ᠦᠨᠳᠦᠰᠤᠨ ᠱᠠᠲᠤᠨ ᠤ ᠵᠠᠰᠠᠯᠲᠠ ᠶᠢ ᠤᠳᠤᠭᠢᠴᠢᠯᠠᠬᠤ᠂ ᠬᠡᠷᠡᠵᠢᠭᠦᠯᠤᠭ᠍ᠰᠡᠨ ᠬᠠᠮᠢᠶᠠᠷᠤᠯᠲᠠ ᠶᠢ | ᠦᠷᠭᠦᠯᠵᠢᠯᠠᠨ ᠠᠬᠢᠭᠤᠯᠵᠤ᠂ ᠨᠡᠶᠢᠭᠡᠮ ᠤᠨ ᠪᠣᠯᠪᠠᠰᠤᠨ ᠤ ᠰᠢᠨ᠎ᠡ ᠬᠡᠪ ᠰᠤᠷᠳᠠᠯ ᠢ ᠤᠯᠠᠮ ᠨᠢᠭᠡ ᠠᠯᠠᠬᠤᠮ | ᠪᠠᠲᠠᠷᠠᠭᠤᠯᠤᠨ᠂ ᠮᠠᠯᠴᠢᠨ ᠲᠦᠮᠡᠨ ᠢ ᠬᠦᠳᠤᠯᠤᠨ ᠵᠢᠯᠤᠭᠤᠳᠴᠤ ᠡᠯ᠎ᠡ ᠲᠦᠷᠤᠯ ᠤᠨ ᠰᠠᠶᠢᠨ ᠳᠤᠷ᠎ᠠ ᠶᠢᠨ | ᠦᠢᠯᠡᠴᠢᠯᠡᠭᠡᠨ ᠤ ᠠᠵᠢᠯᠯᠠᠭ᠎ᠠ ᠳᠤ ᠰᠠᠨᠠᠭᠠᠴᠢᠯᠠᠭ᠎ᠠ ᠠᠴᠠ ᠨᠢ ᠣᠷᠣᠯᠴᠠᠭᠤᠯᠬᠤ ᠶᠢᠨ ᠲᠦᠯᠥᠭᠡ᠂ ᠣᠷᠴᠢᠮ ᠤᠨ | ᠡᠳᠤᠷ᠂ ᠰᠠᠶᠢᠬᠠᠡᠳᠠᠯᠠ ᠰᠤᠮᠤ ᠶᠢᠨ ᠪᠣᠯᠤᠩ ᠭᠠᠴᠠᠭ᠎ᠠ ᠶᠢᠨ ᠬᠠᠶᠢᠷ᠎ᠠ ᠬᠠᠯᠠᠮᠵᠢ ᠶᠢᠨ ᠭᠡᠳᠤ ᠲᠡᠯᠭᠡᠭᠦᠷ ᠬᠤᠪᠢ | ᠲᠡᠮᠳᠡᠭᠯᠡᠵᠤ ᠡᠳ᠋ ᠪᠠᠷᠠᠭ᠎ᠠ ᠰᠣᠯᠢᠬᠤ ᠠᠵᠢᠯᠯᠠᠭ᠎ᠠ ᠦᠷᠨᠢᠭᠦᠯᠤᠯᠡ᠃ | | | | ᠬᠠᠶᠢᠷ᠎ᠠ ᠬᠠᠯᠠᠮᠵᠢ ᠶᠢᠨ ᠭᠡᠳᠤ ᠳᠡᠯᠭᠡᠭᠦᠷ ᠲᠤ ᠭᠠᠷ ᠤᠬᠢᠶᠠᠬᠤ ᠰᠢᠩᠭᠡᠨ᠂ ᠤᠬᠢᠶᠠᠯᠭ᠎ᠠ ᠶᠢᠨ ᠡᠳ᠋᠂ | ᠬᠤᠪᠴᠠᠰᠤ ᠣᠬᠢᠶᠠᠬᠤ ᠰᠢᠩᠬᠡᠨ᠂ ᠤᠰᠤᠨ ᠲᠠᠪᠤᠷᠡ ᠵᠡᠷᠭᠡ ᠡᠳᠤᠷ ᠲᠣᠳᠤᠮ ᠤᠨ ᠠᠮᠢᠳᠤᠷᠠᠯ ᠤᠨ ᠡᠳ᠋ ᠭᠡᠷᠡᠭᠰᠡᠯ | ᠪᠠᠶᠢᠵᠤ᠂ ᠮᠠᠯᠴᠢᠳ ᠠᠳᠡ ᠢᠷᠡᠵᠤ ᠥᠪᠡᠷ ᠤᠨ ᠬᠤᠷᠠᠮᠳᠤᠭᠤᠯᠤᠭᠰᠠᠨ ᠬᠤᠪᠢ ᠪᠠᠷ ᠢᠶᠠᠨ ᠵᠣᠬᠢᠬᠤ ᠦᠨ᠎ᠡ ᠥᠷᠳᠡᠭ | ᠪᠦᠬᠦᠢ ᠡᠳ᠋ ᠪᠠᠷᠠᠭ᠎ᠠ ᠰᠣᠯᠢᠵᠤ ᠠᠪᠴᠤ ᠪᠣᠯᠣᠨ᠎ᠠ᠃ ᠠᠵᠢᠯᠯᠠᠭ᠎ᠠ ᠶᠢᠨ ᠲᠤᠬᠠᠢ ᠶᠢᠨ ᠲᠠᠯᠠᠪᠠᠢ ᠳᠤ᠂ ᠰᠠᠶᠢᠨ | ᠲᠤᠷ᠎ᠠ ᠶᠢᠨ ᠠᠵᠢᠯᠯᠠᠭᠴᠢᠳ ᠮᠠᠯᠴᠢᠳ ᠲᠤ ᠬᠤᠪᠢ ᠬᠤᠷᠠᠮᠳᠤᠭᠤᠯᠬᠤ ᠲᠦᠷᠢᠮ᠂ ᠡᠳ᠋ ᠪᠣᠳᠠᠰ ᠰᠤᠯᠢᠬᠤ ᠶᠣᠰᠤ | ᠲᠦᠷᠢᠮ ᠪᠣᠯᠣᠨ ᠪᠠᠷᠢᠮᠵᠢᠶ᠎ᠠ ᠶᠢ ᠨᠠᠷᠢᠯᠢᠭ ᠲᠠᠶᠢᠯᠪᠤᠷᠢᠯᠠᠨ ᠦᠭᠴᠤ ᠪᠠᠶᠢᠯ᠎ᠠ᠃ ᠤᠣᠯ ᠨᠢ ᠲᠣᠰ ᠤᠳᠠᠭᠠᠨ ᠤ ᠬᠤᠪᠢ | ᠲᠠᠮᠳᠡᠭᠯᠠᠵᠤ ᠡᠳ᠋ ᠪᠤᠳᠠᠰ ᠰᠤᠯᠢᠬᠤ ᠠᠵᠢᠯᠯᠠᠭ᠎ᠠ ᠶᠢᠨ ᠴᠠᠭ ᠢ ᠦᠨᠤ ᠵᠢᠯ ᠤᠨ 1 - 9 ᠳ᠋ᠣᠭᠡᠷ ᠰᠠᠷ᠎ᠠ ᠶᠢᠨ | ᠬᠤᠭᠤᠷᠣᠨᠲᠤ ᠳᠣᠬᠢᠷᠠᠭᠤᠯᠵᠤ᠂ ᠬᠤᠪᠢ ᠲᠠᠮᠳᠡᠭᠯᠡᠬᠦ ᠪᠠᠷᠢᠮᠵᠢᠶ᠎ᠠ ᠶᠢ ᠮᠠᠯᠴᠢᠳ ᠤᠨ ᠣᠷᠴᠢᠨ ᠲᠣᠭᠤᠷᠢᠨ ᠤ ᠡᠷᠡᠭᠦᠯ | ᠬᠠᠮᠠᠭᠠᠯᠠᠯ᠂ ᠰᠠᠶᠢᠨ ᠳᠤᠷ᠎ᠠ ᠶᠢᠨ ᠦᠢᠯᠠᠴᠢᠯᠡᠭᠡᠨ ᠤ ᠠᠵᠢᠯᠯᠠᠭ᠎ᠠ ᠳᠤ ᠣᠷᠣᠯᠴᠠᠭᠰᠠᠨ ᠵᠢᠴᠢ ᠪᠣᠯᠪᠠᠰᠤᠨ | ᠵᠠᠩ ᠮᠣᠷᠠᠯ᠂ ᠦᠢᠯᠠ ᠠᠵᠢᠯᠯᠠᠭ᠎ᠠ ᠵᠡᠷᠭᠡ ᠶᠡᠷᠦᠩᠬᠡᠢ ᠪᠠᠶᠢᠳᠠᠯ ᠢ ᠦᠨᠳᠦᠰᠤᠯᠠᠨ᠂ ᠡᠷᠦᠭᠡ ᠪᠦᠷᠢ ᠰᠠᠷ᠎ᠡ ᠪᠣᠯᠭᠠᠨ | 50 ᠬᠤᠪᠢ ᠲᠠᠮᠳᠡᠭᠯᠠᠵᠤ᠂ ᠬᠠᠮᠤᠭ ᠠᠷᠪᠢᠨ ᠳᠠᠭᠠᠨ 450 ᠬᠤᠪᠢ ᠬᠤᠷᠠᠮᠳᠤᠭᠤᠯᠵᠤ ᠪᠣᠯᠬᠤ ᠪᠥᠭᠡᠳ ᠬᠤᠪᠢ | ᠬᠤᠷᠠᠮᠳᠤᠭᠤᠯᠬᠤ ᠦᠷᠳᠡᠭ ᠨᠢ ᠬᠤᠪᠢ ᠪᠦᠷᠢ ᠳᠤ ᠪᠠᠨ 0.10 ᠲᠦᠭᠦᠷᠢᠭ ᠪᠠᠶᠢᠵᠤ᠂ ᠡᠷᠦᠭᠡ ᠪᠦᠷᠢ ᠬᠠᠮᠤᠭ | ᠠᠷᠪᠢᠨ ᠳᠠᠭᠠᠨ 45 ᠲᠦᠭᠦᠷᠢᠭ ᠤᠨ ᠥᠷᠳᠡᠭ ᠪᠦᠬᠦᠢ ᠡᠳ᠋ ᠪᠠᠷᠠᠭ᠎ᠠ ᠰᠣᠯᠢᠵᠤ ᠪᠣᠯᠳᠠᠭ᠃ ᠣᠳᠣ ᠪᠣᠯᠲᠠᠯ᠎ᠠ᠂ | ᠪᠣᠯᠤᠩ ᠭᠠᠴᠠᠭ᠎ᠠ ᠶᠢᠨ 76 ᠡᠷᠦᠭᠡ ᠨᠡᠶᠢᠲᠡ 34200 ᠬᠤᠪᠢ ᠬᠤᠷᠠᠮᠳᠤᠭᠤᠯᠵᠤ ᠪᠠᠷᠠᠭ᠎ᠠ ᠰᠣᠯᠢᠬᠤ ᠠᠵᠢᠯ ᠢ | ᠠᠮᠵᠢᠯᠲᠠ ᠲᠠᠢ ᠪᠠᠶᠠᠯᠠᠭᠦᠯᠵᠤ᠂ ᠮᠠᠯᠴᠢᠳ ᠤᠨ ᠵᠤᠯ ᠵᠢᠷᠭᠠᠯᠲᠤ ᠲᠥᠷᠥᠭᠳᠡᠯ᠂ ᠬᠦᠷᠳᠡᠮᠵᠢ ᠶᠢᠨ ᠲᠥᠷᠥᠭᠳᠡᠯ ᠢ | ᠦᠨᠡᠨ ᠬᠦ ᠳᠡᠭᠡᠭᠰᠢᠯᠡᠭᠦᠯᠤᠭ᠍ᠰᠡᠨ ᠪᠠᠶᠢᠯ᠎ᠠ᠃ | | | | ᠲᠠᠷᠠᠭᠠᠴᠢ ᠶᠢᠨ ᠠᠯᠬᠤᠮ ᠳᠤ᠂ ᠰᠠᠶᠢᠬᠠᠡᠳᠠᠯᠠ ᠰᠤᠮᠤ ᠨᠢ ᠬᠥᠳᠡᠭᠡ ᠲᠣᠰᠬᠤᠨ ᠤ ᠵᠠᠰᠠᠯᠲᠠ ᠳᠤ ᠬᠠᠶᠢᠷ᠎ᠠ | ᠬᠠᠯᠠᠮᠵᠢ ᠶᠢᠨ ᠭᠡᠳᠤ ᠳᠡᠯᠭᠡᠭᠦᠷ ᠤᠨ ᠵᠠᠩᠬᠢᠯᠠᠭ᠎ᠠ ᠶᠢᠨ ᠦᠢᠯᠠᠳᠤᠯ ᠢ ᠦᠷᠭᠦᠯᠵᠢᠯᠠᠨ ᠪᠠᠳᠠᠷᠠᠭᠤᠯᠵᠤ᠂ ᠬᠤᠪᠢ | ᠲᠡᠮᠳᠡᠭᠯᠠᠵᠤ ᠡᠳ᠋ ᠪᠠᠷᠠᠭ᠎ᠠ ᠰᠣᠯᠢᠬᠤ ᠵᠬᠠᠪᠣᠷ ᠲᠤ ᠤᠯᠠᠮ ᠨᠢᠭᠡ ᠠᠯᠬᠤᠮ ᠰᠢᠨ᠎ᠡ ᠰᠦᠪᠡᠭᠴᠢᠯᠡᠯᠲᠡ ᠬᠢᠵᠦ᠂ ᠣᠯᠠᠨ | ᠲᠦᠮᠡᠨ ᠤ ᠢᠳᠡᠪᠬᠢᠲᠣ ᠴᠢᠨᠠᠷ᠂ ᠰᠠᠨᠠᠭᠠᠴᠢᠯᠠᠭᠠᠲᠤ ᠴᠢᠨᠠᠷ᠂ ᠣᠷᠣᠯᠴᠠᠬᠤ ᠬᠡᠮᠵᠢᠶ᠎ᠠ ᠶᠢ ᠭᠦᠢᠴᠠᠳ ᠲᠠᠶᠢᠴᠢᠯᠠᠨ᠂ | ᠣᠯᠠᠨ ᠲᠦᠮᠡᠨ ᠳᠤ ᠪᠣᠳᠠᠲᠤ ᠠᠰᠢᠭ ᠬᠦᠷᠳᠡᠭᠡᠨ᠂ ︽ᠬᠠᠮᠲᠤ ᠪᠠᠷ ᠪᠠᠶᠢᠭᠤᠯᠵᠤ᠂ ᠬᠠᠮᠲᠤ ᠪᠠᠷ ᠵᠠᠰᠠᠵᠤ᠂ | ᠬᠠᠮᠲᠤ ᠪᠠᠷ ᠡᠳ᠋ᠯᠡᠬᠦ︾ ᠦᠨᠳᠦᠰᠤᠨ ᠱᠠᠲᠤᠨ ᠤ ᠵᠠᠰᠠᠯᠲᠠ ᠶᠢᠨ ᠰᠢᠨ᠎ᠡ ᠪᠠᠶᠢᠷᠢᠰᠢᠯ ᠢ ᠪᠣᠢ ᠪᠣᠯᠭᠠᠨ᠂ ᠬᠦᠳᠡᠭᠡ | ᠲᠣᠰᠬᠤᠨ ᠢ ᠬᠦᠭᠵᠢᠭᠦᠯᠦᠨ ᠮᠠᠨᠳᠤᠭᠤᠯᠬᠤ ᠳᠤ ᠬᠦᠴᠦᠨ ᠨᠡᠮᠡᠷᠢᠯᠡᠬᠦ ᠪᠠᠷ ᠪᠣᠢ᠃ ︵ᠤᠷᠭᠤᠮᠠᠯ︶ |