ᠨᠡᠯᠠᠭᠠᠷ ᠰᠠᠶᠢᠬᠠᠨ ᠡᠬᠡ ᠣᠷᠣᠨ ᠮᠢᠨᠢ᠂ ᠨᠠᠮᠤᠷ ᠤᠨ ᠦᠩᠭᠡ ᠪᠠᠷ ᠰᠢᠷᠭᠠᠯᠳᠤᠵᠤ᠂ ᠨᠠᠷᠮᠠᠢ ᠤᠯᠠᠨ | ᠮᠠᠯᠴᠢᠨ ᠲᠦᠮᠡᠨ ᠡᠯᠪᠡᠭ ᠬᠤᠷᠢᠶᠠᠯᠲᠠ ᠪᠠᠷ ᠢᠶᠠᠨ ᠪᠠᠶᠠᠰᠤᠭᠰᠠᠨ ᠠᠯᠲᠠᠨ ᠨᠠᠮᠤᠷ ᠤᠨ 10 ᠰᠠᠷ᠎ᠠ ᠶᠢᠨ 3 ᠤ ᠡᠳᠤᠷ | ᠠᠯᠲᠠᠨ ᠨᠠᠷᠠᠨ ᠤ ᠰᠠᠴᠣᠷᠠᠭ ᠢᠶᠠᠷ ᠪᠢᠯᠢᠭ ᠤᠨ ᠲᠣᠤᠯᠢ ᠬᠠᠶᠢᠯᠬᠠᠰᠡᠨ᠂ ᠡᠬᠡ ᠨᠤᠳᠤᠭ ᠤᠨ ᠰᠣᠶᠣᠯ ᠤᠨ ᠭᠤᠯᠤᠮᠳᠠ | ᠪᠣᠯᠤᠭᠰᠠᠨ ᠵᠢᠭᠠᠰᠤᠲᠠᠢ ᠰᠤᠷᠭᠠᠭᠤᠯᠢ ᠨᠢ ᠠᠭᠤᠤ ᠶᠡᠭᠡ ᠡᠬᠡ ᠤᠯᠤᠰ ᠪᠠᠶᠢᠭᠤᠯᠤᠭᠳᠠᠭᠰᠠᠨ 75 ᠵᠢᠯ ᠤᠨ ᠣᠢ | ᠵᠢᠴᠢ ᠰᠤᠷᠭᠠᠭᠤᠯᠢ ᠪᠠᠶᠢᠭᠤᠯᠤᠭᠳᠠᠭᠰᠠᠨ 80 ᠵᠢᠯ ᠤᠨ ᠣᠢ ᠶᠢᠨ ᠪᠠᠶᠠᠷ ᠢᠶᠠᠨ ᠨᠢᠵᠢᠭᠡᠷ ᠰᠠᠶᠢᠬᠠᠨ ᠲᠡᠮᠳᠡᠭᠯᠡᠵᠠᠢ᠃ | | | | ᠢᠳᠡᠭᠡᠯ ᠬᠦᠰᠡᠯ ᠤᠨ ᠢᠶᠠᠨ ᠲᠤᠷᠭᠠᠨ ᠵᠢᠯᠤᠭᠤ ᠶᠢ ᠰᠤᠩᠭᠠᠵᠤ᠂ ᠡᠷᠳᠡᠮ ᠤᠨ ᠬᠠᠷᠭᠤᠢ ᠳᠤ ᠰᠣᠶᠣᠯ ᠤᠨ | ᠭᠠᠯ ᠢᠶᠠᠨ ᠲᠦᠷᠡᠯᠵᠡᠭᠦᠯᠵᠦ᠂ ᠦᠢᠯᠡᠰ ᠪᠦᠳᠦᠭᠡᠯ ᠤᠨ ᠢᠶᠠᠨ ᠬᠡᠶᠢᠮᠦᠷᠢ ᠰᠦᠯᠲᠡ ᠪᠠᠨ ᠬᠢᠯᠠᠯᠵᠠᠭᠤᠯᠤᠨ ᠨᠤᠲᠤᠭ | ᠤᠰᠤᠨ ᠤ ᠪᠠᠨ ᠰᠠᠭᠤᠷᠢ ᠰᠤᠷᠭᠠᠨ ᠬᠦᠮᠤᠵᠢᠯ ᠤᠨ ᠲᠦᠯᠥᠭᠡ ᠬᠤᠰᠢᠭᠤᠴᠢᠯᠠᠨ ᠢᠷᠡᠭᠰᠠᠨ ᠵᠢᠭᠠᠰᠤᠲᠠᠢ ᠰᠤᠷᠭᠠᠭᠤᠯᠢ | ᠨᠢ ᠰᠤᠷᠭᠠᠭᠤᠯᠢ ᠪᠠᠶᠢᠭᠤᠯᠤᠭᠳᠠᠭᠰᠠᠨ 80 ᠵᠢᠯ ᠤᠨ ᠣᠢ ᠶᠢᠨ ᠦᠤᠭᠡ ᠲᠡᠤᠬᠡ ᠶᠢᠨ ᠬᠠᠭᠤᠴᠢ ᠳᠡᠯᠭᠡᠵᠦ᠂ 80 | ᠵᠢᠯ ᠤᠨ ᠡᠷᠢᠯ ᠬᠥᠬᠡᠭᠡᠴᠡᠯᠳᠤᠯ ᠤᠨ ᠠᠶᠠᠨ ᠢᠶᠠᠨ ᠲᠤᠭᠤᠯᠵᠤ ᠢᠷᠡᠭᠰᠡᠨ ᠲᠤᠷᠠᠰᠤᠮᠵᠢ ᠪᠦᠬᠦᠨ ᠢᠶᠠᠨ ᠣᠯᠠᠨ | ᠲᠦᠮᠡᠨ ᠤ ᠪᠠᠨ ᠭᠡᠭᠡᠨ ᠮᠠᠯᠮᠠᠢ᠂ ᠠᠯᠲᠠᠨ ᠰᠣᠨᠣᠷ ᠲᠤ ᠬᠦᠷᠭᠡᠯ᠎ᠡ᠃ ᠵᠢᠭᠠᠰᠤᠲᠠᠢ ᠰᠤᠷᠭᠠᠭᠤᠯᠢ ᠪᠠᠶᠢᠭᠤᠯᠤᠭᠳᠠᠭᠰᠠᠨ | 80 ᠵᠢᠯ ᠤᠨ ᠣᠢ ᠢ ᠪᠡᠯᠭᠡᠯᠡᠬᠦ ᠠᠵᠢᠯᠯᠠᠭᠠᠨ ᠳᠤ ᠵᠢᠭᠠᠰᠤᠲᠠᠢ ᠨᠤᠳᠤᠭ ᠤᠨ ᠰᠤᠷᠭᠠᠨ ᠬᠥᠮᠤᠵᠢᠯ ᠤᠨ ᠦᠢᠯᠡᠰ ᠲᠤ | ᠬᠦᠴᠦᠨ ᠵᠢᠳᠭᠦᠯ ᠢᠶᠠᠨ ᠦᠵᠡᠭᠦᠯᠵᠦ ᠲᠡᠮᠵᠢᠭᠰᠡᠭᠡᠷ ᠢᠷᠡᠭᠰᠡᠨ ᠦᠶ᠎ᠡ ᠦᠶ᠎ᠡ ᠶᠢᠨ ᠤᠳᠤᠷᠢᠳᠤᠯᠭ᠎ᠠ᠂ ᠪᠠᠭᠰᠢ | ᠠᠵᠢᠯᠲᠠᠨ ᠵᠢᠴᠢ ᠨᠡᠶᠢᠭᠡᠮ ᠤᠨ ᠡᠯ᠎ᠡ ᠡᠳᠡᠭᠡᠳ ᠤᠨ ᠮᠢᠩᠭ᠎ᠠ ᠭᠠᠷᠤᠢ ᠬᠦᠮᠤᠰ ᠨᠤᠳᠤᠭ ᠨᠤᠳᠤᠭ ᠠᠴᠠ ᠬᠦᠷᠣᠯᠴᠠᠨ | ᠢᠷᠡᠵᠤ ᠣᠷᠣᠯᠴᠬᠠᠰᠡᠨ ᠪᠠᠶᠢᠨ᠎ᠠ᠃ | | | | ᠡᠳᠤᠷ ᠰᠠᠷ᠎ᠠ ᠶᠢᠨ ᠦᠩᠭᠡᠷᠡᠬᠦ ᠢᠨᠤ ᠤᠰᠤᠨ ᠤ ᠣᠷᠣᠰᠬᠠᠯ ᠮᠡᠳᠣ ᠲᠦᠷᠭᠡᠨ᠃ ᠬᠤᠰᠢᠭᠤᠨ ᠨᠠᠮ ᠵᠠᠰᠠᠭ | ᠪᠣᠯᠣᠨ ᠰᠤᠷᠭᠠᠨ ᠬᠦᠮᠤᠵᠢᠯ ᠤᠨ ᠲᠣᠪᠴᠢᠶ᠎ᠠ ᠶᠢᠨ ᠬᠦᠴᠦᠲᠡᠢ ᠲᠠᠮᠵᠢᠯᠭᠡ᠂ ᠵᠥᠪ ᠤᠨᠣᠪᠴᠢᠲᠠᠢ | ᠤᠳᠤᠷᠢᠳᠤᠯᠭ᠎ᠠ ᠶᠢᠨ ᠲᠣᠣᠷ᠎ᠠ᠂ ᠤᠲᠠᠨ ᠨᠤᠳᠤᠭ ᠤᠨ ᠰᠣᠶᠣᠯ ᠰᠤᠷᠭᠠᠨ ᠬᠦᠮᠤᠵᠢᠯ ᠤᠨ ᠠᠯᠲᠠᠨ ᠭᠤᠯᠤᠮᠲᠠ | ᠪᠣᠯᠤᠭᠰᠠᠨ ᠵᠢᠭᠠᠰᠤᠲᠠᠢ ᠰᠤᠷᠭᠠᠭᠤᠯᠢ ᠨᠢ 80 ᠵᠢᠯ ᠤᠨ ᠬᠡᠷᠡᠯ ᠰᠡᠴᠤᠷᠠᠩᠭᠤᠢ ᠲᠡᠤᠬᠡᠨ ᠶᠠᠪᠤᠴᠠ ᠶᠢ ᠦᠩᠭᠡᠷᠡᠭᠦᠯᠵᠤ | ᠢᠷᠡᠭᠰᠡᠨ ᠶᠤᠮ᠃ 80 ᠵᠢᠯ ᠤᠨ ᠰᠠᠡᠯᠬᠢ ᠪᠤᠷᠤᠭᠠᠨ ᠢ ᠦᠩᠭᠡᠷᠡᠭᠦᠯᠵᠦ᠂ 80 ᠵᠢᠯ ᠡᠷᠡᠮᠡᠭᠡᠶᠢᠯᠡᠨ ᠣᠷᠣᠡᠡᠰᠢᠯᠬᠠᠰᠡᠨ | ᠵᠢᠭᠠᠰᠤᠲᠠᠢ ᠰᠤᠷᠭᠠᠭᠤᠯᠢ ᠨᠢ ᠰᠤᠷᠭᠠᠭᠤᠯᠢ ᠪᠠᠶᠢᠭᠤᠯᠤᠭᠳᠠᠭᠰᠠᠨ ᠡᠬᠢᠨ ᠤ ᠦᠶ᠎ᠡ ᠳᠤ ᠭᠤᠷᠪᠠᠨ ᠪᠠᠭᠰᠢ᠂ ᠳᠠᠪᠢᠨ | ᠨᠠᠢᠮᠠᠨ ᠰᠣᠷᠣᠭᠴᠢ ᠲᠠᠢ ᠪᠠᠶᠢᠬᠭᠰᠠᠨ ᠠᠴᠠ ᠪᠠᠨ ᠬᠥᠭᠵᠢᠭᠡᠳ 2005 ᠣᠨ ᠳᠤ 130 ᠭᠠᠷᠤᠢ ᠪᠠᠭᠰᠢ | ᠠᠵᠢᠯᠲᠠᠨ᠂ 1300 ᠢᠯᠡᠭᠦᠦ ᠰᠣᠷᠣᠭᠴᠢ ᠲᠠᠢ ᠪᠣᠯᠤᠭᠰᠠᠨ ᠢᠷᠠᠭᠤ ᠠᠯᠳᠠᠷᠲᠤ ᠲᠡᠤᠬᠡ ᠲᠠᠢ ᠶᠤᠮ᠃ 21 ᠳ᠋ᠣᠭᠡᠷ | ᠵᠠᠭᠤᠨ ᠳᠤ ᠣᠷᠣᠭᠰᠠᠨ ᠤ ᠳᠠᠷᠷᠠᠭᠠ᠂ ᠨᠠᠮ ᠪᠠ ᠵᠠᠰᠠᠭ ᠤᠨ ᠤᠷᠳᠤᠨ ᠤ ᠵᠥᠪ ᠣᠨᠣᠪᠴᠢᠲᠠᠢ᠂ ᠪᠠᠲᠤ ᠴᠢᠩᠭ᠎ᠠ | ᠤᠳᠤᠷᠢᠳᠤᠯᠭ᠎ᠠ ᠵᠢᠴᠢ ᠰᠤᠷᠭᠠᠨ ᠬᠥᠮᠤᠵᠢᠯ ᠤᠨ ᠲᠣᠪᠴᠢᠶᠠᠨ ᠤ ᠬᠦᠴᠦᠲᠠᠢ ᠲᠠᠮᠵᠢᠯᠭᠡ ᠪᠠᠷ ᠰᠤᠷᠭᠠᠭᠤᠯᠢ ᠶᠢᠨ | ᠬᠠᠲᠠᠭᠤ ᠲᠣᠨᠤᠭ ᠲᠦᠬᠦᠭᠡᠷᠤᠮᠵᠢ ᠲᠠᠰᠤᠷᠠᠯᠲᠠ ᠦᠭᠡᠢ ᠲᠡᠭᠦᠯᠳᠠᠷᠵᠢᠵᠤ᠂ ᠵᠢᠭᠠᠨ ᠰᠤᠷᠭᠠᠯᠲᠠ ᠶᠢᠨ ᠶᠠᠰᠤ ᠴᠢᠨᠠᠷ | ᠲᠠᠰᠤᠷᠠᠯᠲᠠ ᠦᠭᠡᠢ ᠲᠡᠭᠡᠭᠰᠢᠯᠠᠨ᠂ ᠬᠡᠪ ᠴᠢᠨᠠᠷ ᠤᠨ ᠰᠤᠷᠭᠠᠨ ᠬᠦᠮᠤᠵᠢᠯ ᠪᠥᠬᠦ ᠲᠠᠯ᠎ᠠ ᠪᠠᠷ ᠲᠤᠭᠤᠰᠢᠯᠬᠠᠳᠡᠵᠤ᠂ | ᠰᠤᠷᠭᠠᠭᠤᠯᠢ ᠡᠷᠬᠢᠯᠡᠬᠦ ᠨᠥᠭᠦᠴᠡᠯ ᠡᠳᠤᠷ ᠢᠷᠡᠭᠦᠶ᠎ᠡ ᠰᠠᠶᠢᠵᠢᠷᠬᠠᠰᠡᠨ ᠪᠠᠶᠢᠨ᠎ᠡ᠃ ᠦᠶ᠎ᠡ ᠦᠶ᠎ᠡ ᠶᠢᠨ ᠬᠥᠮᠤᠰ ᠤᠨ | ᠴᠥᠭᠦᠷᠡᠰᠢ ᠦᠭᠡᠢ ᠴᠢᠷᠮᠠᠶᠢᠯᠭ᠎ᠠ ᠪᠠᠷ ᠣᠳᠣ ᠲᠣᠰ ᠰᠤᠷᠭᠠᠭᠤᠯᠢ ᠨᠢ ᠲᠦᠭᠦᠭᠡᠷᠤᠮᠵᠢ ᠪᠦᠷᠢᠨ ᠲᠡᠭᠦᠯᠲᠠᠷ᠂ ᠴᠢᠳᠠᠮᠵᠢ | ᠪᠦᠷᠢᠨ ᠪᠠᠷᠢᠮᠵᠢᠶᠠᠵᠢᠭᠰᠠᠨ ᠰᠤᠷᠭᠠᠭᠤᠯᠢ ᠪᠣᠯᠵᠠᠢ᠃ | | | | ᠡᠶᠢᠡᠬᠦ ᠵᠢᠭᠠᠰᠤᠲᠠᠢ ᠰᠤᠷᠭᠠᠭᠤᠯᠢ ᠨᠢ ᠤᠮᠠᠷᠠᠲᠤ ᠶᠢᠨ ᠬᠢᠯᠢ ᠶᠢᠨ ᠰᠣᠶᠣᠯ ᠢ ᠤᠯᠠᠮᠵᠢᠯᠠᠨ ᠳᠡᠯᠭᠡᠷᠡᠭᠦᠯᠵᠤ᠂ | ᠰᠤᠷᠭᠠᠨ ᠬᠦᠮᠤᠵᠢᠯᠲᠠᠨ ᠤ ᠵᠣᠷᠢᠭ ᠰᠠᠨᠠᠭ᠎ᠠ ᠶᠢ ᠶᠡᠭᠡ ᠪᠠᠷ ᠪᠠᠲᠠᠷᠠᠭᠤᠯᠵᠤ ᠤᠯᠠᠮᠵᠢᠯᠠᠬᠤ ᠶᠢᠨ ᠲᠦᠯᠤᠭᠡ ᠰᠤᠷᠭᠠᠭᠤᠯᠢ | ᠪᠠᠶᠢᠭᠤᠯᠣᠡᠡᠳ᠋ᠬᠠᠰᠡᠨ 80 ᠵᠢᠯ ᠤᠨ ᠣᠢ ᠳᠤ ᠪᠠᠨ ᠮᠠᠰᠢ ᠣᠯᠠᠨ ᠤᠳᠬ᠎ᠠ ᠠᠭᠤᠯᠭ᠎ᠠ ᠲᠠᠢ ᠠᠵᠢᠯᠯᠠᠭᠠᠨ ᠢ | ᠶᠠᠪᠤᠭᠳᠠᠭᠤᠯᠤᠭᠰᠠᠨ ᠪᠠᠶᠢᠨ᠎ᠠ᠃ ᠪᠦᠬᠦᠶᠢᠯᠡ ᠶᠣᠰᠤᠯᠠᠯ ᠠᠷᠪᠠᠨ ᠨᠢᠭᠡᠨ ᠠᠭᠤᠯᠭ᠎ᠠ ᠪᠠᠷ ᠶᠠᠪᠤᠭᠳᠠᠵᠤ᠂ ᠶᠣᠰᠣᠯᠠᠯ ᠤᠨ | ᠵᠢᠭᠰᠠᠭᠠᠯ ᠡᠩᠨᠡᠭᠡ ᠶᠢ ᠦᠪᠣᠷ ᠮᠤᠩᠭᠤᠯ ᠤᠷᠣᠨ ᠤ ᠨᠠᠷᠠᠲᠤ ᠬᠦᠳᠤᠯᠤᠭ᠍ᠴᠢ ᠰᠠᠶᠢᠨ᠎ᠠ ᠨᠥᠬᠦᠷ ᠤᠳᠤᠷᠢᠳᠤᠭᠠᠵᠤ᠂ | 1950 - 2015 ᠣᠨ ᠬᠦᠷᠳᠡᠯᠡᠬᠢ ᠵᠢᠭᠠᠰᠤᠲᠠᠢ ᠰᠤᠷᠭᠠᠭᠤᠯᠢ ᠳᠤ ᠰᠣᠷᠤᠯᠴᠠᠵᠤ ᠦᠡᠭᠭᠡᠷᠡᠭᠰᠡᠨ ᠦᠶ᠎ᠡ | ᠦᠶ᠎ᠡ ᠶᠢᠨ ᠰᠤᠷᠣᠭᠴᠢᠳ ᠤᠨ ᠲᠦᠯᠥᠭᠡᠯᠡᠭᠴᠢᠳ ᠬᠦᠷᠤᠯᠴᠡᠨ ᠢᠷᠡᠵᠦ ᠵᠢᠭᠰᠠᠭᠠᠯ ᠡᠩᠨᠡᠭᠡ ᠳᠤ ᠣᠷᠣᠯᠴᠬᠠᠰᠡᠨ | ᠮᠥᠷᠲᠡᠭᠡᠨ ᠰᠢᠶᠠᠨ ᠹᠧᠩ ᠰᠤᠷᠭᠠᠭᠤᠯᠢ᠂ ᠬᠠᠨ ᠠᠭᠤᠯᠠ ᠪᠠᠭ᠎ᠠ ᠰᠤᠷᠭᠠᠭᠤᠯᠢ᠂ ᠰᠠᠶᠢᠬᠠᠡᠳᠠᠯᠠ ᠪᠠᠭ᠎ᠠ ᠰᠤᠷᠭᠠᠭᠤᠯᠢ᠂ | ᠱᠤᠸᠠᠩ ᠱᠧᠩ ᠰᠤᠷᠭᠠᠭᠤᠯᠢ ᠪᠠ ᠵᠢᠭᠠᠰᠤᠲᠠᠢ ᠨᠢᠭᠡᠳᠦᠭᠡᠷ ᠪᠠᠭ᠎ᠠ ᠰᠤᠷᠭᠠᠭᠤᠯᠢ ᠶᠢᠨ ᠰᠣᠷᠣᠭᠴᠢᠳ ᠢᠶᠠᠷ | ᠪᠦᠷᠢᠯᠳᠦᠭᠰᠡᠨ᠂ ᠠᠨᠠᠷ ᠤᠨ ᠦᠷ᠎ᠡ ᠰᠢᠭ ᠨᠢᠭᠲᠠᠷᠠᠨ ᠪᠠᠷᠢᠯᠳᠤᠭᠰᠠᠨ ᠦᠨᠳᠦᠰᠣᠲᠠᠨ ᠤ ᠪᠦᠯᠭᠦᠮᠳᠡᠯ ᠤᠨ ᠡᠩᠨᠡᠭᠡ | ᠵᠢᠭᠰᠠᠭᠠᠯ ᠣᠷᠣᠵᠤ ᠦᠵᠡᠭᠴᠢᠳ ᠤᠨ ᠰᠡᠣᠡᠬᠢᠯ ᠤᠨ ᠬᠦᠪᠴᠢ ᠶᠢ ᠲᠣᠷᠬᠢᠭᠤᠯᠵᠡᠢ᠃ | | | | | | ᠠᠷᠤ ᠬᠤᠷᠴᠢᠨ ᠬᠤᠰᠢᠭᠤᠨ ᠤ ᠰᠤᠷᠭᠠᠨ ᠬᠥᠮᠥᠵᠢᠯ ᠤᠨ ᠲᠣᠪᠴᠢᠶᠠᠨ ᠤ ᠲᠣᠪᠴᠢᠶᠠᠨ ᠳᠠᠷᠤᠭ᠎ᠠ | ᠡᠷᠳᠡᠮᠲᠤ ᠨᠥᠬᠦᠷ ᠠᠴᠠ ᠶᠣᠰᠣᠯᠠᠯ ᠡᠬᠢᠯᠡᠭᠰᠡᠨ ᠢ ᠵᠠᠷᠯᠡᠵᠦ᠂ ᠵᠢᠭᠠᠰᠤᠲᠠᠢ ᠨᠢᠭᠡᠳᠦᠭᠡᠷ ᠪᠠᠭ᠎ᠠ ᠰᠤᠷᠭᠠᠭᠤᠯᠢ ᠶᠢᠨ | ᠨᠠᠮ ᠤᠨ ᠡᠭᠦᠷ ᠤᠨ ᠱᠦᠵᠢ᠂ ᠵᠠᠬᠢᠷᠤᠯ ᠯᠢ ᠰᠢᠨ ᠨᠥᠬᠦᠷ ᠠᠴᠠ ᠤᠭᠲᠤᠯᠭ᠎ᠠ ᠶᠢᠨ ᠦᠭᠡ ᠲᠡᠪᠰᠢᠭᠦᠯᠵᠤ᠂ | ᠠᠬᠠᠮᠠᠳ ᠵᠠᠬᠢᠷᠤᠯ ᠤᠨ ᠲᠦᠯᠥᠭᠡᠯᠡᠭᠴᠢ ᠪᠠᠶᠠᠡᠪᠤᠯᠠᠭ ᠨᠦᠬᠦᠷ ᠠᠴᠠ ᠪᠠᠶᠠᠷ ᠤᠨ ᠦᠭᠡ ᠶᠠᠷᠢᠨ᠂ ᠵᠢᠭᠠᠰᠤᠲᠠᠢ | ᠰᠤᠷᠭᠠᠭᠤᠯᠢ ᠠᠴᠠ ᠲᠡᠭᠦᠰᠦᠭᠰᠡᠨ ᠰᠤᠷᠤᠭᠴᠢᠳ ᠤᠨ ᠲᠦᠯᠥᠭᠡᠯᠡᠭᠴᠢ ᠰᠠᠶᠢᠨ᠎ᠠ ᠨᠥᠬᠦᠷ ᠠᠴᠠ ᠡᠬᠡ | ᠰᠤᠷᠭᠠᠭᠤᠯᠢ ᠳᠤ ᠪᠠᠨ ᠪᠠᠶᠠᠷ ᠤᠨ ᠦᠭᠡ ᠲᠡᠪᠰᠢᠭᠦᠯᠦᠭᠰᠡᠨ ᠪᠠᠶᠢᠨ᠎ᠠ᠃ | | | | ᠵᠢᠭᠠᠰᠤᠲᠠᠢ ᠰᠤᠷᠭᠠᠭᠤᠯᠢ ᠪᠠᠶᠢᠭᠤᠯᠤᠭᠳᠠᠭᠰᠠᠨ 80 ᠵᠢᠯ ᠤᠨ ᠣᠢ ᠶᠢ ᠪᠡᠯᠭᠡᠯᠡᠬᠦ ᠠᠵᠢᠯᠯᠠᠭᠠᠨ ᠢᠶᠠᠷ 80 | ᠨᠠᠰᠤᠲᠠᠢ ᠰᠠᠨᠴᠢᠭ ᠪᠣᠭᠤᠷᠤᠯ ᠠᠬᠠᠮᠠᠳ᠂ ᠭᠠᠪᠢᠶᠠᠲᠤ ᠵᠠᠬᠢᠷᠤᠯ ᠵᠠᠳᠤᠩᠭᠠ ᠵᠡᠷᠭᠡ ᠦᠶ᠎ᠡ ᠦᠶ᠎ᠡ ᠶᠢᠨ ᠲᠣᠯᠣᠭᠠᠨ | ᠨᠡᠷ᠎ᠡ ᠵᠠᠬᠢᠷᠤᠯ ᠳᠤ ᠭᠠᠪᠢᠶᠠᠨ ᠲᠡᠮᠳᠡᠭ ᠵᠡᠭᠦᠯᠭᠡᠨ᠂ ᠰᠤᠷᠭᠤᠭ ᠴᠡᠴᠡᠭ ᠪᠡᠯᠡᠭᠯᠡᠭᠰᠡᠨ ᠮᠥᠷᠳᠡᠭᠡᠨ ᠵᠢᠭᠠᠰᠤᠲᠠᠢ | ᠰᠤᠷᠭᠠᠭᠤᠯᠢ ᠶᠢᠨ ᠬᠥᠭᠵᠢᠨ ᠴᠡᠴᠡᠭᠯᠡᠯᠲᠡ ᠳᠤ ᠬᠦᠯᠤᠰᠤᠨ ᠲᠣᠰᠣᠯ ᠢᠶᠠᠨ ᠰᠢᠩᠬᠡᠭᠡᠵᠦ ᠢᠷᠡᠭᠰᠡᠨ ᠰᠧᠷᠠᠩᠨᠠᠣᠡᠮᠢᠤᠨ᠂ | ᠴᠡᠩᠭᠡᠯᠲᠤ ᠵᠡᠷᠭᠡ ᠠᠬᠠᠮᠠᠳ ᠪᠠᠭᠰᠢ ᠨᠠᠷ ᠲᠤ ᠪᠠᠨ ᠰᠤᠷᠭᠤᠭ ᠴᠡᠴᠡᠭ ᠪᠡᠯᠡᠭᠯᠡᠵᠤ᠂ ᠰᠣᠶᠣᠯ ᠭᠡᠭᠡᠷᠡᠯ ᠤᠨ | ᠦᠢᠯᠡᠰ ᠤᠨ ᠲᠦᠯᠦᠭᠡ ᠵᠢᠷᠦᠭᠡᠨ ᠲᠠᠮᠢᠷ ᠢᠶᠠᠨ ᠰᠢᠪᠬᠠᠵᠤ ᠢᠷᠡᠭᠰᠡᠨ ᠵᠢᠳᠭᠦᠯ ᠭᠠᠪᠢᠶ᠎ᠡ ᠶᠢ ᠨᠢ ᠦᠨᠳᠤᠷ | ᠦᠨᠡᠯᠡᠭᠰᠡᠨ ᠪᠠᠶᠢᠨ᠎ᠠ᠃ | | | | ᠮᠥᠨ ᠴᠤ ᠲᠣᠰ ᠤᠳᠠᠭᠠᠨ ᠤ ᠠᠵᠢᠯᠯᠠᠭᠠᠨ ᠤ ᠬᠦᠮᠤᠰ ᠤᠨ ᠰᠡᠳᠭᠢᠯ ᠢ ᠬᠥᠳᠡᠯᠭᠡᠮ᠎ᠡ ᠬᠢᠯᠡᠰ ᠴᠡᠭ | ᠪᠣᠯᠤᠭᠰᠠᠨ ᠨᠢ ᠡᠬᠡ ᠰᠤᠷᠭᠠᠭᠤᠯᠢ ᠶᠢᠨ ᠢᠶᠠᠨ ᠪᠠᠶᠢᠭᠤᠯᠤᠭᠳᠠᠭᠰᠠᠨ 80 ᠵᠢᠯ ᠤᠨ ᠣᠢ ᠳᠤ᠂1980 ᠣᠨ ᠳᠤ | ᠲᠡᠭᠦᠰᠦᠭᠰᠡᠨ ᠰᠣᠷᠣᠭᠴᠢᠳ ᠠᠴᠠ 80 ᠬᠦᠮᠤᠨ ᠢᠶᠠᠷ ᠪᠦᠷᠢᠯᠳᠤᠭ᠍ᠰᠠᠨ ᠵᠢᠭᠰᠠᠭᠠᠯ ᠡᠩᠨᠡᠭᠡ ᠲᠠᠯᠡᠪᠠᠢ ᠳᠤ ᠣᠷᠣᠵᠤ᠂ | 80 ᠨᠠᠰᠤ ᠲᠠᠢ ᠠᠬᠠᠮᠠᠳ ᠠᠩᠬᠢ ᠡᠷᠬᠢᠯᠡᠭᠴᠢ ᠵᠠᠳᠤᠩᠭᠠ ᠪᠠᠭᠰᠢ ᠳᠤ ᠪᠠᠨ ᠰᠤᠷᠭᠤᠭ ᠴᠡᠴᠡᠭ ᠬᠦᠷᠭᠡᠵᠦ᠂ | ᠦᠷ᠎ᠡ ᠪᠠᠨ ᠰᠢᠭ ᠡᠩᠭᠦᠷᠡᠶᠢᠯᠠᠵᠤ ᠶᠠᠪᠤᠭᠰᠠᠨ ᠦᠨᠳᠤᠷ ᠠᠴᠢ ᠶᠢ ᠨᠢ ᠳᠤᠷᠠᠰᠬᠠᠨ ᠪᠠᠶᠠᠰᠬᠠᠡᠡᠰᠡᠨ ᠪᠠᠶᠢᠭ᠎ᠠ᠃ | ᠵᠢᠭᠠᠰᠤᠲᠠᠢ ᠰᠤᠷᠭᠠᠭᠤᠯᠢ ᠪᠠᠶᠢᠭᠤᠯᠤᠭᠳᠠᠭᠰᠠᠨ 80 ᠵᠢᠯ ᠤᠨ ᠣᠢ ᠶᠢ ᠪᠡᠯᠭᠡᠯᠡᠬᠦ ᠶᠣᠰᠤᠯᠠᠯ ᠳᠤ | ᠵᠢᠭᠠᠰᠤᠲᠠᠢ ᠰᠤᠷᠭᠠᠭᠤᠯᠢ ᠨᠢ ᠰᠤᠷᠭᠠᠭᠤᠯᠢ ᠪᠠᠶᠢᠭᠤᠯᠣᠡᠡᠳ᠋ᠬᠠᠰᠡᠨ 80 ᠵᠢᠯ ᠤᠨ ᠣᠢ ᠳᠤ ᠵᠣᠷᠢᠭᠤᠯᠤᠭᠰᠠᠨ | ᠡᠮᠬᠢᠳᠭᠡᠯ ᠢᠶᠠᠨ ᠰᠡᠭᠦᠬᠦ ᠭᠤᠴᠤ ᠠᠵᠢᠯᠯᠠᠭᠠᠨ ᠶᠠᠪᠤᠭᠤᠯᠵᠤ᠂ ᠰᠤᠷᠭᠠᠨ ᠬᠦᠮᠤᠵᠢᠯ ᠤᠨ ᠲᠣᠪᠴᠢᠶᠠᠨ ᠤ ᠠᠬᠠᠮᠠᠳ | ᠤᠳᠤᠷᠢᠳᠤᠯᠭ᠎ᠠ ᠰᠧᠷᠠᠩᠸᠡᠩᠵᠢᠯ ᠨᠦᠬᠦᠷ᠂ ᠵᠢᠭᠠᠰᠣᠳᠡᠢ ᠪᠠᠯᠭᠠᠰᠤᠨ ᠤ ᠨᠠᠮ ᠤᠨ ᠬᠤᠷᠢᠶᠠᠨ ᠤ ᠱᠦᠵᠢ ᠸᠧᠢ ᠸᠧᠢ | ᠨᠥᠭᠦᠷ᠂ ᠨᠣᠮ ᠤᠨ ᠶᠡᠷᠤᠩᠬᠡᠢ ᠨᠠᠶᠢᠷᠠᠭᠤᠯᠤᠭᠴᠢ ᠯᠢ ᠰᠢᠨ᠂ ᠭᠤᠣᠯᠠᠯᠨ ᠨᠡᠶᠢᠷᠠᠭᠤᠯᠤᠭᠴᠢ ᠦᠯᠵᠡᠶᠢᠳᠡᠯᠭᠡᠷ | ᠨᠠᠷ ᠠᠴᠠ ᠡᠮᠬᠢᠳᠭᠡᠯ ᠢ ᠰᠡᠭᠦᠵᠦ᠂ ᠬᠤᠷᠬᠠᠰᠡᠨ ᠤᠯᠠᠨ ᠤ ᠰᠡᠳᠭᠢᠯ ᠢ ᠬᠦᠳᠡᠯᠭᠡᠨ᠂ ᠬᠠᠯᠠᠭᠤᠨ ᠠᠯᠠᠭ᠎ᠠ | ᠲᠡᠰᠢᠯᠲᠡ ᠶᠢ ᠬᠦᠷᠲᠡᠭᠰᠡᠨ ᠪᠠᠶᠢᠨ᠎ᠠ᠃ | | | | ᠲᠣᠰ ᠤᠳᠠᠭᠠᠨ ᠤ ᠠᠵᠢᠯᠯᠠᠭᠠᠨ ᠳᠤ ᠬᠤᠰᠢᠭᠤᠨ ᠤ ᠤᠯᠠᠭᠠᠡᠮᠦ᠋ᠴᠢᠷ᠂ ᠲᠣᠰ ᠰᠤᠷᠭᠠᠭᠤᠯᠢ ᠠᠴᠠ | ᠲᠡᠭᠦᠰᠦᠭᠰᠡᠨ ᠰᠣᠷᠣᠭᠴᠢᠳ ᠤᠨ ᠲᠦᠯᠣᠭᠡᠯᠡᠭᠴᠢ᠂ ᠵᠢᠭᠠᠰᠤᠲᠠᠢ ᠨᠢᠭᠡᠳᠦᠭᠡᠷ ᠪᠠᠭ᠎ᠠ ᠰᠤᠷᠭᠠᠭᠤᠯᠢ ᠶᠢᠨ ᠪᠠᠭᠰᠢ | ᠰᠣᠷᠣᠭᠴᠢᠳ ᠠᠴᠠ ᠤᠷᠠᠨ ᠰᠠᠶᠢᠬᠠᠨ ᠤ ᠲᠤᠭᠯᠠᠯᠲᠠ ᠰᠣᠨᠢᠷᠬᠠᠭᠤᠯᠵᠤ ᠤᠯᠠᠨ ᠤ ᠬᠠᠯᠠᠭᠤᠨ ᠳᠠᠭᠠᠰᠢᠶᠠᠯ ᠢ ᠣᠯᠵᠠᠢ᠃ | | ᠵᠢᠭᠠᠰᠤᠲᠠᠢ ᠰᠤᠷᠭᠠᠭᠤᠯᠢ ᠪᠠᠶᠢᠭᠤᠯᠤᠭᠳᠠᠭᠰᠠᠨ 80 ᠵᠢᠯ ᠤᠨ ᠣᠢ ᠶᠢᠨ ᠨᠠᠶᠢᠷ ᠲᠤ ᠵᠢᠭᠠᠰᠤᠲᠠᠢ | ᠨᠢᠭᠡᠳᠦᠭᠡᠷ ᠪᠠᠭ᠎ᠠ ᠰᠤᠷᠭᠠᠭᠤᠯᠢ᠂ ᠵᠢᠭᠠᠰᠤᠲᠠᠢ ᠬᠤᠶᠠᠳᠤᠭᠠᠷ ᠪᠠᠭ᠎ᠠ ᠰᠤᠷᠭᠠᠭᠤᠯᠢ᠂ ᠬᠠᠨᠰᠦ᠋ᠮ᠎ᠡ ᠪᠠᠭ᠎ᠠ | ᠰᠤᠷᠭᠠᠭᠤᠯᠢ᠂ ᠪᠠᠯᠴᠢᠷᠤᠳ ᠪᠠᠭ᠎ᠠ ᠰᠤᠷᠭᠠᠭᠤᠯᠢ᠂ ᠬᠤᠨᠲᠤ ᠪᠠᠭ᠎ᠠ ᠰᠤᠷᠭᠠᠭᠤᠯᠢ ᠵᠡᠷᠭᠡ ᠠᠬ᠎ᠠ ᠳᠡᠭᠦᠦ | ᠰᠤᠷᠭᠠᠭᠤᠯᠢ ᠶᠢᠨ 128 ᠪᠢᠴᠢᠬᠠᠨ ᠪᠥᠭᠡᠴᠢᠳ ᠣᠷᠣᠯᠴᠠᠵᠤ᠂ ᠤᠷ᠎ᠠ ᠤᠬᠠᠭᠠᠨ᠂ ᠬᠦᠴᠣᠨ ᠴᠢᠳᠠᠯ᠂ ᠠᠪᠢᠶᠠᠰ | ᠪᠢᠯᠢᠭ ᠢᠶᠠᠨ ᠰᠣᠷᠢᠵᠤ᠂ ᠲᠤᠯᠤᠭ᠎ᠠ ᠶᠢᠨ ᠳᠠᠪᠠᠭ᠎ᠠ ᠶᠢ ᠳᠡᠪᠠᠨ ᠬᠠᠨᠰᠦ᠋ᠮ᠎ᠡ ᠪᠠᠭ᠎ᠠ ᠰᠤᠷᠭᠠᠭᠤᠯᠢ ᠶᠢᠨ ᠠᠵᠠᠰᠠᠶᠢᠨ | ᠲᠡᠷᠢᠭᠦᠯᠡᠵᠤ᠂ ᠵᠢᠭᠠᠰᠤᠲᠠᠢ ᠨᠢᠭᠡᠳᠦᠭᠡᠷ ᠪᠠᠭ᠎ᠠ ᠰᠤᠷᠭᠠᠭᠤᠯᠢ ᠶᠢᠨ ᠤᠬᠠᠭᠠᠨᠰᠠᠴᠠᠨ ᠳᠡᠳ᠋ᠯᠡᠨ ᠂ ᠤᠮᠤᠭᠰᠢᠯ ᠂ | ᠵᠦᠩᠨᠡᠯ᠂ ᠮᠧᠳᠠᠯ᠂ ᠰᠢᠯᠤᠭᠤᠨ᠂ ᠴᠣᠭᠲᠤᠨᠠᠷᠠᠨ᠂ ᠬᠠᠶᠢᠷ᠎ᠠ ᠵᠡᠷᠭᠡ ᠰᠤᠷᠣᠭᠴᠢᠳ ᠲᠡᠭᠡᠷ᠎ᠡ ᠨᠠᠢᠮᠠ ᠳᠤ ᠲᠡᠪᠢᠭᠰᠡᠨ | ᠪᠠᠶᠢᠨ᠎ᠠ᠃ | | | | ᠵᠢᠭᠠᠰᠤᠲᠠᠢ ᠰᠤᠷᠭᠠᠭᠤᠯᠢ ᠨᠢ 80 ᠵᠢᠯ ᠤᠨ ᠠᠯᠲᠠᠨ ᠲᠦᠷᠣᠭᠡᠨ ᠳᠡᠭᠡᠷ᠎ᠡ ᠠᠴᠠ ᠬᠠᠷᠢᠭᠤᠴᠠᠯᠭ᠎ᠠ ᠬᠦᠨᠳᠤ | ᠭᠡᠳᠡᠭ ᠢᠶᠠᠨ ᠬᠦᠨᠵᠡᠭᠡᠢ ᠣᠶᠢᠯᠠᠭᠠᠵᠤ᠂ ᠮᠠᠬᠠᠷᠠᠨ ᠴᠢᠷᠮᠠᠶᠢᠵᠤ᠂ ᠶᠣᠰᠣ ᠰᠤᠷᠳᠠᠬᠤᠨ ᠢᠶᠠᠷ ᠬᠥᠮᠤᠨ ᠢ | ᠬᠦᠮᠤᠵᠢᠭᠦᠯᠬᠦ ᠶᠢ ᠦᠷᠭᠦᠯᠵᠢᠯᠠᠨ ᠪᠠᠷᠢᠮᠳᠠᠯᠠᠵᠤ᠂ ᠰᠢᠨ᠎ᠡ ᠶᠢ ᠡᠭᠦᠳᠣᠨ᠂ ᠰᠢᠯᠢᠳᠡᠭ ᠢ ᠲᠡᠮᠡᠴᠡᠵᠦ᠂ | ᠰᠤᠷᠭᠠᠭᠤᠯᠢ ᠶᠢᠨ ᠡᠯ᠎ᠡ ᠲᠠᠯ᠎ᠡ ᠶᠢᠨ ᠬᠥᠭᠵᠢᠯᠲᠡ ᠶᠢ ᠢᠳᠡᠪᠬᠢᠲᠡᠢ ᠠᠬᠢᠭᠤᠯᠬᠤ ᠳᠤ ᠪᠡᠯᠡᠭᠡᠨ ᠪᠠᠶᠢᠨ᠎ᠡ᠃ | ᠦᠩᠭᠡᠷᠡᠭᠰᠡᠨ ᠢᠶᠠᠨ ᠡᠷᠬᠢᠴᠡᠭᠦᠯᠭᠦᠶᠡ᠂ ᠬᠢᠵᠡᠭᠠᠯᠠᠰᠢ ᠦᠭᠡᠢ ᠣᠮᠣᠡᠡᠰᠢᠯ ᠲᠦᠷᠦᠭᠳᠡᠨ᠎ᠡ᠃ ᠢᠷᠡᠭᠡᠳᠦᠢ ᠪᠠᠨ | ᠪᠠᠷᠠᠯᠠᠬᠤᠶ᠎ᠠ ᠢᠳᠡᠭᠡᠯ ᠲᠦᠭᠦᠷᠡᠩ ᠪᠠᠶᠢᠨ᠎ᠡ᠃ ᠡᠯ᠎ᠡ ᠱᠠᠳᠤᠨ ᠤ ᠤᠳᠤᠷᠢᠳᠤᠯᠭ᠎ᠠ ᠶᠢᠨ ᠬᠠᠯᠠᠮᠵᠢᠯᠡᠯ ᠳᠠᠮᠵᠢᠯᠭᠡ ᠶᠢᠨ | ᠳᠣᠣᠷ᠎ᠠ᠂ ᠨᠡᠶᠢᠭᠡᠮ ᠤᠨ ᠡᠯ᠎ᠡ ᠡᠳᠡᠭᠡᠳ ᠤᠨ ᠬᠦᠴᠣᠲᠠᠢ ᠬᠠᠪᠰᠤᠷᠣᠯᠭᠠ ᠶᠢᠨ ᠳᠣᠣᠷ᠎ᠠ᠂ ᠪᠥᠬᠦ ᠪᠠᠭᠰᠢ | ᠰᠣᠷᠣᠭᠴᠢᠳ ᠤᠨ ᠬᠠᠮᠲᠤ ᠶᠢᠨ ᠴᠢᠷᠮᠠᠶᠢᠯᠭ᠎ᠠ ᠶᠢᠨ ᠳᠣᠣᠷ᠎ᠠ᠂ ᠵᠢᠭᠠᠰᠤᠲᠠᠢ ᠨᠢᠭᠡᠳᠦᠭᠡᠷ ᠪᠠᠭ᠎ᠠ ᠰᠤᠷᠭᠠᠭᠤᠯᠢ ᠨᠢ | ᠯᠠᠪᠲᠠᠢ ᠨᠡᠩ ᠭᠡᠷᠡᠯ ᠰᠡᠴᠤᠷᠠᠩᠭᠤᠢ ᠠᠮᠵᠢᠯᠲᠡ ᠶᠢ ᠡᠭᠦᠳᠣᠨ ᠪᠦᠳᠦᠭᠡᠵᠦ᠂ ᠨᠡᠩ ᠰᠠᠶᠢᠨ ᠰᠠᠶᠢᠬᠠᠨ ᠢᠷᠡᠭᠡᠳᠦᠢ | ᠵᠦᠭ ᠣᠷᠣᠭᠰᠢᠯᠡᠵᠦ ᠴᠢᠳᠡᠨ᠎ᠠ ᠭᠡᠳᠡᠭ ᠲᠤ ᠪᠠᠲᠤ ᠢᠳᠡᠭᠡᠯᠲᠠᠢ ᠪᠠᠶᠢᠨ᠎ᠠ︕ | | ᠴᠢᠮᠡᠭᠡᠯᠡᠭᠴᠢ᠄ ᠢᠣᠢ ᠯᠠᠨ | | |