ᠬᠤᠲᠠ ᠲᠤᠭᠤᠷᠢᠭ ᠤᠨ ᠵᠠᠮ ᠬᠠᠷᠢᠯᠴᠠᠭᠠᠨ ᠤ ᠡᠮᠬᠢ ᠲᠢᠭᠯᠢᠮ ᠢ ᠤᠯᠠᠮ ᠨᠢᠭᠡ ᠠᠯᠬᠤᠮ ᠵᠢᠷᠤᠮᠵᠢᠭᠤᠯᠵᠤ᠂ | ᠪᠥᠬᠦ ᠬᠤᠰᠢᠭᠤᠨ ᠤ ᠭᠤᠷᠪᠡᠨ ᠬᠦᠷᠳᠦᠲᠤ᠂ ᠳᠦᠷᠪᠡᠨ ᠬᠦᠷᠳᠦᠲᠤ ᠴᠠᠬᠢᠯᠭᠠᠨ ᠬᠦᠳᠡᠯᠭᠡᠭᠦᠷᠲᠤ ᠲᠡᠷᠭᠡᠨ ᠤ | ᠬᠠᠮᠢᠶᠡᠷᠤᠯᠲᠠ ᠶᠢ ᠲᠡᠭᠦᠯᠲᠡᠷᠵᠢᠭᠦᠯᠣᠨ᠂ ᠬᠤᠲᠠ ᠶᠢᠨ ᠪᠣᠯᠪᠡᠰᠤᠨ ᠲᠦᠷᠢ ᠲᠦᠷᠬᠦ ᠶᠢᠨ ᠲᠥᠪᠰᠢᠨ ᠢ ᠪᠦᠳᠦᠮᠵᠢᠲᠡᠢ | ᠳᠡᠭᠡᠭᠰᠢᠯᠡᠭᠦᠯᠬᠦ ᠶᠢᠨ ᠲᠦᠯᠥᠬᠡ᠂ ᠬᠠᠷᠢᠶ᠎ᠠ ᠲᠤᠭᠤᠷᠢᠭ ᠤᠨ ᠵᠠᠮ ᠨᠡᠪᠲᠠᠷᠠᠯᠭᠡ ᠶᠢᠨ ᠪᠣᠳᠠᠲᠠᠢ ᠪᠠᠶᠢᠳᠠᠯ ᠲᠠᠢ | ᠤᠶᠠᠯᠳᠤᠭᠤᠯᠤᠨ᠂ ᠭᠤᠷᠪᠡᠨ ᠬᠦᠷᠳᠦᠲᠤ᠂ ᠳᠥᠷᠪᠡᠨ ᠬᠦᠷᠳᠦᠲᠤ ᠴᠡᠬᠢᠯᠭᠠᠨ ᠬᠦᠳᠡᠯᠭᠡᠭᠦᠷᠲᠦ ᠳᠡᠷᠭᠡ ᠶᠢᠨ ᠴᠢᠪᠠᠭ᠎ᠠ | ᠬᠤᠲᠠ ᠲᠤᠭᠤᠷᠢᠭ ᠲᠤ ︽ᠨᠡᠪᠳᠡᠷᠡᠬᠦ ᠶᠢ ᠴᠠᠭᠠᠵᠠᠯᠠᠬᠤ ᠵᠠᠮ ᠤᠨ ᠭᠡᠰᠡᠭ︾ ᠢ ᠰᠢᠨ᠎ᠡ ᠪᠠᠷ ᠨᠡᠮᠡᠵᠤ᠂ ᠲᠤᠣᠷᠠᠬᠢ | ᠵᠠᠮ ᠤᠨ ᠭᠡᠰᠡᠭ ᠲᠤ ᠱᠠᠭᠠᠷᠳᠠᠯᠭ᠎ᠠ ᠳᠤ ᠨᠡᠶᠢᠴᠡᠬᠦ ᠦᠭᠡᠢ ᠭᠤᠷᠪᠡᠨ ᠬᠦᠷᠳᠣᠳᠤ᠂ ᠳᠥᠷᠪᠡᠨ ᠬᠦᠷᠳᠦᠳᠤ ᠴᠠᠬᠢᠯᠭᠠᠨ | ᠬᠦᠳᠡᠯᠭᠡᠭᠦᠷᠲᠦ ᠲᠡᠷᠭᠡ ᠨᠡᠪᠳᠡᠷᠡᠬᠦ ᠶᠢ ᠴᠠᠭᠠᠵᠠᠯᠠᠨ᠎ᠠ᠂ ᠡᠳᠦᠭᠡ ᠬᠤᠯᠪᠣᠭᠳᠠᠯ ᠪᠦᠬᠦᠢ ᠵᠦᠢᠯᠡᠰ ᠢ ᠲᠤᠣᠷᠠᠬᠢ ᠮᠡᠳᠤ | ᠮᠡᠳᠡᠭᠲᠡᠶᠡ᠄ | ᠨᠢᠭᠡ᠂ ᠨᠡᠪᠳᠡᠷᠡᠬᠦ ᠶᠢ ᠴᠠᠭᠠᠵᠠᠯᠠᠬᠤ ᠵᠠᠮ ᠤᠨ ᠬᠡᠰᠡᠭ | ᠦᠯᠵᠡᠶᠢᠮᠦ᠋ᠷᠡᠨ ᠶᠡᠭᠡ ᠵᠡᠭᠡᠯᠢ ᠪᠣᠯᠣᠨ ᠪᠤᠤ ᠱᠠᠨ ᠵᠠᠮ ᠤᠨ ᠠᠭᠤᠯᠵᠠᠷ ᠠᠴᠠ ᠪᠤᠤ ᠱᠠᠨ ᠵᠠᠮ ᠪᠣᠯᠣᠨ | ᠤᠯᠤᠰ ᠤᠨ ᠵᠠᠮ 303 ᠱᠤᠭᠤᠮ ᠤᠨ ᠠᠭᠤᠯᠵᠠᠷ ᠬᠦᠷᠳᠡᠯ᠎ᠡ | ᠬᠤᠶᠠᠷ᠂ ᠪᠤᠳᠠᠳᠠᠢ ᠱᠠᠭᠠᠷᠳᠠᠯᠭ᠎ᠠ | ᠨᠡᠪᠳᠡᠷᠡᠬᠦ ᠶᠢ ᠴᠠᠭᠠᠵᠠᠯᠠᠬᠤ ᠵᠠᠮ ᠤᠨ ᠬᠡᠰᠡᠭ ᠲᠤ ᠭᠤᠷᠪᠠᠨ ᠬᠦᠷᠳᠤᠲᠣ ᠴᠠᠬᠢᠯᠭᠠᠨ ᠬᠦᠳᠡᠯᠭᠡᠭᠦᠷᠲᠣ | ᠲᠡᠷᠭᠡ ︵ᠨᠢᠭᠡᠨᠳᠡ ᠲᠡᠷᠭᠡᠨ ᠨᠣᠮᠧᠷ ᠤᠨ ᠰᠢᠷ᠎ᠠ ᠦᠡᠭᠭᠡ ᠶᠢᠨ᠂ ᠬᠥᠬᠡ ᠦᠩᠭᠡ ᠶᠢᠨ ᠫᠠᠶᠢᠰᠠ ᠬᠠᠳᠠᠭᠰᠠᠨ ᠴᠡᠬᠢᠯᠭᠠᠨ | ᠬᠦᠳᠡᠯᠭᠡᠭᠦᠷᠲᠣ ᠭᠤᠷᠪᠠᠨ ᠬᠦᠷᠳᠣᠳᠤ ᠮᠣᠲ᠋ᠣᠷ ᠲᠡᠷᠭᠡ ᠪᠠᠭᠲᠠᠬᠤ ᠥᠭᠡᠢ︶᠂ ᠳᠦᠷᠪᠡᠨ ᠬᠦᠷᠳᠤᠳᠤ ᠴᠠᠬᠢᠯᠭᠠᠨ | ᠬᠦᠳᠡᠯᠭᠡᠭᠦᠷᠳᠤ ᠲᠡᠷᠭᠡ ᠨᠡᠪᠳᠡᠷᠡᠬᠦ ᠶᠢ ᠴᠠᠭᠠᠵᠠᠯᠠᠨ᠎ᠠ᠃ ︵ᠤᠷᠴᠢᠨ ᠲᠣᠭᠤᠷᠢᠨ ᠤ ᠠᠷᠢᠭᠤᠨ ᠴᠡᠪᠡᠷ ᠢ ᠬᠠᠮᠠᠭᠠᠯᠠᠬᠤ | ᠲᠡᠷᠭᠡ᠂ ᠡᠳ᠋ ᠪᠠᠷᠠᠭ᠎ᠠ ᠲᠡᠭᠡᠭᠡᠪᠥᠷᠢᠯᠡᠬᠦ ᠲᠡᠷᠭᠡ 22᠄ 00 — 07᠄ 00 ᠴᠠᠭ ᠤᠨ ᠬᠤᠭᠤᠷᠣᠡᠳᠤ ᠨᠡᠪᠳᠡᠷᠠᠵᠤ | ᠪᠣᠯᠣᠨ᠋ᠠ︶ | ᠵᠠᠷᠯᠠᠯ ᠤᠨ ᠲᠣᠭᠳᠠᠭᠠᠯ ᠢ ᠵᠦᠷᠢᠴᠡᠪᠡᠯ᠂ ᠲᠤᠲᠤᠭᠠᠲᠤ ᠶᠢ ᠬᠠᠮᠠᠭᠠᠯᠠᠬᠤ ᠵᠠᠮ ᠬᠠᠷᠢᠯᠴᠠᠭᠠᠨ ᠤ | ᠬᠠᠮᠢᠶᠡᠷᠤᠯᠲᠠ ᠶᠢᠨ ᠰᠠᠯᠠᠭ᠎ᠠ ᠮᠥᠴᠢᠷ ᠠᠴᠠ ᠬᠠᠤᠯᠢ ᠳᠣᠭᠲᠠᠭᠠᠯ ᠶᠣᠰᠣᠭᠠᠷ ᠰᠢᠢᠣᠡᠭᠡᠯ ᠥᠭᠭᠦᠨ᠎ᠡ᠃ | | ᠠᠷᠤ ᠬᠤᠷᠴᠢᠨ ᠬᠤᠰᠢᠭᠤᠨ ᠤ ᠲᠣᠳᠣᠭᠠᠲᠤ ᠶᠢ ᠬᠠᠮᠠᠭᠠᠯᠠᠬᠤ | ᠲᠣᠪᠴᠢᠶ᠎ᠠ ᠶᠢᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠬᠢ | 2024 ᠣᠨ ᠤ 12 ᠰᠠᠷ᠎ᠠ ᠶᠢᠨ 10 ᠤ ᠡᠳᠤᠷ |