ᠠᠷᠤ ᠬᠤᠷᠴᠢᠨ ᠬᠤᠰᠢᠭᠤ ᠡᠷᠳᠡᠨᠢ ᠰᠢᠰᠢ ᠲᠠᠷᠢᠬᠤ ᠰᠢᠨ᠎ᠡ ᠮᠡᠷᠭᠡᠵᠢᠯ ᠢ ᠳᠡᠯᠭᠡᠷᠡᠭᠦᠯᠦᠨ᠂ ᠲᠠᠷᠢᠶᠠᠨ ᠭᠠᠵᠠᠷ ᠤᠨ ᠤᠨᠠᠯᠲᠠ ᠶᠢ ᠪᠦᠲᠦᠮᠵᠢᠲᠠᠢ ᠨᠡᠮᠡᠭᠳᠡᠭᠦᠯᠪᠡ
ᠨᠡᠶᠢᠲᠡᠯᠡᠭᠰᠡᠨ ᠴᠠᠭ᠄
2024/10/21
       ︽ᠬᠠᠪᠤᠷ ᠲᠠᠷᠢᠪᠠᠯ ᠨᠠᠮᠤᠷ ᠬᠤᠷᠢᠶᠠᠳᠠᠭ︾ ᠭᠡᠳᠡᠭᠴᠢᠯᠠᠨ᠂ ᠣᠶᠢᠷ᠎ᠠ ᠶᠢᠨ ᠡᠳᠤᠷ᠂ ᠰᠣᠷᠪᠣᠯᠵᠢᠯᠬᠠᠴᠢ ᠪᠠᠷ ᠱᠤᠤ ᠪᠠᠯᠭᠠᠰᠤ ᠶᠢᠨ ᠮᠧᠩ ᠴᠢᠩ ᠯᠢᠨ ᠤ ᠲᠠᠷᠢᠶᠠᠨ ᠭᠠᠵᠠᠷ ᠲᠤ ᠬᠦᠷᠬᠦ ᠪᠠᠷ᠂ ᠨᠢᠭᠡᠨ ᠲᠣᠮᠣ ᠬᠡᠯᠪᠡᠷᠢ ᠶᠢᠨ ᠡᠷᠳᠡᠨᠢ ᠰᠢᠰᠢ ᠬᠠᠲᠤᠵᠤ ᠬᠤᠷᠢᠶᠠᠬᠤ ᠮᠠᠰᠢᠨ ᠲᠠᠷᠢᠶᠠᠨ ᠲᠤᠮᠳᠠ ᠶᠠᠭᠠᠷᠠᠯᠲᠠᠢ ᠠᠵᠢᠯᠯᠠᠵᠤ᠂ ᠡᠷᠳᠡᠨᠢ ᠰᠢᠰᠢ ᠬᠠᠳᠤᠵᠤ ᠬᠤᠷᠢᠶᠠᠨ᠂ ᠡᠰᠢ ᠰᠦᠷᠡᠯ ᠢ ᠨᠢ ᠬᠡᠮᠭᠡᠯᠡᠨ ᠪᠣᠯᠪᠡᠰᠤᠷᠠᠭᠤᠯᠵᠤ᠂ ᠨᠢᠳᠣ ᠢᠷᠮᠡᠬᠦ ᠶᠢᠨ ᠵᠠᠭᠤᠷ᠎ᠠ ᠠᠯᠲᠠᠨ ᠰᠢᠷᠭᠠᠯ ᠡᠷᠳᠡᠨᠢ ᠰᠢᠰᠢ ᠶᠢᠨ ᠮᠥᠭᠦᠯᠢᠭ ᠤᠳ ᠬᠠᠲᠤᠵᠤ ᠬᠤᠷᠢᠶᠠᠬᠤ ᠮᠠᠰᠢᠨ ᠠᠴᠠ ᠴᠢᠳᠬᠤᠯᠠᠨ ᠭᠠᠷᠴᠤ᠂ ᠡᠰᠢ ᠰᠦᠷᠡᠯ  ᠤᠨ ᠰᠤᠷᠭᠤᠭ ᠦᠨᠣᠷ ᠦᠨᠤᠷᠳᠡᠭᠲᠡᠨ᠂ ᠲᠠᠷᠢᠶᠠᠨ ᠭᠠᠵᠠᠷ ᠲᠤ ᠡᠯᠪᠡᠭ ᠬᠤᠷᠢᠶᠠᠯᠲᠠ ᠶᠢᠨ ᠪᠠᠶᠠᠷ ᠪᠠᠭ᠋ᠠᠳᠣᠯ ᠪᠢᠯᠬᠠᠵᠤ ᠪᠠᠶᠢᠯ᠎ᠠ᠃
               ᠲᠤᠬᠠᠢ ᠶᠢᠨ ᠭᠠᠵᠠᠷ ᠤᠨ ᠲᠠᠷᠢᠮᠡᠯ ᠤᠨ ᠲᠣᠮᠣ ᠡᠷᠦᠭᠡ ᠮᠧᠩ ᠴᠢᠩ ᠯᠢᠨ ᠡᠨᠡ ᠵᠢᠯ 580 ᠮᠦ ᠭᠠᠵᠠᠷ  ᠲᠤ ᠰᠢᠨ᠎ᠡ ᠡᠭᠦᠯᠳᠡᠷ ᠤᠨ ᠡᠷᠳᠡᠨᠢ ᠰᠢᠰᠢ ᠲᠠᠷᠢᠵᠤ᠂ ᠬᠤᠰᠢᠭᠤᠨ ᠠᠴᠠ ᠵᠢᠯᠤᠭᠤᠳᠤᠨ ᠲᠡᠯᠭᠡᠷᠡᠭᠦᠯᠣᠭ᠍ᠰᠡᠨ ᠡᠷᠳᠡᠨᠢ ᠰᠢᠰᠢ ᠶᠢᠨ ᠨᠢᠡᠡᠳᠠ ᠲᠠᠷᠢᠵᠤ ᠲᠣᠬᠢᠷᠠᠭᠤᠯᠤᠨ ᠡᠵᠡᠮᠲᠡᠬᠦ ᠮᠡᠷᠭᠡᠵᠢᠯ ᠪᠠ ᠪᠧᠢ ᠳ᠋ᠦ᠋ ᠠᠶᠠᠯᠡᠯ ᠵᠢᠯᠣᠭᠤᠣᠡᠬᠤ ᠮᠡᠷᠭᠡᠵᠢᠯ ᠢ ᠬᠡᠷᠡᠭᠯᠡᠨ᠂ ᠭᠠᠵᠠᠷ ᠰᠢᠷᠣᠢ ᠶᠢ ᠭᠦᠢᠴᠡᠳ ᠪᠦᠲᠣᠮᠵᠢᠲᠡᠢ  ᠠᠰᠢᠡᠡᠯᠬᠠᠰᠡᠨ ᠢᠶᠠᠷ ᠲᠠᠷᠢᠶᠠᠨ ᠭᠠᠵᠠᠷ ᠤᠨ ᠤᠨᠠᠯᠲᠠ ᠪᠠᠨ ᠪᠦᠲᠣᠮᠵᠢᠲᠠᠢ ᠲᠡᠭᠡᠭᠰᠢᠯᠡᠭᠦᠯᠵᠤ ᠴᠢᠳ᠋ᠬᠠᠰᠡᠨ ᠪᠠᠶᠢᠨ᠎ᠠ᠃ ᠮᠠᠰᠢᠨ ᠢᠶᠠᠷ ᠬᠤᠷᠢᠶᠠᠬᠤ ᠪᠠ ᠲᠠᠷᠢᠶᠠᠨ ᠠᠴᠠ ᠶᠠᠩᠵᠤ ᠠᠪᠬᠤ ᠬᠤᠶᠠᠷ ᠵᠦᠢᠯ ᠤᠨ ᠠᠷᠭ᠎ᠠ ᠪᠠᠷ ᠤᠨᠠᠯᠲᠠ ᠶᠢ ᠬᠡᠮᠵᠢᠵᠤ᠂ ᠪᠠᠷᠢᠮᠵᠢᠶᠠᠲᠤ ᠮᠥᠭᠦᠯᠢᠭ ᠤᠨ 14% ᠶᠢᠨ ᠤᠰᠤᠨ ᠤ ᠠᠭᠤᠯᠤᠭᠳᠠᠴᠠ ᠪᠠᠷ ᠨᠤᠭᠤᠯᠤᠨ ᠪᠣᠳᠣᠭᠠᠳ ᠲᠠᠷᠢᠶᠠᠨ ᠭᠠᠵᠠᠷ ᠤᠨ ᠮᠤ᠋ ᠪᠦᠷᠢ ᠶᠢᠨ ᠤᠨᠠᠯᠲᠠ ᠨᠢ 1081.32 ᠺᠢᠯᠣᠭ᠍ᠷᠡᠮ ᠬᠦᠷᠪᠡ᠃ ᠮᠧᠩ ᠴᠢᠩ ᠯᠢᠨ ᠡᠨᠡ ᠵᠢᠯ ᠨᠡᠶᠢᠲᠡ 7200 ᠮᠦ ᠲᠡᠷᠢᠶ᠎ᠡ ᠲᠠᠷᠢᠵᠤ᠂ ᠡᠷᠳᠡᠨᠢ ᠰᠢᠰᠢ 2000 ᠮᠦ᠂ ᠨᠠᠷᠢᠮᠤ 5200 ᠮᠤ᠋ ᠲᠠᠷᠢᠵᠠᠢ᠃ ᠲᠡᠷᠡ᠂ ᠡᠨᠡ ᠵᠢᠯ ᠤᠨ ᠲᠠᠷᠢᠶᠠᠨ ᠤ ᠤᠨᠠᠯᠲᠠ ᠰᠠᠨᠠᠭᠠᠨ ᠠᠴᠠ ᠭᠠᠲᠠᠭᠤᠷ ᠰᠠᠶᠢᠨ᠂ ᠲᠠᠷᠠᠭ᠎ᠠ ᠵᠢᠯ ᠲᠠᠷᠢᠬᠤ ᠲᠠᠯᠠᠪᠠᠢ ᠪᠠᠨ ᠪᠠᠰᠠ ᠨᠢᠭᠡ ᠤᠳᠠᠭ᠎ᠠ ᠦᠷᠭᠡᠳᠭᠡᠬᠦ ᠶᠢᠨ ᠬᠠᠮᠲᠤ᠂ ᠥᠪᠡᠷ ᠤᠨ ᠳᠤᠷᠰᠢᠯᠭ᠎ᠠ ᠪᠠᠷ ᠢᠶᠠᠨ ᠡᠷᠬᠢᠨ ᠲᠤᠭᠤᠷᠢᠨ ᠤ ᠪᠠᠨ ᠲᠠᠷᠢᠶᠠᠴᠢᠨ ᠡᠷᠦᠭᠡ ᠶᠢ ᠲᠠᠶᠢᠴᠢᠯᠠᠨ ᠳᠠᠭᠠᠭᠤᠯᠵᠤ᠂ ᠬᠠᠮᠳᠤᠪᠠᠷ ᠲᠠᠷᠢᠶᠠᠨ ᠭᠠᠵᠠᠷ ᠤᠨ ᠤᠨᠠᠯᠲᠠ ᠶᠢ ᠨᠡᠮᠡᠭᠳᠡᠭᠦᠯᠦᠨ ᠡᠯᠪᠡᠭ ᠬᠤᠷᠢᠶᠠᠯᠲᠠ ᠤᠯᠬᠤ ᠶᠢ ᠪᠣᠳᠤᠵᠤ ᠪᠠᠶᠢᠨ᠎ᠠ ᠭᠡᠵᠦ ᠤᠷᠮᠠᠳᠠᠶᠢᠬᠠᠨ ᠶᠠᠷᠢᠯ᠎ᠠ᠃
       ᠠᠷᠤ ᠬᠤᠷᠴᠢᠨ ᠬᠤᠰᠢᠭᠤ 2012 ᠣᠨ ᠳᠤ ᠤᠯᠤᠰ ᠤᠨ ᠲᠡᠰ ᠤᠨ ᠠᠮᠤ ᠪᠤᠳᠠᠭᠠᠨ ᠤ ᠲᠣᠮᠣ ᠬᠤᠰᠢᠭᠤ ᠪᠠᠷ ᠦᠨᠡᠯᠡᠭᠳᠡᠵᠤ᠂ ᠠᠮᠤ ᠪᠤᠳᠠᠭᠠᠨ ᠤ ᠤᠨᠠᠯᠲᠠ ᠨᠢ 12 ᠵᠢᠯ ᠲᠠᠷᠠᠭᠠᠯᠠᠨ 10 ᠳ᠋ᠦᠩᠰᠢᠭᠤᠷ ᠵᠢᠩ  ᠠᠴᠠ ᠲᠡᠭᠡᠭᠰᠢ ᠲᠣᠭᠲᠠᠪᠤᠷᠢᠲᠠᠢ ᠪᠠᠶᠢᠯ᠎ᠠ᠃ 2023 ᠣᠨ ᠳᠤ᠂ ᠠᠷᠤ ᠬᠤᠷᠴᠢᠨ ᠬᠤᠰᠢᠭᠤ ᠡᠷᠳᠡᠨᠢ ᠰᠢᠰᠢ ᠶᠢᠨ ᠨᠢᠡᠡᠳᠠ ᠲᠠᠷᠢᠵᠤ ᠲᠣᠬᠢᠷᠠᠭᠤᠯᠤᠨ ᠡᠵᠡᠮᠳᠡᠬᠦ ᠮᠡᠷᠭᠡᠵᠢᠯ ᠢ ᠳᠡᠯᠭᠡᠷᠡᠭᠦᠯᠦᠨ᠂ ᠡᠷᠳᠡᠨᠢ ᠰᠢᠰᠢ ᠶᠢᠨ ᠳᠡᠯᠡᠪᠡᠢ ᠨᠢᠭᠡᠴᠢ ᠶᠢᠨ ᠤᠨᠡᠯᠲᠠ ᠶᠢ ᠲᠡᠭᠡᠭᠰᠢᠯᠡᠭᠦᠯᠬᠦ ᠴᠢᠬᠤᠯᠠ ᠮᠡᠷᠭᠡᠵᠢᠯ ᠤᠨ ᠲᠣᠯᠭᠠᠭᠤᠷᠢᠯᠠᠯ ᠪᠣᠯᠭᠠᠪᠠ᠃ 2024 ᠣᠨ ᠳᠤ᠂ ᠠᠮᠤ ᠲᠣᠰᠤᠨ ᠤ ᠬᠡᠪᠴᠢᠶᠡᠵᠢᠭᠰᠡᠨ ᠲᠠᠷᠢᠮᠠᠯ ᠤᠨ ᠭᠤᠣᠯ ᠴᠤᠭᠴᠠ ᠶᠢᠨ ᠲᠠᠯᠠᠪᠠᠢ ᠨᠢᠭᠡᠴᠢ ᠶᠢᠨ ᠤᠨᠠᠯᠲᠠ ᠶᠢ ᠲᠡᠬᠡᠭᠰᠢᠯᠡᠭᠦᠯᠤᠨ᠂ ᠱᠠᠩᠨᠠᠨ ᠨᠥᠭᠦᠪᠦᠷᠢᠯᠡᠬᠦ ᠲᠦᠷᠤᠯ ᠵᠦᠢᠯ᠂ ᠪᠣᠬᠢᠷᠳᠤᠯ ᠦᠭᠡᠢ ᠦᠨᠳᠤᠷ ᠤᠨᠠᠯᠳᠠᠲᠤ ᠦᠨᠳᠤᠷ ᠦᠷ᠎ᠡ ᠠᠰᠢᠠᠨᠲᠤ ᠲᠦᠷᠤᠯ ᠵᠦᠢᠯ ᠢᠶᠠᠷ ᠪᠦᠬᠦ ᠬᠤᠰᠢᠭᠤᠨ ᠤ ᠡᠷᠳᠡᠨᠢ ᠰᠢᠰᠢ ᠶᠢᠨ  ᠵᠡᠡᠳᠠ ᠲᠠᠷᠢᠵᠤ ᠳᠣᠬᠢᠷᠠᠭᠤᠯᠤᠨ ᠡᠵᠡᠮᠳᠡᠬᠦ ᠮᠡᠷᠭᠡᠵᠢᠯ ᠢ ᠬᠡᠷᠡᠭᠯᠡᠭᠰᠡᠨ ᠲᠠᠷᠢᠶᠠᠨ ᠭᠠᠵᠠᠷ ᠤᠨ ᠳᠠᠯᠡᠪᠡᠢ ᠶᠢ ᠲᠦᠮᠡᠨ ᠮᠦ ᠳᠤ ᠬᠦᠷᠭᠡᠵᠦ᠂ ᠮᠦ ᠪᠦᠷᠢ ᠶᠢᠨ ᠡᠷᠳᠡᠨᠢ ᠰᠢᠰᠢ ᠶᠢᠨ ᠳᠠᠯᠡᠪᠡᠢ ᠨᠢᠭᠡᠴᠢ ᠶᠢᠨ ᠤᠨᠠᠯᠲᠠ ᠶᠢ 150 ᠵᠢᠩ ᠠᠴᠠ ᠳᠡᠭᠡᠭᠰᠢ ᠪᠣᠯᠭᠠᠨ ᠨᠡᠮᠡᠭᠳᠡᠭᠦᠯᠵᠦ᠂ ᠪᠥᠬᠦ ᠬᠤᠰᠢᠭᠤᠨ ᠤ ᠠᠮᠤ ᠪᠤᠳᠠᠭᠠᠨ ᠤ ᠤᠨᠠᠯᠲᠠ ᠶᠢ ᠳᠠᠬᠢᠨ ᠰᠢᠨ᠎ᠡ ᠳᠡᠭᠳᠠᠷ ᠲᠤ ᠭᠠᠷᠭᠠᠬᠤ ᠶᠢ ᠠᠬᠢᠭᠤᠯᠤᠨ᠂ ᠪᠥᠬᠦ ᠤᠯᠤᠰ ᠤᠨ ᠰᠢᠨ᠎ᠡ ᠨᠢᠭᠡ ᠡᠭᠡᠯᠵᠢ ᠶᠢᠨ ᠮᠢᠩᠭᠠᠨ ᠳ᠋ᠦᠩᠰᠢᠭᠤᠷ ᠵᠢᠩ ᠠᠮᠤ ᠪᠤᠳᠠᠭᠠᠨ ᠤ ᠦᠢᠯᠡᠳᠪᠤᠷᠢᠯᠠᠯ ᠤᠨ ᠴᠢᠳᠠᠪᠤᠷᠢ ᠶᠢ ᠳᠡᠭᠡᠭᠰᠢᠯᠡᠭᠦᠯᠬᠦ ᠠᠵᠢᠯᠯᠠᠭ᠎ᠠ ᠳᠤ ᠠᠮᠤ ᠪᠤᠳᠠᠭᠠᠨ ᠤ ᠭᠠᠷᠤᠯᠲᠠ ᠶᠡᠬᠡᠲᠡᠢ ᠬᠤᠰᠢᠭᠤ ᠶᠢᠨ ᠬᠠᠷᠢᠭᠤᠴᠠᠯᠭ᠎ᠠ ᠡᠭᠦᠷᠭᠡᠯᠡᠯ ᠢᠶᠠᠨ ᠭᠦᠢᠴᠡᠳᠭᠡᠨ ᠨᠡᠮᠡᠷᠢ ᠡᠷᠭᠦᠪᠡ᠃ ︵ ᠶᠢᠨ ᠵᠦ᠂ ᠰᠠᠷᠠᠡᠬᠤᠸᠠᠷ︶
 
ᠢᠷᠡᠯᠲᠡ᠄ ᠠᠷᠣ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号