2024 ᠣᠨ ᠤ ᠪᠦᠬᠦ ᠤᠯᠤᠰ ᠤᠨ ᠵᠢᠣᠳᠣᠣ ᠪᠥᠭᠡ ᠶᠢᠨ ᠬᠤᠪᠢ ᠲᠠᠮᠳᠡᠭᠯᠡᠬᠦ ᠣᠷᠤᠯᠳᠤᠭᠠᠨ ᠤ ᠠᠷᠤ ᠬᠤᠷᠴᠢᠨ ᠳᠠᠬᠢ ᠣᠷᠤᠯᠳᠤᠭᠠᠨ ᠲᠡᠭᠦᠰ ᠠᠮᠵᠢᠯᠲᠠ ᠲᠠᠢ ᠦᠨᠳᠣᠷᠯᠡᠪᠡ
ᠨᠡᠶᠢᠲᠡᠯᠡᠭᠰᠡᠨ ᠴᠠᠭ᠄
2024/10/9
       10 ᠰᠠᠷ᠎ᠠ ᠶᠢᠨ 8 ᠤ ᠡᠳᠤᠷ᠂ 2024 ᠣᠨ ᠤ ᠪᠥᠬᠦ ᠤᠯᠤᠰ ᠤᠨ ᠵᠢᠤᠳᠣᠣ ᠪᠥᠬᠡ ᠶᠢᠨ ᠬᠤᠪᠢ ᠲᠠᠮᠳᠡᠭᠯᠡᠬᠦ ᠣᠷᠤᠯᠳᠤᠭᠠᠨ ᠤ ᠠᠷᠤ ᠬᠤᠷᠴᠢᠨ ᠳᠠᠬᠢ ᠣᠷᠣᠯᠳᠤᠭᠠᠨ ᠲᠡᠭᠦᠰ ᠠᠮᠵᠢᠯᠲᠠ ᠲᠠᠢ ᠦᠨᠳᠤᠷᠯᠡᠯ᠎ᠠ᠃
       ᠭᠤᠷᠪᠡᠳᠤᠭᠠᠷ ᠤᠷᠤᠯᠳᠤᠭᠠᠨ ᠤ ᠡᠳᠤᠷ  ᠲᠤ᠂ ᠡᠮᠡᠭᠲᠡᠢ ᠶᠢᠨ — 78 ᠺᠢᠯᠣᠭ᠍ᠷᠡᠮ ᠤᠨ ᠳᠡᠰ᠂ + 78 ᠺᠢᠯᠣᠭ᠍ᠷᠡᠮ ᠤᠨ ᠳᠡᠰ᠂ ᠡᠷᠡᠭᠲᠡᠢ ᠶᠢᠨ — 100 ᠺᠢᠯᠣᠭ᠍ᠷᠡᠮ ᠤᠨ ᠲᠡᠰ᠂ + 100 ᠺᠢᠯᠣᠭ᠍ᠷᠡᠮ ᠤᠨ ᠲᠡᠰ ᠵᠡᠷᠭᠡ ᠨᠡᠶᠢᠳᠠ 4 ᠲᠡᠰ ᠤᠨ ᠤᠷᠤᠯᠳᠤᠭᠠᠨ ᠶᠠᠪᠤᠭᠳᠠᠵᠤ᠂ ᠬᠤᠷᠴᠠ ᠰᠢᠷᠤᠭᠦᠨ ᠪᠠᠷᠢᠯᠳᠤᠭᠰᠠᠨ ᠤ ᠡᠴᠣᠰ ᠲᠤ᠂ ᠡᠮᠡᠭᠲᠡᠢ  ᠶᠢᠨ — 78 ᠺᠢᠯᠣᠭ᠍ᠷᠡᠮ ᠤᠨ ᠲᠡᠰ᠂ + 78 ᠺᠢᠯᠣᠭ᠍ᠷᠡᠮ ᠤᠨ ᠳᠡᠰ ᠤᠨ  ᠰᠢᠢᠣᠡᠪᠣᠷᠢᠳᠤ ᠤᠷᠤᠯᠳᠤᠭᠠᠨ ᠳᠤ ᠱᠠᠨᠰᠢ ᠮᠤᠵᠢ ᠶᠢᠨ ᠲᠦᠯᠥᠭᠡᠯᠡᠭᠴᠢᠳ ᠤᠨ ᠠᠩᠬᠢ ᠶᠢᠨ ᠬᠠᠨ ᠽᠢ ᠰᠢᠤᠸᠠᠨ᠂ ᠰᠢᠨᠵᠢᠶᠠᠩ ᠤᠨ ᠣᠶᠢᠭᠤᠷ ᠤᠨ ᠥᠪᠡᠷᠲᠡᠭᠡᠨ ᠵᠠᠰᠠᠬᠤ ᠣᠷᠣᠨ ᠤ ᠲᠦᠯᠥᠭᠡᠯᠡᠭᠴᠢᠳ ᠤᠨ ᠠᠩᠬᠢ ᠶᠢᠨ ᠠᠶᠢᠮᠧᠨ᠂ ᠵᠣᠷᠰᠨᠤᠤᠷ ᠲᠣᠰ ᠲᠣᠰ ᠮᠡᠩᠯᠡᠶᠢᠯᠡᠵᠦ᠂ ᠡᠷᠡᠭᠲᠡᠢ ᠶᠢᠨ —100 ᠺᠢᠯᠣᠭ᠍ᠷᠡᠮ ᠤᠨ ᠲᠡᠰ᠂ + 100 ᠺᠢᠯᠣᠭ᠍ᠷᠡᠮ ᠤᠨ ᠳᠡᠰ ᠤᠨ ᠰᠢᠢᠣᠡᠪᠣᠷᠢᠳᠤ ᠣᠷᠤᠯᠳᠤᠭᠠᠨ ᠳᠤ ᠵᠢᠶᠠᠩᠰᠤ ᠮᠤᠵᠢ ᠶᠢᠨ ᠲᠦᠯᠦᠭᠡᠯᠡᠭᠴᠢᠳ ᠤᠨ ᠠᠩᠬᠢ ᠶᠢᠨ ᠱᠧᠨ ᠢ ᠵᠢᠶᠧ᠂ ᠲᠢᠶᠠᠨᠵᠢᠨ ᠬᠤᠲᠠ ᠶᠢᠨ ᠲᠦᠯᠥᠭᠡᠯᠡᠭᠴᠢᠳ ᠤᠨ ᠠᠩᠬᠢ ᠶᠢᠨ ᠯᠢ ᠷᠦᠢ ᠬᠤᠤ ᠲᠣᠰ ᠲᠣᠰ ᠮᠠᠩᠯᠡᠶᠢᠯᠡᠪᠠ᠃
       10 ᠰᠠᠷ᠎ᠠ ᠶᠢᠨ 8 ᠤ ᠡᠳᠦᠷ ᠪᠣᠯᠲᠠᠯ᠎ᠠ᠂ 3 ᠡᠳᠤᠷ ᠤᠨ ᠬᠤᠭᠤᠴᠠᠭ᠎ᠠ ᠲᠠᠢ ᠶᠠᠪᠤᠡᠡᠳ᠋ᠬᠠᠰᠡᠨ 2024 ᠣᠨ ᠤ ᠪᠥᠬᠦ ᠤᠯᠤᠰ ᠤᠨ ᠵᠢᠤᠳᠤᠣ ᠶᠢᠨ ᠬᠤᠪᠢ ᠲᠡᠮᠳᠡᠭᠯᠡᠬᠦ ᠣᠷᠤᠯᠳᠤᠭᠠᠨ ᠤ ᠠᠷᠤ ᠬᠤᠷᠴᠢᠨ ᠳᠠᠬᠢ ᠣᠷᠤᠯᠳᠤᠭᠠᠨ ᠲᠡᠭᠦᠰ ᠠᠮᠵᠢᠯᠲᠠ ᠲᠠᠢ ᠦᠨᠳᠤᠷᠯᠠᠵᠤ᠂ ᠨᠡᠶᠢᠲᠠ 14 ᠠᠯᠲᠠᠨ ᠮᠧᠳᠡᠯ ᠲᠤᠳᠤᠷᠠᠪᠠ᠃ ᠡᠭᠦᠨ ᠳᠤ ᠵᠢᠶᠠᠩᠰᠤ ᠮᠤᠵᠢ ᠶᠢᠨ ᠲᠦᠯᠥᠭᠡᠯᠡᠭᠴᠢᠳ ᠤᠨ ᠠᠩᠬᠢ 3 ᠠᠯᠲᠠᠨ ᠮᠧᠳᠠᠯ᠂ ᠭᠤᠸᠠᠩᠳᠦ᠋ᠩ ᠮᠤᠵᠢ ᠶᠢᠨ ᠲᠦᠯᠥᠭᠡᠯᠡᠭᠴᠢᠳ ᠤᠨ ᠠᠩᠬᠢ 3 ᠠᠯᠲᠠᠨ ᠮᠧᠳᠠᠯ᠂ ᠾᠧᠪᠸᠢ ᠮᠤᠵᠢ ᠶᠢᠨ ᠲᠦᠯᠥᠭᠡᠯᠡᠭᠴᠢᠳ ᠤᠨ ᠠᠩᠬᠢ 2 ᠠᠯᠲᠠᠨ ᠮᠧᠳᠠᠯ᠂ ᠲᠢᠶᠠᠨᠵᠢᠨ ᠬᠤᠲᠠ ᠶᠢᠨ ᠲᠦᠯᠥᠭᠡᠯᠡᠭᠴᠢᠳ ᠤᠨ ᠠᠩᠬᠢ 2 ᠠᠯᠲᠠᠨ ᠮᠧᠳᠡᠯ᠂ ᠱᠠᠨᠰᠢ ᠮᠤᠵᠢ᠂ ᠪᠡᠭᠡᠵᠢᠩ ᠬᠤᠳᠠ᠂ ᠥᠪᠣᠷ ᠮᠤᠩᠭᠤᠯ ᠤᠨ ᠥᠪᠡᠷᠳᠡᠭᠡᠨ ᠵᠠᠰᠠᠬᠤ ᠣᠷᠣᠨ᠂ ᠰᠢᠨᠵᠢᠶᠠᠩ ᠤᠨ ᠣᠶᠢᠭᠤᠷ ᠤᠨ ᠥᠪᠡᠷᠲᠡᠭᠡᠨ ᠵᠠᠰᠠᠬᠤ ᠣᠷᠣᠨ ᠤ ᠲᠦᠯᠥᠭᠡᠯᠡᠭᠴᠢᠳ ᠤᠨ ᠠᠩᠬᠢ ᠲᠣᠰᠪᠤᠷᠢ 1 ᠠᠯᠲᠠᠨ ᠮᠧᠳᠠᠯ ᠬᠦᠷᠲᠡᠵᠠᠢ᠃ ︵ᠬᠠᠮ ᠵᠠᠭᠤᠴᠢᠯᠠᠭᠤᠷ ᠤᠨ ᠪᠥᠬᠦ ᠰᠤᠷᠪᠤᠯᠵᠢᠯᠠᠭᠴᠢ︶
 
ᠢᠷᠡᠯᠲᠡ᠄ ᠠᠷᠣ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号