳᠡᠭᠡᠭᠰᠢᠯᠡᠬᠦᠯᠬᠦ ᠶᠢᠨ ᠲᠦᠯᠥᠬᠡ᠂ ᠬᠠᠷᠢᠶ᠎ᠡ ᠲᠣᠭᠤᠷᠢᠭ ᠤᠨ ᠵᠠᠮ ᠨᠡᠪᠲᠠᠷᠠᠯᠭᠡ ᠶᠢᠨ ᠪᠤᠳᠠᠲᠠᠢ ᠪᠠᠶᠢᠳᠠᠯ ᠲᠠᠢ ᠤᠶᠠᠯᠳᠤᠭᠤᠯᠤᠨ᠂ ᠭᠤᠷᠪᠠᠨ ᠬᠦᠷᠳᠦᠳᠦ᠂ ᠳᠥᠷᠪᠡᠨ ᠬᠦᠷᠳᠦᠳᠦ ᠴᠠᠬᠢᠯᠭᠠᠨ ᠬᠥᠳᠡᠯᠭᠡᠭᠦᠷᠲᠦ ᠲᠡᠷᠭᠡ ᠶᠢᠨ ᠴᠢᠪᠠᠭ᠎ᠠ ᠬᠤᠲᠠ ᠲᠤᠭᠤᠷᠢᠭ ᠲᠤ ︽ᠨᠡᠪᠳᠡᠷᠡᠬᠦ ᠶᠢ ᠴᠠᠭᠠᠵᠠᠯᠠᠬᠤ ᠵᠠᠮ ᠤᠨ ᠬᠡᠰᠡᠭ︾ ᠢ ᠰᠢᠨ᠎ᠠ ᠪᠠᠷ ᠨᠡᠮᠠᠵᠤ᠂ ᠱᠠᠭᠠᠷᠳᠡᠯᠭ᠎ᠠ ᠳᠤ ᠨᠠᠶᠢᠴᠡᠬᠦ ᠦᠭᠡᠢ ᠭᠤᠷᠪᠡᠨ ᠬᠦᠷᠳᠦᠲᠤ᠂ ᠲᠦᠷᠪᠡᠨ ᠬᠦᠷᠳᠤᠲᠤ ᠴᠡᠬᠢᠯᠭᠠᠨ ᠬᠦᠳᠡᠯᠭᠡᠭᠦᠷᠲᠣ ᠲᠡᠷᠭᠡ ᠨᠡᠪᠳᠡᠷᠡᠬᠦ ᠶᠢ ᠴᠠᠭᠠᠵᠠᠯᠠᠨ᠎ᠠ᠃ ᠡᠳᠦᠭᠡ ᠬᠤᠯᠪᠣᠭᠳᠠᠯ ᠪᠦᠬᠦᠢ ᠵᠦᠢᠯᠡᠰ ᠢ ᠳᠠᠷᠠᠭᠠᠬᠢ ᠮᠡᠲᠤ ᠵᠠᠷᠯᠠᠨ ᠮᠡᠳᠡᠭᠳᠡᠶ᠎ᠡ᠄        ᠨᠢᠭᠡ᠂ ᠨᠡᠪᠳᠡᠷᠡᠬᠦ ᠶᠢ ᠴᠠᠭᠠᠵᠠᠯᠠᠬᠤ ᠵᠠᠮ ᠤᠨ ᠬᠡᠰᠡᠭ        ᠲᠢᠶᠠᠨ ᠶᠤᠸᠠᠨ ᠶᠡᠭᠡ ᠵᠡᠭᠡᠯᠢ ᠪᠣᠯᠣᠨ ᠰᠢᠩ ᠹᠦ᠋ ᠵᠠᠮ ᠤᠨ ᠠᠭᠤᠯᠵᠠᠷ ᠠᠴᠠ ᠲᠢᠶᠠᠨ ᠶᠤᠸᠠᠨ ᠶᠡᠭᠡ ᠵᠡᠭᠡᠯᠢ ᠪᠣᠯᠣᠨ ᠤᠯᠤᠰ ᠤᠨ ᠵᠠᠮ 303 ᠱᠤᠭᠤᠮ ᠤᠨ ᠠᠭᠤᠯᠵᠠᠷ ᠬᠦᠷᠳᠡᠯ᠎ᠡ        ᠬᠤᠶᠠᠷ᠂ ᠪᠣᠳᠠᠳᠠᠢ ᠱᠠᠭᠠᠷᠳᠠᠯᠭ᠎ᠠ        ᠨᠡᠪᠳᠡᠷᠡᠬᠦ ᠶᠢ ᠴᠠᠭᠠᠵᠠᠯᠠᠬᠤ ᠵᠠᠮ ᠤᠨ ᠬᠡᠰᠡᠭ ᠲᠤ ᠭᠤᠷᠪᠡᠨ ᠬᠦᠷᠳᠤᠲᠤ ᠴᠠᠬᠢᠯᠭᠠᠨ ᠬᠦᠳᠡᠯᠭᠡᠭᠦᠷᠲᠦ ᠲᠡᠷᠭᠡ ︵ᠨᠢᠭᠡᠨᠳᠡ ᠲᠡᠷᠭᠡᠨ ᠨᠣᠮᠧᠷ ᠤᠨ ᠰᠢᠷ᠎ᠡ ᠦᠩᠭᠬᠡ ᠶᠢᠨ᠂ ᠬᠥᠬᠡ ᠦᠩᠬᠡ ᠶᠢᠨ ᠫᠠᠶᠢᠰᠡ ᠬᠠᠲᠠᠭᠰᠠᠨ ᠴᠡᠬᠢᠯᠭᠠᠨ ᠬᠦᠳᠡᠯᠭᠡᠭᠦᠷᠳᠤ ᠭᠤᠷᠪᠡᠨ ᠬᠦᠷᠳᠣᠳᠤ ᠮᠣᠲ᠋ᠣᠷ ᠲᠡᠷᠭᠡ ᠪᠠᠭᠲᠠᠬᠤ ᠦᠭᠡᠢ︶᠂ ᠲᠦᠷᠪᠡᠨ ᠬᠦᠷᠳᠦᠲᠤ ᠴᠡᠬᠢᠯᠭᠠᠨ ᠬᠦᠳᠡᠯᠭᠡᠭᠦᠷᠲᠦ ᠲᠡᠷᠭᠡ ᠨᠡᠪᠳᠡᠷᠡᠬᠦ ᠶᠢ ᠴᠠᠭᠠᠵᠠᠯᠠᠨ᠎ᠠ᠃ ︵ᠤᠷᠴᠢᠨ ᠲᠤᠭᠤᠷᠢᠨ ᠠᠷᠢᠭᠤᠨ ᠴᠠᠪᠠᠷ ᠢ ᠬᠠᠮᠠᠭᠠᠯᠠᠬᠤ ᠲᠡᠷᠭᠡ᠂ ᠡᠳ᠋ ᠪᠠᠷᠠᠭ᠎ᠠ ᠲᠡᠭᠡᠭᠡᠪᠤᠷᠢᠯᠡᠬᠦ ᠲᠡᠷᠭᠡ 22᠄ 00 - 07᠄ 00 ᠴᠠᠭ ᠤᠨ ᠬᠤᠭᠤᠷᠣᠡᠳᠤ ᠨᠡᠪᠳᠡᠷᠠᠵᠤ ᠪᠣᠯᠣᠨ᠎ᠠ︶        ᠵᠠᠷᠯᠠᠯ ᠤᠨ ᠲᠣᠭᠲᠠᠭᠠᠯ ᠢ ᠵᠦᠷᠢᠴᠡᠪᠡᠯ᠂ ᠲᠣᠲᠤᠭᠠᠲᠤ ᠶᠢ ᠬᠠᠮᠠᠭᠠᠯᠠᠬᠤ ᠵᠠᠮ ᠬᠠᠷᠢᠯᠴᠠᠭᠠᠨ ᠤ ᠬᠠᠮᠢᠶᠡᠷᠤᠯᠲᠠ ᠶᠢᠨ ᠰᠠᠯᠠᠭ᠎ᠠ ᠮᠦᠴᠢᠷ ᠠᠴᠠ ᠬᠠᠤᠯᠢ ᠳᠣᠭᠲᠠᠭᠠᠯ ᠶᠣᠰᠣᠭᠠᠷ ᠰᠢᠢᠣᠡᠭᠡᠯ ᠥᠭᠭᠦᠨ᠎ᠡ᠃                          ᠠᠷᠤ ᠬᠤᠷᠴᠢᠨ ᠬᠤᠰᠢᠭᠤᠨ ᠤ ᠲᠣᠳᠣᠭᠠᠲᠤ ᠶᠢ ᠬᠠᠮᠠᠭᠠᠯᠠᠬᠤ ᠲᠣᠪᠴᠢᠶ᠎ᠠ ᠶᠢᠨ                          ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠬᠢ                          2024 ᠣᠨ ᠤ 10 ᠰᠠᠷ᠎ᠠ ᠶᠢᠨ 9 ᠤ ᠡᠳᠤᠷ
 
ᠢᠷᠡᠯᠲᠡ᠄ ᠠᠷᠣ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号