ᠣᠶᠢᠷ᠎ᠠ ᠶᠢᠨ ᠵᠢᠯ ᠠᠴᠠ ᠨᠠᠭᠠᠰᠢ᠂ ᠠᠷᠠᠳ ᠲᠦᠮᠡᠨ ᠤ ᠡᠳᠦᠷ ᠢᠷᠡᠬᠦᠶ᠎ᠡ ᠨᠡᠮᠡᠭᠳᠡᠵᠦ ᠪᠠᠶᠢᠭ᠎ᠠ ᠰᠠᠶᠢᠨ | ᠰᠠᠶᠢᠬᠠᠨ ᠠᠮᠢᠳᠤᠷᠠᠯ ᠤᠨ ᠬᠡᠷᠡᠭᠴᠡᠭᠡ ᠱᠠᠭᠠᠷᠳᠠᠯᠭ᠎ᠠ ᠳᠤ ᠵᠣᠬᠢᠴᠠᠭᠤᠯᠤᠨ᠂ ᠬᠥᠳᠡᠭᠡ ᠲᠣᠰᠬᠤᠨ ᠤ ᠰᠣᠶᠣᠯ | ᠵᠤᠭᠠᠴᠠᠯ ᠤᠨ ᠠᠵᠤ ᠦᠢᠯᠡᠰ ᠤᠨ ᠠᠭᠤᠰᠤᠯᠴᠠᠨ ᠬᠥᠭᠵᠢᠵᠦ᠂ ᠣᠯᠠᠨ ᠡᠰᠢᠵᠢᠭᠰᠡᠨ ᠬᠥᠳᠡᠭᠡ ᠲᠣᠰᠬᠤᠨ ᠤ | ᠵᠤᠭᠠᠴᠠᠯ ᠰᠡᠯᠡᠭᠦᠴᠡᠯ ᠤᠨ ᠦᠢᠯᠡᠰ ᠥᠷᠨᠢᠨ ᠬᠥᠭᠵᠢᠭᠰᠡᠨ ᠶᠤᠮ᠃ ᠲᠢᠶᠠᠨᠱᠠᠨᠺᠸᠦ ᠪᠠᠯᠭᠠᠰᠤᠨ ᠤ ᠱᠢ ᠵᠢᠶᠠ | ᠳ᠋ᠤᠸᠠᠨ ᠲᠣᠰᠬᠤᠨ ᠤ ᠹᠦ᠋ ᠸᠠ ᠠᠮᠢ ᠠᠬᠤᠶ ᠶᠢᠨ ᠬᠦᠷᠢᠶᠡᠯᠡᠩ ᠡᠭᠦᠳᠡ ᠪᠠᠨ ᠨᠡᠭᠡᠭᠡᠵᠦ ᠡᠷᠦᠬᠡ ᠪᠠᠨ | ᠰᠡᠬᠦᠭᠰᠡᠨ ᠠᠴᠠ ᠠᠷᠤ ᠬᠤᠷᠴᠢᠨ ᠬᠤᠰᠢᠭᠤᠨ ᠳᠤ ᠪᠠᠰᠠ ᠨᠢᠭᠡ ᠠᠮᠢ ᠠᠬᠤᠶ ᠶᠢᠨ ᠰᠡᠯᠡᠭᠦᠴᠡᠯ ᠵᠤᠭᠠᠴᠠᠯ ᠤᠨ | ᠭᠠᠵᠠᠷ ᠨᠡᠮᠡᠭᠳᠡᠯ᠎ᠡ᠃ | | | | ᠹᠦ᠋ ᠸᠠ ᠠᠮᠢ ᠠᠬᠤᠶ ᠶᠢᠨ ᠬᠦᠷᠢᠶᠡᠯᠡᠩ ᠨᠢ ᠲᠢᠶᠠᠡᠱᠠᠡᠺᠸᠣ ᠪᠠᠯᠭᠠᠰᠤᠨ ᠤ ᠱᠢ ᠵᠢᠶᠠ ᠳ᠋ᠤᠸᠠᠨ | ᠲᠣᠰᠬᠤᠨ ᠳᠤ ᠪᠠᠶᠢᠷᠢᠯᠠᠵᠤ᠂ ᠴᠢᠪᠠᠭ᠎ᠠ ᠬᠤᠲᠠ ᠲᠣᠭᠤᠷᠢᠭ ᠠᠴᠠ ᠲᠡᠷᠭᠡ ᠪᠠᠷ ᠵᠠᠮᠨᠠᠪᠠᠯ ᠠᠷᠪᠠᠭ᠋ᠠᠨ ᠮᠢᠨᠦ᠋ᠲ ᠲᠤ | ᠬᠦᠷᠴᠢᠬᠡᠳᠡᠭ ᠶᠤᠮ᠃ 2000 ᠲᠡᠭᠰᠢ ᠳᠥᠷᠪᠡᠯᠵᠢᠨ ᠮᠧᠲᠷ ᠲᠠᠯᠠᠪᠠᠢ ᠪᠦᠬᠦᠢ ᠳᠠᠶᠢᠯᠠᠯᠭ᠎ᠠ ᠶᠢᠨ ᠲᠢᠩᠬᠢᠮ ᠨᠢ | ᠠᠭᠤᠵᠢᠮ ᠰᠠᠷᠠᠭᠤᠯ ᠮᠥᠷᠲᠡᠭᠡᠨ ᠠᠮᠢᠵᠢᠷᠠᠯ ᠡᠰᠡᠨᠢᠯ ᠤᠨ ᠨᠣᠭᠤᠭᠠᠨ ᠥᠩᠭᠡ ᠪᠠᠷ ᠴᠢᠮᠡᠭᠯᠡᠨ ᠵᠠᠰᠠᠭᠰᠠᠨ ᠢᠶᠠᠷ ᠪᠠᠨ | ᠣᠨᠴᠠᠯᠠᠭᠳᠠᠳᠠᠭ᠃ | | | | 200 ᠲᠡᠭᠰᠢ ᠳᠥᠷᠪᠡᠯᠵᠢᠨ ᠮᠧᠲᠷ ᠤᠨ ᠨᠦᠬᠡᠨ ᠭᠡᠷ ᠤᠨ ᠰᠢᠷᠠᠯᠠᠭ᠎ᠠ ᠶᠢᠨ ᠰᠠᠭᠤᠷᠢᠨ ᠭᠠᠵᠠᠷ ᠲᠤ | ᠰᠢᠷᠠᠭᠰᠠᠨ ᠬᠤᠨᠢᠨ ᠬᠠᠪᠢᠷᠭ᠎ᠠ᠂ ᠰᠢᠷᠠᠭᠰᠠᠨ ᠬᠤᠨᠢᠨ ᠭᠤᠶ᠎ᠠ᠂ ᠰᠢᠷᠠᠭᠰᠠᠨ ᠭᠠᠭ᠋ᠠᠶ ᠶᠢᠨ ᠰᠢᠭᠢᠷ᠎ᠡ ᠵᠢᠴᠢ ᠠᠮᠲᠠᠲᠤ | ᠲᠥᠮᠥᠰᠥ ᠵᠡᠷᠭᠡ ᠠᠮᠲᠠᠲᠤ ᠢᠳᠡᠭᠡᠨ ᠪᠠᠶᠢᠵᠤ᠂ ᠥᠪᠡᠷᠮᠢᠴᠡ ᠣᠨᠴᠠᠯᠢᠭ ᠲᠠᠢ ᠬᠥᠳᠡᠭᠡ ᠲᠣᠰᠬᠤᠨ ᠤ ᠢᠳᠡᠭᠡᠨ | ᠤᠮᠳᠠᠭᠠᠨ ᠤ ᠰᠣᠶᠣᠯ ᠢ ᠭᠦᠢᠴᠡᠣᠨ ᠳᠡᠯᠭᠡᠨ ᠬᠠᠷᠠᠭᠤᠯᠵᠤ ᠴᠢᠳᠠᠭᠰᠠᠨ ᠶᠤᠮ᠃ ᠢᠳᠡᠭᠡᠨ ᠤᠮᠳᠠᠭᠠᠨ | ᠨᠢᠭᠡᠪᠦᠷᠢ ᠠᠴᠠ ᠨᠢ ᠬᠥᠳᠡᠭᠡ ᠲᠣᠰᠬᠤᠨ ᠤ ᠬᠠᠯᠠᠭᠤᠨ ᠳᠤᠯᠠᠭᠠᠨ ᠪᠣᠯᠤᠨ ᠰᠠᠶᠢᠨ ᠰᠠᠶᠢᠬᠠᠨ ᠡᠷᠬᠡ ᠦᠭᠡᠢ | ᠮᠡᠳᠡᠷᠡᠭᠳᠡᠵᠦ ᠪᠠᠶᠢᠯ᠎ᠠ᠃ | | | | 2025 ᠣᠨ ᠳᠤ ᠹᠦ᠋ ᠸᠠ ᠠᠮᠢ ᠠᠬᠤᠶ ᠶᠢᠨ ᠬᠦᠷᠢᠶᠡᠯᠡᠩ ᠤᠨ ᠬᠢᠨ ᠬᠤᠯᠪᠣᠭᠳᠠᠯ ᠪᠦᠬᠦᠢ ᠠᠵᠤ | ᠦᠢᠯᠡᠰ ᠤᠨ ᠬᠥᠭᠵᠢᠯᠲᠡ ᠶᠢ ᠦᠷᠭᠦᠯᠵᠢᠯᠡᠨ ᠭᠦᠨᠵᠡᠭᠡᠶᠢᠷᠡᠭᠦᠯᠵᠦ᠂ ᠭᠤᠸ᠎ᠠ ᠵᠢᠮᠢᠰ ᠢᠳᠡᠰᠢᠨ ᠨᠣᠭᠤᠭ᠎ᠠ ᠶᠢᠨ | ᠬᠦᠯᠡᠮᠵᠢ ᠵᠡᠷᠭᠡ 17 ᠰᠠᠭᠤᠷᠢ ᠠᠮᠢ ᠠᠬᠤᠶ ᠶᠢᠨ ᠲᠣᠮᠣ ᠬᠦᠯᠡᠮᠵᠢ ᠶᠢ ᠪᠠᠶᠢᠭᠤᠯᠬᠤ ᠪᠠᠷ ᠪᠠᠶᠢᠨ᠎ᠠ︔ 700 ᠲᠡᠭᠰᠢ | ᠳᠥᠷᠪᠡᠯᠵᠢᠨ ᠮᠧᠲᠷ ᠲᠠᠯᠠᠪᠠᠢ ᠪᠦᠬᠦᠢ ᠭᠡᠷ ᠳᠣᠲᠣᠷᠠᠬᠢ ᠰᠤᠳᠤᠯᠤᠨ ᠰᠤᠷᠤᠯᠴᠠᠬᠤ ᠰᠠᠭᠤᠷᠢᠨ ᠢ ᠪᠠᠶᠢᠭᠤᠯᠵᠤ᠂ | ᠬᠡᠦᠬᠡᠳ ᠤᠳ ᠲᠤ ᠨᠠᠭᠠᠳᠤᠨ ᠰᠡᠯᠡᠭᠦᠴᠡᠬᠦ ᠳᠤᠮᠳᠠ ᠮᠡᠳᠡᠯᠭᠡ ᠰᠤᠷᠬᠤ ᠪᠠ ᠪᠠᠶᠢᠭᠠᠯᠢ ᠲᠠᠢ ᠠᠭᠤᠰᠤᠯᠴᠠᠭᠰᠠᠨ | ᠰᠤᠷᠤᠯᠴᠠᠬᠤ ᠣᠷᠣᠨ ᠵᠠᠶ ᠶᠢ ᠬᠠᠩᠭᠠᠨ ᠥᠭᠴᠦ᠂ ᠲᠠᠷᠢᠶᠠᠯᠠᠬᠤ ᠰᠣᠶᠣᠯ ᠢ ᠪᠡᠶᠡᠴᠢᠯᠡᠨ ᠤᠶᠢᠯᠠᠭᠠᠵᠤ᠂ ᠲᠠᠷᠢᠵᠤ | ᠲᠡᠭᠦᠵᠦ ᠴᠤᠭᠯᠠᠭᠤᠯᠵᠤ᠂ ᠪᠠᠶᠢᠭᠠᠯᠢ ᠠᠬᠤᠶ ᠶᠢᠨ ᠭᠦᠨ ᠨᠢᠭᠤᠴᠠᠬᠠᠶ ᠶᠢ ᠬᠠᠶᠢᠨ ᠰᠦᠪᠡᠭᠴᠢᠯᠡᠵᠦ ᠪᠣᠯᠤᠨ᠎ᠠ᠃ | ᠲᠡᠶᠢᠮᠦ ᠮᠥᠷᠲᠡᠭᠡᠨ ᠲᠣᠮᠣ ᠬᠡᠯᠪᠡᠷᠢ ᠶᠢᠨ ᠤᠰᠤᠨ ᠳᠡᠭᠡᠷᠡᠬᠢ ᠴᠡᠩᠭᠡᠯ ᠤᠨ ᠬᠦᠷᠢᠶᠡᠯᠡᠩ ᠪᠣᠯᠤᠨ ᠴᠠᠬᠢᠯᠭᠠᠨ | ᠬᠥᠳᠡᠯᠭᠡᠭᠴᠢ ᠬᠦᠴᠦ ᠦᠭᠡᠢ ᠴᠡᠩᠭᠡᠯ ᠤᠨ ᠬᠦᠷᠢᠶᠡᠯᠡᠩ ᠲᠣᠭᠤᠷᠢᠭ ᠢ ᠪᠠᠶᠢᠭᠤᠯᠵᠤ ᠵᠤᠭᠠᠴᠠᠭᠰᠠᠳ ᠲᠤ ᠲᠠᠪᠠᠲᠠᠶ | ᠮᠣᠷᠢᠯᠠᠵᠤ ᠬᠠᠨᠲᠠᠯ᠎ᠠ ᠨᠠᠭᠠᠳᠬᠤ ᠭᠠᠵᠠᠷ ᠪᠣᠯᠭᠠᠨ ᠪᠠᠶᠢᠭᠤᠯᠬᠤ ᠪᠠᠷ ᠲᠥᠰᠦᠪᠯᠡᠵᠦ ᠪᠣᠢ᠃ | | | | ᠣᠳᠣᠬᠠᠨ ᠳᠤ᠂ ᠴᠡᠭ ᠢᠶᠠᠷ ᠨᠡᠶᠢᠳᠡᠮ ᠢ ᠳᠠᠶᠢᠴᠢᠯᠠᠨ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠶᠢ ᠠᠬᠢᠭᠤᠯᠬᠤ ᠦᠢᠯᠡᠳᠣᠯᠭᠡ ᠶᠠᠭ ᠡᠯ᠎ᠡ ᠭᠠᠵᠠᠷ ᠲᠤ ᠬᠥᠷ ᠬᠥᠭᠵᠢᠶᠡᠨ ᠲᠠᠢ ᠥᠷᠨᠢᠨ ᠶᠠᠪᠤᠭᠳᠠᠵᠤ | ᠪᠠᠶᠢᠭ᠎ᠠ ᠲᠠᠰᠢᠷᠠᠮ ᠳᠤ᠂ ᠲᠢᠶᠠᠨᠱᠠᠨᠺᠸᠦ ᠪᠠᠯᠭᠠᠰᠤᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠦᠷᠭᠦᠯᠵᠢᠯᠡᠨ | ᠤᠯᠠᠭᠠᠨ ᠯᠠᠵᠤᠤ᠂ ᠨᠠᠷᠢᠮᠤ᠂ ᠪᠣᠷᠣ ᠥᠩᠭᠡᠲᠦ ᠨᠣᠭᠤᠭ᠎ᠠ ᠵᠢᠮᠢᠰ ᠪᠣᠯᠤᠨ ᠠᠯᠲᠠᠨ ᠤ ᠠᠭᠤᠷᠬᠠᠶ ᠪᠠᠷ | ᠭᠤᠤᠯᠳᠠᠭᠤᠯᠤᠭᠰᠠᠨ ᠠᠵᠤ ᠦᠢᠯᠡᠰ ᠤᠨ ᠰᠢᠰᠲ᠋ᠧᠮ ᠢ ᠪᠦᠷᠢᠨᠰᠢᠭᠦᠯᠬᠦ ᠬᠥᠭᠵᠢᠯᠲᠡ ᠶᠢᠨ ᠰᠡᠳᠬᠢᠴᠡ ᠪᠠᠷ ᠡᠷᠡᠯᠬᠡᠭᠯᠡᠨ | ᠤᠷᠤᠭᠰᠢᠯᠠᠵᠤ ᠪᠣᠶ᠃ | | | | ᠬᠤᠲᠠ ᠲᠣᠭᠤᠷᠢᠭ ᠤᠨ ᠣᠶᠢᠷ᠎ᠠ ᠲᠡᠭᠦᠷᠭᠡ ᠶᠢᠨ ᠳᠥᠭᠦᠮ ᠳᠥᠲᠡ ᠵᠠᠮ ᠬᠠᠷᠢᠯᠴᠠᠭᠠᠨ ᠤ ᠨᠥᠬᠦᠴᠡᠯ | ᠪᠣᠯᠤᠮᠵᠢ ᠪᠣᠯᠤᠨ ᠨᠠᠷᠡᠲᠦ ᠲᠥᠷᠥᠯ ᠲᠡᠮᠳᠡᠭᠲᠦ ᠶᠢᠨ ᠳᠠᠪᠠᠭᠤᠯᠢᠭ ᠲᠠᠢ ᠪᠠᠨ ᠤᠶᠠᠯᠳᠤᠭᠤᠯᠤᠨ᠂ ᠰᠡᠯᠡᠭᠦᠴᠡᠨ | ᠲᠣᠭᠤᠷᠢᠵᠤ ᠲᠡᠭᠦᠵᠦ ᠴᠤᠭᠯᠠᠭᠤᠯᠬᠤ᠂ ᠬᠥᠳᠡᠭᠡ ᠲᠣᠰᠬᠤᠨ ᠤ ᠣᠷᠣᠨ ᠰᠠᠭᠤᠴᠠ ᠪᠣᠯᠤᠨ ᠣᠨᠴᠠᠯᠢᠭᠲᠤ ᠢᠳᠡᠭᠡᠨ | ᠤᠮᠳᠠᠭᠠᠨ ᠵᠡᠷᠭᠡ ᠣᠳᠣ ᠦᠶ᠎ᠡ ᠶᠢᠨ ᠡᠵᠡᠩᠨᠡᠯᠲᠡ ᠶᠢᠨ ᠵᠠᠭᠪᠤᠷ ᠢ ᠢᠳᠡᠪᠬᠢᠲᠡᠶ ᠬᠠᠶᠢᠨ ᠰᠦᠪᠡᠭᠴᠢᠯᠡᠵᠦ᠂ ᠬᠥᠳᠡᠭᠡ | ᠲᠣᠰᠬᠤᠨ ᠤ ᠠᠮᠢᠵᠢᠷᠠᠯ ᠤᠨ ᠬᠦᠴᠦᠨ ᠭᠦᠢᠴᠡᠣᠨ ᠬᠥᠭᠵᠢᠭᠡᠨ ᠪᠠᠳᠠᠷᠠᠭᠠᠵᠤ᠂ ᠣᠯᠠᠨ ᠲᠦᠮᠡᠨ ᠢ ᠨᠠᠩ ᠪᠠᠶᠠᠨ | ᠴᠢᠨᠡᠭᠡᠯᠢᠭᠵᠢᠭᠦᠯᠬᠦ ᠨᠢ ᠯᠠᠪᠲᠠᠶ᠃ ︵ᠳ᠋ᠦᠩ ᠱᠤᠸᠠᠩ᠂ ᠵᠢᠶᠠ ᠮᠧᠩ ᠶᠤᠸᠠᠨ᠂ ᠲᠧᠩ ᠷᠠᠨ︶ |