ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠶᠢ ᠨᠠᠶᠢᠳᠠᠪᠤᠷᠢᠵᠢᠭᠤᠯᠤᠨ ᠲᠤᠭᠤᠰᠢᠯᠠᠭᠤᠯᠵᠤ᠂ | ᠲᠤᠮᠳᠡᠳᠦ ᠶᠢᠨ ᠦᠨᠳᠦᠰᠦᠲᠡᠨ ᠤ ᠬᠠᠮᠲᠦ ᠶᠢᠨ ᠴᠤᠭᠴᠠ ᠶᠢᠨ ᠤᠬᠠᠮᠰᠠᠷ ᠢ ᠴᠢᠩᠭᠠᠳᠬᠠᠨ᠂ ᠰᠢ ᠶᠢᠨ ᠫᠢᠩ | ᠶᠡᠷᠦᠩᠭᠡᠢ ᠱᠥᠵᠢ ᠶᠢᠨ ᠲᠣᠷᠠᠳᠣᠭᠰᠠᠨ ︽ᠮᠣᠩᠭᠤᠯ ᠮᠣᠷᠢᠨ ᠤ ᠵᠣᠷᠢᠭ ᠰᠠᠨᠠᠭ᠎ᠠ︾ ᠪᠠᠷ ᠠᠵᠢᠯ ᠤᠨ ᠵᠢᠯᠣᠭᠤᠳᠣᠮᠵᠢ | ᠪᠣᠯᠭᠠᠨ ᠣᠯᠠᠮᠵᠢᠯᠡᠯᠳᠤ ᠰᠤᠶᠣᠯ ᠲᠠᠮᠢᠷ ᠤᠨ ᠬᠥᠳᠡᠯᠭᠡᠬᠡᠨ ᠢᠶᠠᠷ ᠪᠦᠬᠦ ᠠᠷᠠᠳ ᠢᠶᠠᠷ ᠢᠶᠠᠨ ᠴᠢᠬᠢᠷᠬᠠᠵᠢᠬᠤ ᠵᠢᠴᠢ | ᠠᠳᠤᠭᠤᠨ ᠰᠣᠶᠣᠯ ᠢᠶᠠᠨ ᠣᠯᠠᠮ ᠬᠥᠭᠵᠢᠭᠦᠯᠬᠦ ᠶᠢᠨ ᠵᠣᠷᠢᠯᠲᠠ ᠠᠴᠠ ᠠᠷᠤ ᠬᠤᠷᠴᠢᠨ ᠬᠤᠰᠢᠭᠤᠨ ᠤ ︽ᠠᠳᠤᠭᠤᠨ | ᠣᠪᠤᠭ᠎ᠠ︾ ᠶᠢᠨ ᠬᠥᠭᠡ ᠯᠤᠣ ᠵᠢᠯ ᠤᠨ ᠲᠠᠬᠢᠯᠭ᠎ᠠ ᠵᠢᠴᠢ ᠭᠤᠷᠪᠠᠳᠤᠭᠠᠷ ᠤᠳᠠᠭᠠᠨ ᠤ ᠠᠳᠤᠭᠤᠨ ᠰᠣᠶᠣᠯ ᠤᠨ | ᠨᠠᠶᠢᠷ ᠢᠶᠠᠨ ᠡᠷᠬᠢᠯᠡᠨ ᠶᠠᠪᠤᠭᠲᠠᠭᠤᠯᠬᠤ ᠪᠠᠷ ᠪᠤᠢ᠃ ᠥᠷᠭᠡᠨ ᠣᠯᠠᠨ ᠮᠠᠯᠴᠢᠨ ᠲᠠᠷᠢᠶᠠᠴᠢᠨ ᠵᠢᠴᠢ ᠬᠤᠯᠠ | ᠣᠶᠢᠷ᠎ᠠ ᠶᠢᠨ ᠵᠣᠭᠠᠴᠠᠭᠴᠢᠳ᠂ ᠨᠠᠭᠠᠳᠦᠮᠴᠢᠳ᠂ ᠣᠶᠠᠭᠠᠴᠢᠳ᠂ ᠪᠥᠭᠡᠴᠦᠳ᠂ ᠰᠤᠷᠴᠢᠳ ᠢᠶᠠᠨ ᠬᠥᠨᠳᠤᠳᠬᠡᠨ | ᠤᠷᠢᠵᠤ ᠪᠠᠶᠢᠨ᠎ᠠ᠃ | ᠭᠤᠣᠯᠯᠠᠨ ᠡᠷᠬᠢᠯᠡᠬᠦ ᠨᠢᠭᠡᠴᠠ᠄ ᠠᠷᠦ ᠬᠤᠷᠴᠢᠨ ᠬᠤᠰᠢᠭᠤᠨ ᠤ ᠠᠳᠤᠭᠤᠨ ᠰᠣᠶᠣᠯ ᠤᠨ ᠨᠡᠶᠢᠭᠡᠮᠡᠯᠢᠭ | ᠲᠠᠭᠠᠭᠠᠴᠢᠯᠡᠨ ᠡᠷᠬᠢᠯᠡᠬᠦ ᠨᠢᠭᠡᠴᠡ᠄ ᠵᠢᠭᠠᠰᠤᠲᠠᠢ ᠨᠤᠲᠤᠭ ᠰᠣᠶᠣᠯ ᠳᠠᠮᠢᠷ ᠤᠨ ᠬᠥᠳᠡᠯᠭᠡᠭᠡᠨ ᠤ | ᠨᠡᠶᠢᠭᠡᠮᠯᠢᠭ | ᠳᠠᠬᠢᠯᠭ᠎ᠠ ᠶᠢᠨ ᠴᠠᠭ᠄ 2024 ᠣᠨ ᠤ ᠠᠷᠭ᠎ᠠ ᠶᠢᠨ ᠣᠯᠠᠷᠢᠯ ᠤᠨ 7 ᠰᠠᠷ᠎ᠠ ᠶᠢᠨ 13 ᠤ ᠡᠳᠦᠷ ︵ | ᠪᠢᠯᠢᠭ ᠦᠨᠣᠯᠠᠷᠢᠯ ᠤᠨ ᠵᠢᠷᠭᠤᠭᠠᠨ ᠰᠠᠷ᠎ᠡ ᠶᠢᠨ ᠰᠢᠨ᠎ᠡ ᠶᠢᠨ ᠨᠠᠢᠮᠡᠨ︶ ᠤᠨ ᠡᠷᠲᠡ ᠶᠢᠨ 4 ᠴᠠᠭ | ᠳᠠᠬᠢᠯᠭ᠎ᠠ ᠶᠢᠨ ᠭᠠᠵᠠᠷ᠄ ᠬᠤᠰᠢᠭᠤᠨ ᠠᠳᠤᠭᠤᠨ ᠣᠪᠤᠭ᠎ᠠ ︵ᠬᠤᠨᠲᠤ ᠪᠠᠯᠭᠠᠰᠤ ᠶᠢᠨ ᠣᠡᠭᠭᠤᠡᠮᠣᠳᠤ | ᠭᠠᠴᠠᠭ᠎ᠠ︶ | ᠨᠡᠶᠢᠷ ᠤᠨ ᠴᠠᠭ᠄ 2024 ᠣᠨ ᠤ ᠠᠷᠭ᠎ᠠ ᠶᠢᠨ ᠣᠯᠠᠷᠢᠯ ᠤᠨ 7 ᠰᠠᠷ᠎ᠠ ᠶᠢᠨ 14 ᠤ ᠡᠳᠦᠷ ︵ᠪᠢᠯᠢᠭ | ᠤᠨᠣᠯᠠᠷᠢᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ ᠶᠢᠰᠤᠨ︶ | ᠨᠠᠶᠢᠷ ᠤᠨ ᠭᠠᠵᠠᠷ᠄ ᠵᠢᠭᠠᠰᠤᠲᠠᠢ ᠪᠠᠯᠭᠠᠰᠤ ᠶᠢᠨ ᠦᠭᠡᠷᠴᠢᠯᠠᠭᠤ ᠭᠠᠴᠠᠭ᠎ᠠ | ᠨᠢᠭᠡ᠂ ᠠᠳᠤᠭᠤᠨ ᠰᠤᠶᠣᠯ ᠤᠨ ᠬᠠᠮᠢᠶᠡᠲᠡᠢ ᠦᠵᠡᠭᠦᠯᠭᠡ ᠵᠢᠴᠢ ᠣᠷᠤᠯᠳᠤᠭᠠᠨ᠄ | 7 ᠰᠠᠷ᠎ᠠ ᠶᠢᠨ 14 ᠤ ᠡᠳᠦᠷ ᠤᠨ ᠦᠳᠡ ᠶᠢᠨ ᠡᠮᠦᠨ᠎ᠡ ᠮᠣᠷᠢ ᠣᠷᠭᠠᠯᠠᠬᠤ᠂ ᠡᠮᠨᠢᠭ ᠰᠤᠷᠭᠠᠬᠤ᠂ | ᠬᠠᠳᠠᠭ ᠰᠢᠭᠦᠷᠡᠬᠦ ᠦᠵᠡᠭᠦᠯᠭᠡ ᠪᠣᠯᠣᠨ ᠮᠣᠷᠢᠨ ᠲᠡᠭᠡᠷ᠎ᠡ ᠠᠴᠠ ᠪᠢᠯᠠᠭᠤ ᠴᠣᠬᠢᠬᠤ᠂ ᠴᠢᠳᠤᠷ ᠮᠤᠰᠬᠢᠬᠤ᠂ ᠨᠤᠭᠲᠤ | ᠵᠠᠩᠭᠢᠣᠡᠬᠤ᠂ ᠲᠠᠰᠢᠭᠤᠷ ᠬᠦᠷᠦᠬᠦ ᠵᠡᠷᠭᠡ ᠣᠷᠣᠯᠳᠤᠭᠠᠨ ᠪᠣᠯᠣᠨ ᠮᠣᠷᠢᠨ ᠨᠢᠷᠣᠭᠤᠨ ᠲᠡᠭᠡᠷᠡᠬᠢ ᠬᠠᠮᠤᠭ ᠤᠨ ᠭᠤᠶᠤ | ᠠᠮᠠᠷᠠᠭ ᠬᠤᠣᠰ ᠪᠣᠯᠣᠨ ᠭᠠᠩᠭᠠᠩ ᠡᠮᠡᠭᠡᠯ ᠤᠨ ᠰᠢᠯᠭᠠᠷᠠᠭᠤᠯᠤᠯᠲᠠ ᠶᠢ ᠶᠠᠪᠤᠭᠳᠠᠭᠤᠯᠤᠨ᠎ᠠ᠃ ᠮᠣᠷᠢᠨ ᠳᠡᠭᠡᠷ᠎ᠡ ᠠᠴᠠ | ᠪᠢᠯᠠᠭᠤ ᠴᠣᠬᠢᠬᠤ ᠣᠷᠣᠯᠳᠤᠭᠠᠨ ᠤ ᠡᠮᠦᠨ᠎ᠡ 8 ᠶᠢ ᠱᠠᠩᠨᠠᠵᠤ᠂ ᠲᠡᠷᠢᠭᠦᠨ ᠱᠠᠩ 1000 ᠳᠦᠭᠦᠷᠢᠭ᠃ | ᠬᠠᠷᠢᠯᠴᠠᠬᠤ ᠬᠥᠮᠥᠨ᠄ ᠰᠠᠷᠠᠨᠴᠣᠭᠲᠤ ᠬᠠᠷᠢᠯᠴᠠᠬᠤ ᠤᠳᠠᠰᠤ : 138 4876 6673 | ᠴᠢᠳᠤᠷ ᠮᠤᠰᠬᠢᠬᠤ᠂ ᠨᠣᠭᠲᠤ ᠵᠠᠩᠭᠢᠳᠬᠤ᠂ ᠲᠠᠰᠢᠭᠤᠷ ᠬᠥᠷᠦᠬᠦ ᠣᠷᠣᠯᠳᠤᠭᠠᠨ᠂ ᠮᠣᠷᠢᠨ ᠨᠢᠷᠤᠭᠤᠨ | ᠳᠡᠭᠡᠷᠡᠬᠢ ᠬᠠᠮᠤᠭ ᠤᠨ ᠭᠤᠶᠣ ᠠᠮᠠᠷᠠᠭ ᠬᠤᠣᠰ ᠪᠣᠯᠣᠨ ᠭᠠᠩᠭᠠᠩ ᠡᠮᠡᠭᠡᠯ ᠤᠨ ᠰᠢᠯᠭᠠᠷᠠᠭᠤᠯᠤᠯᠲᠠ ᠳᠤ | ᠣᠷᠣᠯᠴᠠᠭᠰᠠᠨ ᠬᠥᠮᠥᠨ ᠤ ᠲᠤᠭ᠎ᠠ ᠶᠢ ᠦᠨᠳᠦᠰᠦᠯᠡᠵᠦ ᠱᠠᠩᠨᠠᠨ᠎ᠠ᠃ | ᠬᠠᠷᠢᠯᠴᠠᠬᠤ ᠬᠥᠮᠥᠨ᠄ ᠰᠡᠴᠠᠩᠭᠤᠸᠠ ᠬᠠᠷᠢᠯᠴᠠᠬᠤ ᠤᠳᠠᠰᠤ : 157 5040 0214 | ᠬᠤᠶᠠᠷ᠂ ᠮᠣᠷᠢᠨ ᠣᠷᠣᠯᠳᠤᠭᠠᠨ᠄ | 1.7 ᠰᠠᠷ᠎ᠠ ᠶᠢᠨ 13 ᠤ ᠡᠳᠦᠷ ᠤᠨ ᠥᠲᠡ ᠶᠢᠨ ᠬᠤᠶᠢᠨ᠎ᠠ 3 ᠴᠠᠭ ᠲᠤ᠄ 15 ᠭᠠᠵᠠᠷ ᠤᠨ ᠮᠣᠩᠭᠤᠯ | ᠵᠢᠷᠤᠭ᠎ᠠ ᠮᠣᠷᠢ᠂ 12 ᠭᠠᠵᠠᠷ ᠤᠨ ᠲᠠᠭ᠎ᠠ ᠶᠢᠨ ᠣᠷᠣᠯᠳᠤᠭᠠᠨ᠂ 15 ᠭᠠᠵᠠᠷ ᠤᠨ ᠮᠣᠩᠭᠤᠯ ᠬᠠᠳᠠᠷᠢᠶ᠎ᠠ ᠮᠣᠷᠢ᠂ | 20 ᠭᠠᠵᠠᠷ ᠤᠨ ᠰᠢᠳᠤᠯᠠᠩ ᠬᠢᠵᠠᠭᠠᠯᠠᠩ ︵ᠰᠢᠳᠤ ᠲᠠᠲᠠᠵᠤ᠂ ᠴᠢᠩᠭ᠎ᠠ ᠬᠢᠨᠠᠨ ᠲᠣᠭᠲᠠᠭᠠᠨ᠎ᠠ︶᠂ ᠠᠷᠦ ᠬᠤᠷᠴᠢᠨ | ᠬᠤᠰᠢᠭᠤᠨ ᠤ ᠰᠤᠮᠤ ᠪᠠᠯᠭᠠᠰᠤ ᠪᠠᠷ ᠨᠢᠭᠡᠴᠡ ᠪᠣᠯᠭᠠᠭᠰᠠᠨ 30 ᠭᠠᠵᠠᠷ ᠤᠨ ᠲᠠᠪᠤᠨ ᠮᠣᠷᠢᠨ ᠤ ᠬᠦᠴᠦᠨ ᠵᠠᠯᠭᠠᠬᠤ | ᠣᠷᠣᠯᠳᠤᠭᠠᠨ ᠢ ᠲᠠᠰ ᠳᠠᠷᠠᠭᠠᠯᠠᠨ ᠶᠠᠪᠤᠭᠲᠠᠭᠤᠯᠤᠨ᠎ᠠ᠃ | 2.7 ᠰᠠᠷ᠎ᠠ ᠶᠢᠨ 14 ᠤ ᠡᠳᠦᠷ ᠤᠨ ᠡᠷᠲᠡ ᠶᠢᠨ 3 ᠴᠠᠭ ᠲᠤ᠄ 35 ᠭᠠᠵᠠᠷ ᠤᠨ ᠮᠣᠩᠭᠤᠯ | ᠬᠤᠷᠳᠤᠨ ᠮᠤᠷᠢ᠂ 15 ᠭᠠᠵᠠᠷ ᠤᠨ ᠡᠷᠯᠢᠰᠠ ᠵᠢᠷᠤᠭ᠎ᠠ ᠮᠣᠷᠢ᠂ 35 ᠭᠠᠵᠠᠷ ᠤᠨ ᠡᠷᠯᠢᠰᠠ ᠬᠤᠷᠳᠦᠨ ᠮᠣᠷᠢ᠂ | 15 ᠭᠠᠵᠠᠷ ᠤᠨ ᠡᠷᠯᠢᠰᠠ ᠬᠠᠳᠠᠷᠢᠶᠡ ᠮᠣᠷᠢ᠂ 20 ᠭᠠᠵᠠᠷ ᠤᠨ ᠣᠶᠢᠷ᠎ᠠ ᠵᠠᠢ ᠶᠢᠨ ᠡᠭᠦᠯᠳᠡᠷ ᠴᠢᠨᠠᠷ ᠢᠯᠭᠠᠬᠤ | ᠦᠭᠡᠢ ᠬᠤᠷᠳᠤᠨ ᠮᠣᠷᠢᠨ ᠤ ᠣᠷᠣᠯᠳᠤᠭᠠᠨ ︵ᠪᠣᠰᠤᠳ ᠡᠯ᠎ᠡ ᠳᠥᠷᠣᠯ ᠤᠨ ᠣᠷᠣᠯᠳᠤᠭᠠᠨ ᠳᠤ ᠠᠵᠢᠷᠭ᠎ᠠ ᠪᠠ | ᠭᠡᠭᠦᠦ ᠣᠷᠣᠯᠴᠠᠭᠤᠯᠬᠤ ᠦᠭᠡᠢ︶ ᠢ ᠲᠠᠰ ᠳᠠᠷᠠᠭᠠᠯᠠᠨ ᠶᠠᠪᠤᠭᠲᠠᠭᠤᠯᠤᠨ᠎ᠠ᠃ | ᠡᠯ᠎ᠡ ᠲᠥᠷᠣᠯ ᠤᠨ ᠣᠷᠣᠯᠳᠤᠭᠠᠨ ᠤ ᠮᠣᠷᠢᠳ ᠢ ᠤᠯᠠᠭᠠᠬᠠᠭᠲᠠ ᠬᠤᠳᠠ ᠶᠢᠨ ᠮᠣᠷᠢᠳ ᠢᠶᠠᠷ | ᠬᠢᠵᠠᠭᠠᠷᠯᠠᠵᠤ᠂ ᠠᠷᠦ ᠬᠤᠷᠴᠢᠨ ᠬᠤᠰᠢᠭᠤᠨ ᠤ ᠰᠤᠮᠤ ᠪᠠᠯᠭᠠᠰᠤ ᠪᠠᠷ ᠨᠢᠭᠡᠴᠡ ᠪᠣᠯᠭᠠᠭᠰᠠᠨ ᠲᠠᠪᠤᠨ ᠮᠣᠷᠢᠨ ᠤ | ᠬᠦᠴᠦᠨ ᠵᠠᠯᠭᠠᠬᠤ ᠣᠷᠤᠯᠳᠤᠭᠠᠨ ᠤ ᠲᠡᠷᠢᠭᠦᠨ ᠤ ᠨᠢᠭᠡᠴᠡ ᠳᠤ 5000 ᠳᠦᠭᠦᠷᠢᠭ᠂ ᠲᠡᠳ᠋ ᠲᠤ 4000 | ᠳᠦᠭᠦᠷᠢᠭ᠂ ᠭᠤᠳᠠᠭᠠᠷ ᠲᠤ 3000 ᠳᠦᠭᠦᠷᠢᠭ ᠤᠨ ᠱᠠᠩ ᠲᠠᠢ᠃ ᠪᠤᠰᠤᠳ ᠶᠢᠰᠦᠨ ᠳᠦᠷᠦᠯ ᠤᠨ ᠮᠣᠷᠢᠨ | ᠣᠷᠣᠯᠳᠤᠭᠠᠨ ᠤ ᠡᠮᠦᠨ᠎ᠡ 16 ᠶᠢ ᠱᠠᠩᠨᠠᠵᠤ᠂ ᠠᠶᠢᠷᠠᠭ ᠤᠨ ᠲᠠᠪᠤ ᠳᠤ ᠲᠠᠪᠤᠨ ᠬᠤᠰᠢᠭᠤ ᠮᠠᠯ ᠢ ᠰᠤᠪᠣᠷᠠᠭᠤᠯᠵᠤ | ᠱᠠᠩᠨᠠᠨ᠎ᠠ᠃ ᠭᠤᠷᠪᠠᠨ ᠳᠦᠷᠦᠯ ᠤᠨ ᠮᠣᠩᠭᠤᠯ ᠮᠣᠷᠢᠨ ᠤ ᠣᠷᠣᠯᠳᠣᠭᠠᠨ ᠳᠤ ᠣᠷᠣᠯᠴᠠᠬᠤ ᠮᠣᠷᠢᠳ ᠢ 1.42 | ᠮᠧᠲᠷ ᠢᠶᠠᠷ ᠪᠠᠷᠢᠮᠵᠢᠶᠠᠯᠠᠵᠤ᠂ ᠲᠠᠪᠬᠤᠷ ᠬᠢᠨᠠᠯᠲᠠ ᠬᠢᠵᠦ ᠪᠦᠬᠦᠶᠢᠯᠡ ᠣᠷᠣᠯᠳᠤᠭᠠᠨ ᠳᠤ ᠣᠷᠣᠯᠴᠠᠬᠤ ᠮᠣᠷᠢᠳ ᠢ | ᠬᠢᠨᠠᠭᠴᠢ ᠶᠢᠨ ᠲᠣᠭᠤᠶᠢᠯᠠᠩ ᠠᠴᠠ ᠬᠢᠨᠠᠨ ᠲᠣᠭᠲᠠᠭᠠᠨ᠎ᠠ᠃ ᠠᠷᠤ ᠬᠤᠷᠴᠢᠨ ᠬᠤᠰᠢᠭᠤᠨ ᠤ ᠡᠯ᠎ᠠ ᠰᠤᠮᠤ ᠪᠠᠯᠭᠠᠰᠤ | ᠶᠢᠨ ᠣᠷᠣᠯᠳᠤᠭᠠᠨ ᠤ ᠮᠣᠷᠢᠤᠨ ᠰᠤᠮᠤ ᠪᠠᠯᠭᠠᠰᠤ ᠪᠠᠷ ᠨᠢᠭᠡᠴᠡ ᠪᠣᠯᠭᠠᠨ ᠮᠡᠳᠡᠭᠦᠯᠵᠤ᠂ ᠪᠤᠰᠤᠳ ᠠᠬ᠎ᠠ ᠲᠡᠭᠦᠦ | ᠬᠤᠰᠢᠭᠤ ᠰᠢᠶᠠᠨ ᠤ ᠤᠷᠣᠯᠳᠣᠭᠠᠨ ᠤ ᠮᠣᠷᠢᠳ ᠬᠤᠰᠢᠭᠤ ᠰᠢᠶᠡᠨ ᠢᠶᠠᠷ ᠨᠢᠭᠡᠴᠡ ᠪᠣᠯᠭᠠᠨ ᠨᠡᠷ᠎ᠡ ᠮᠡᠳᠡᠭᠦᠯᠦᠨ᠎ᠡ᠃ | ᠬᠠᠷᠢᠯᠴᠠᠬᠤ ᠬᠥᠮᠥᠨ᠄ ᠪᠥᠭᠡ ᠰᠡᠷᠭᠦᠯᠡᠩ ᠬᠠᠷᠢᠯᠴᠠᠬᠤ ᠤᠳᠠᠰᠤ᠄ 158 4739 0028 | 13847658432 | ᠭᠤᠷᠪᠠ᠂ ᠪᠥᠭᠡ ᠶᠢᠨ ᠪᠠᠷᠢᠯᠳᠤᠭᠠᠨ᠄ | ᠢᠳᠡᠷ ᠵᠠᠯᠠᠭᠤ ᠪᠥᠭᠡ 128 ᠪᠠᠷᠢᠯᠳᠤᠭᠤᠯᠵᠤ᠂ ᠲᠡᠷᠢᠭᠦᠨ ᠱᠠᠩ ᠲᠠᠪᠤᠨ ᠬᠤᠰᠢᠭᠤ ᠮᠠᠯ᠂ ᠲᠡᠳ᠋ ᠲᠤ | ᠡᠮᠡᠭᠡᠯ ᠬᠠᠵᠠᠭᠠᠷ ᠲᠠᠢ ᠮᠣᠷᠢ᠃ | ᠬᠠᠷᠢᠯᠴᠠᠬᠤ ᠬᠥᠮᠥᠨ᠄ ᠲᠢᠶᠠᠡᠰᠠᠩ ᠬᠠᠷᠢᠯᠴᠠᠬᠤ ᠤᠳᠠᠰᠤ᠄ 138 4836 9301 | ᠬᠡᠦᠬᠡᠳ ᠤᠨ ᠪᠥᠭᠡ 64 ᠪᠠᠷᠢᠯᠳᠤᠭᠤᠯᠵᠤ᠂ ᠲᠡᠷᠢᠭᠦᠨ ᠱᠠᠩ 1000 ᠲᠥᠬᠦᠷᠢᠭ᠃ 2012 ᠣᠨ ᠤ | 1 ᠰᠠᠷ᠎ᠠ ᠶᠢᠨ 1 ᠤ ᠡᠳᠦᠷ ᠠᠴᠠ 2014 ᠣᠨ ᠤ 12 ᠰᠠᠷ᠎ᠠ ᠶᠢᠨ 30 ᠤ ᠡᠳᠦᠷ ᠤᠨ ᠬᠤᠭᠤᠷᠣᠨᠳᠦ | ᠳᠦᠷᠥᠭᠰᠡᠨ ᠭᠡᠦᠬᠡᠳ ᠢᠶᠠᠷ ᠬᠢᠵᠠᠭᠠᠷᠯᠠᠵᠦ᠂ ᠪᠡᠶ᠎ᠡ ᠶᠢᠨ ᠦᠨᠡᠮᠯᠡᠯ ᠢ ᠦᠵᠡᠵᠦ ᠣᠷᠣᠯᠴᠠᠭᠤᠯᠤᠨ᠎ᠠ᠃ | ᠬᠠᠷᠢᠯᠴᠠᠬᠤ ᠬᠥᠮᠥᠨ᠄ ᠪᠤᠶᠠᠨᠲᠦᠭᠦᠷᠡᠩ ᠬᠠᠷᠢᠯᠴᠠᠬᠤ ᠤᠳᠠᠰᠤ᠄ 138 4762 8752 | ᠳᠦᠷᠪᠡ᠂ ᠰᠤᠷ ᠬᠠᠷᠪᠤᠯᠲᠠ ᠶᠢᠨ ᠣᠷᠣᠯᠳᠣᠭᠠᠨ᠄ | ᠰᠣᠷ ᠬᠠᠷᠪᠤᠤ ᠣᠷᠣᠯᠳᠤᠭᠠᠨ ᠤ ᠡᠮᠦᠨ᠎ᠠ 16 ᠶᠢ ᠱᠠᠩᠨᠠᠵᠤ᠂ ᠲᠡᠷᠢᠭᠦᠨ ᠱᠠᠩ 1000 ᠳᠦᠭᠦᠷᠢᠭ᠃ | ᠬᠠᠷᠢᠯᠴᠠᠬᠤ ᠬᠥᠮᠥᠨ᠄ ᠠᠯᠳᠠᠩᠭᠡᠷᠡᠯ ᠪᠠᠲᠤᠪᠠᠶᠠᠷ ᠬᠠᠷᠢᠯᠴᠠᠬᠤ ᠤᠳᠠᠰᠤ᠄ 137 5413 | 4755 138 4806 1464 | ᠳᠠᠪᠤ᠂ ᠨᠡᠷᠡᠳᠦ ᠪᠦᠲᠦᠭᠡᠭᠳᠡᠭᠦᠨ ᠤ ᠳᠡᠯᠭᠡᠨ ᠦᠵᠡᠭᠦᠯᠭᠡ᠄ | ᠠᠷᠦ ᠬᠤᠷᠴᠢᠨ ᠬᠤᠰᠢᠭᠤᠨ ᠤ ᠨᠡᠷᠡᠳᠤ ᠮᠠᠯ ᠲᠡᠷᠢᠶᠠᠯᠠᠩ ᠤᠨ ᠪᠦᠲᠦᠭᠡᠭᠳᠡᠭᠦᠨ᠂ ᠤᠯᠠᠭᠠᠨ ᠴᠠᠭᠠᠨ | ᠢᠳᠡᠭᠡᠨ᠂ ᠦᠨᠳᠦᠰᠦᠲᠡᠨ ᠤ ᠤᠯᠠᠮᠵᠢᠯᠡᠯᠳᠦ ᠬᠤᠪᠴᠡᠰᠦ ᠵᠠᠰᠠᠯ᠂ ᠦᠨᠳᠦᠰᠦᠲᠡᠨ ᠤ ᠭᠠᠷ ᠤᠷᠠᠯᠡᠯ ᠵᠡᠷᠭᠡ ᠶᠢᠨ | ᠦᠵᠡᠭᠦᠯᠭᠡ ᠶᠢ ᠡᠷᠬᠢᠯᠡᠵᠦ᠂ ᠦᠨ᠎ᠡ ᠳᠥᠯᠥᠪᠦᠷᠢ ᠦᠭᠡᠢ ᠪᠠᠷ ᠦᠵᠡᠭᠦᠯᠭᠡ ᠶᠢᠨ ᠳᠡᠯᠡᠪᠥᠷ ᠬᠠᠩᠭᠠᠨ᠎ᠡ᠃ | ᠬᠠᠷᠢᠯᠴᠠᠬᠤ ᠬᠥᠮᠥᠨ᠄ ᠲᠦᠮᠠᠨᠵᠢᠷᠭᠠᠯ ᠬᠠᠷᠢᠯᠴᠠᠬᠤ ᠤᠳᠠᠰᠦ᠄ 151 0476 0196 | ᠵᠢᠷᠭᠤᠭ᠎ᠠ᠂ ᠠᠩᠬᠠᠷᠬᠤ ᠵᠦᠢᠯ᠄ | 1. ᠲᠡᠮᠢᠷᠴᠢᠳ ᠡᠷᠭᠡᠪᠰᠢ ᠪᠦᠷᠢᠨ ᠡᠮᠦᠰᠬᠡᠯ ᠵᠠᠰᠠᠯ ᠲᠠᠢ ᠪᠠᠶᠢᠬᠤ ᠬᠡᠷᠡᠭᠲᠡᠢ᠃ | 2. ᠨᠠᠶᠢᠷ ᠤᠨ ᠪᠥᠬᠦᠶᠢᠯᠡ ᠣᠷᠣᠯᠳᠤᠭᠠᠨ ᠳᠤ ᠣᠷᠣᠯᠴᠠᠬᠤ ᠲᠠᠮᠢᠷᠴᠢᠳ ᠪᠣᠯᠣᠨ ᠣᠷᠣᠯᠳᠤᠭᠠᠨ ᠤ | ᠮᠣᠷᠢᠳ ᠡᠷᠭᠡᠪᠰᠢ 2024 ᠣᠨ ᠤ 7 ᠰᠠᠷ᠎ᠡ ᠶᠢᠨ 12 ᠤ ᠡᠳᠦᠷ ᠤᠨ ᠦᠳᠡ ᠶᠢᠨ ᠬᠤᠢᠨ᠎ᠡ ᠶᠢᠨ 3 ᠴᠠᠭ ᠠᠴᠠ | ᠡᠮᠦᠨ᠎ᠡ ᠨᠡᠷ᠎ᠡ ᠮᠡᠳᠡᠭᠦᠯᠬᠦ ᠬᠡᠷᠡᠭᠲᠡᠢ᠃ ᠳᠠᠮᠢᠷᠴᠢᠳ ᠡᠷᠭᠡᠪᠰᠢ ᠠᠳᠡᠯ ᠤᠨ ᠲᠠᠭᠠᠳᠬᠠᠯ ᠳᠤ ᠣᠷᠣᠯᠴᠡᠨ᠂ ᠬᠤᠪᠢ | ᠪᠡᠶ᠎ᠡ ᠶᠢᠨ ᠠᠮᠤᠷ ᠲᠥᠪᠰᠢᠨ ᠢᠶᠠᠨ ᠥᠪᠡᠷᠲᠡᠭᠡᠨ ᠬᠠᠷᠢᠭᠤᠴᠠᠵᠤ᠂ ᠤᠰᠤᠯ ᠠᠳᠠᠯ ᠭᠠᠷᠪᠡᠯ ᠲᠠᠭᠠᠭᠠᠴᠢᠯᠡᠨ | ᠡᠷᠬᠢᠯᠡᠭᠰᠡᠨ ᠲᠠᠯ᠎ᠠ ᠠᠴᠠ ᠬᠠᠷᠢᠭᠤᠴᠠᠬᠤ ᠦᠭᠡᠢ᠃ | 3.ᠣᠷᠤᠯᠳᠤᠭᠠᠨ ᠳᠤ ᠤᠷᠤᠯᠴᠠᠭᠰᠠᠳ ᠡᠯ᠎ᠠ ᠵᠦᠢᠯ ᠤᠨ ᠲᠦᠷᠢᠮ ᠲᠣᠭᠲᠠᠭᠠᠯ ᠢ ᠴᠢᠩᠭ᠎ᠠ ᠵᠢᠷᠤᠮᠯᠠᠵᠤ᠂ | ᠨᠠᠶᠢᠷ ᠤᠨ ᠨᠢᠭᠡᠳᠦᠯᠲᠡᠢ ᠵᠢᠯᠤᠭᠤᠳᠤᠯᠭ᠎ᠠ ᠪᠠ ᠬᠢᠨᠠᠭᠴᠢ ᠶᠢᠨ ᠳᠠᠰᠤᠯᠤᠯᠲᠡ ᠶᠢ ᠳᠠᠭᠠᠬᠤ ᠬᠡᠷᠡᠭᠲᠡᠢ᠃ | | ᠠᠷᠤ ᠬᠤᠷᠴᠢᠨ ᠬᠤᠰᠢᠭᠤᠨ ᠤ ᠠᠳᠤᠭᠤᠨ ᠰᠤᠶᠣᠯ ᠤᠨ ᠨᠡᠶᠢᠭᠡᠮᠯᠢᠭ | ᠵᠢᠭᠠᠰᠤᠳᠠᠢ ᠨᠤᠲᠤᠭ ᠰᠣᠶᠣᠯ ᠲᠡᠮᠢᠷ ᠤᠨ ᠬᠥᠳᠡᠯᠬᠡᠭᠡᠨ ᠤ ᠨᠡᠶᠢᠭᠡᠮᠯᠢᠭ | 2024 ᠣᠨ ᠤ 6 ᠰᠠᠷ᠎ᠠ ᠶᠢᠨ 24 ᠤ ᠡᠳᠦᠷ | | |