| | ᠳᠡᠯᠭᠡᠷᠡᠬᠦ ᠵᠤᠨ ᠤ ᠠᠷᠤ ᠬᠤᠷᠴᠢᠨ ᠨᠤᠲᠤᠭ ᠲᠤ ᠬᠤᠷ᠎ᠠ ᠪᠣᠷᠣᠭᠠᠨ ᠲᠡᠭᠰᠢ ᠰᠠᠭᠠᠳᠠᠨ᠂ ᠮᠠᠯ ᠰᠦᠷᠦᠭ | ᠥᠨᠢᠷ ᠦᠰᠴᠦ᠂ ᠲᠠᠪᠤᠨ ᠲᠠᠷᠢᠶ᠎ᠠ ᠨᠣᠭᠤᠭᠠᠷᠡᠨ ᠬᠠᠯᠢᠭᠤᠷᠠᠭᠠᠳ᠂ ᠬᠥᠭᠵᠢᠯᠲᠡ ᠬᠤᠷᠤᠶᠢᠯᠠᠭᠰᠠᠨ ᠠᠷᠠᠳ ᠤᠨ | ᠨᠠᠭᠠᠳᠤᠮ ᠨᠢᠵᠢᠬᠢᠷ ᠶᠠᠪᠤᠭᠳᠠᠵᠤ᠂ ᠬᠤᠷᠠᠭᠰᠠᠨ ᠤᠯᠠᠨ ᠤ ᠮᠠᠩᠨᠠᠢ ᠶᠢ ᠲᠠᠨᠡᠢᠯᠭᠡᠨᠡ ᠁ | | | | ᠥᠨᠥᠳᠥᠷ ᠪᠤᠶᠤ 7 ᠰᠠᠷ᠎ᠠ ᠶᠢᠨ 27 ᠤ ᠡᠳᠦᠷ᠂ ᠬᠤᠶᠠᠳᠤᠭᠠᠷ ᠤᠳᠠᠭᠠᠨ ᠤ ︽ᠠᠷᠤ ᠬᠤᠷᠴᠢᠨ | ᠬᠤᠨᠳᠠᠭᠠᠳᠤ︾ ᠮᠣᠩᠭᠤᠯ ᠪᠦᠬᠡ ᠶᠢᠨ ᠮᠠᠩᠯᠠᠢ ᠰᠢᠯᠭᠠᠷᠠᠭᠤᠯᠬᠤ ᠣᠷᠤᠯᠳᠤᠭᠠᠨ ᠣᠦ ᠮᠥᠷᠡᠨ ᠤ ᠵᠡᠭᠦᠨ ᠲᠡᠨᠵᠢ᠂ | ᠬᠠᠪᠤᠲᠤ ᠬᠠᠰᠠᠷ ᠤᠨ ᠣᠪᠣᠭᠠᠨ ᠡᠩᠭᠡᠷ ᠲᠤ ᠥᠪᠡᠳᠡᠭᠰᠢ ᠡᠬᠢᠯᠡᠯ᠎ᠡ᠃ ᠲᠥᠷᠪᠡᠨ ᠵᠦᠭ ᠨᠠᠢᠮᠠᠨ ᠵᠣᠪᠬᠢᠰ ᠠᠴᠠ | ᠬᠦᠷᠦᠯᠴᠡᠨ ᠢᠷᠡᠭᠰᠡᠨ ᠡᠯ᠎ᠡ ᠦᠨᠳᠦᠰᠦᠲᠡᠨ ᠤ ᠠᠷᠠᠳ ᠤᠯᠠᠨ ᠪᠠᠶᠠᠷ ᠤᠨ ᠡᠳᠦᠷ ᠤᠨ ᠬᠤᠪᠴᠠᠰᠤ ᠵᠠᠰᠠᠯ ᠢᠶᠠᠷ ᠢᠶᠠᠨ | ᠭᠤᠶᠣᠵᠤ᠂ ᠪᠣᠯᠵᠤᠭ᠎ᠠ ᠶᠣᠰᠣᠭᠠᠷ ᠲᠠᠯ᠎ᠠ ᠨᠤᠲᠤᠭ ᠤᠨ ᠥᠪᠡᠳᠡᠭᠰᠢ ᠴᠤᠭᠯᠠᠭᠠᠨ ᠳᠤ ᠣᠷᠣᠯᠴᠠᠪᠠ᠃ | | | | ᠡᠬᠢᠯᠡᠯᠲᠡ ᠶᠢᠨ ᠶᠣᠰᠣᠯᠠᠯ ᠳᠤ᠂ ᠤᠯᠤᠰ ᠤᠨ ᠲᠤᠭ ᠤᠨ ᠵᠢᠭᠰᠠᠭᠠᠯ ᠤᠨ ᠡᠩᠨᠡᠭᠡ᠂ ᠮᠣᠷᠢᠲᠠᠳ ᠤᠨ | ᠵᠢᠭᠰᠠᠭᠠᠯ ᠤᠨ ᠡᠩᠨᠡᠭᠡ ᠡᠮᠬᠢ ᠳᠠᠷᠠᠭ᠎ᠠ ᠲᠠᠢ ᠨᠠᠭᠠᠳᠤᠮ ᠤᠨ ᠲᠠᠯᠠᠪᠡᠢ ᠳᠤ ᠣᠷᠣᠵᠤ᠂ ᠰᠢᠨ᠋᠎ᠡ ᠴᠠᠠᠨ ᠦᠶ᠎ᠡ ᠶᠢᠨ | ᠲᠠᠯ᠎ᠠ ᠨᠤᠲᠤᠭ ᠤᠨ ᠬᠦᠪᠡᠭᠦᠳ ᠦᠬᠢᠳ ᠤᠨ ᠰᠡᠳᠬᠢᠯ ᠢᠶᠠᠨ ᠨᠢᠭᠡᠳᠬᠡᠨ ᠬᠦᠴᠦᠨ ᠢᠶᠠᠨ ᠬᠠᠮᠳᠣᠣᠡᠬᠠᠵᠤ᠂ | ᠪᠦᠯᠬᠦᠮᠳᠡᠨ ᠲᠡᠮᠡᠴᠡᠵᠦ᠂ ᠡᠷᠡᠯᠬᠡᠭᠯᠡᠨ ᠣᠷᠣᠡᠡᠰᠢᠯᠠᠬᠤ ᠣᠶᠤᠨ ᠰᠠᠨᠠᠭᠠᠨ ᠤ ᠳᠦᠷᠰᠦ ᠪᠠᠶᠢᠳᠠᠯ ᠢ ᠠᠮᠢᠲᠤᠯᠢᠭ | ᠬᠠᠷᠠᠭᠤᠯᠵᠠᠢ᠃ ︽ᠵᠠᠩᠭᠠᠷ ᠤᠨ ᠮᠠᠭᠳᠠᠭᠠᠯ︾ ︽ᠮᠣᠲ᠋ᠣᠷ ᠤᠨ ᠪᠦᠵᠢᠭ︾ ᠵᠡᠷᠭᠡ ᠭᠤᠶᠢᠳᠡ ᠰᠠᠶᠢᠬᠠᠨ ᠤᠷᠠᠨ | ᠰᠠᠶᠢᠬᠠᠨ ᠤ ᠲᠣᠡᠡᠯᠠᠯᠳᠡ ᠨᠢ ᠤᠮᠠᠷᠠᠲᠤ ᠬᠢᠯᠢ ᠶᠢᠨ ᠰᠣᠶᠣᠯ ᠤᠨ ᠷᠢᠳᠢ ᠰᠢᠳᠢ ᠶᠢ ᠪᠥᠬᠦ ᠲᠠᠯ᠎ᠠ ᠪᠠᠷ ᠬᠠᠷᠠᠭᠠᠤᠯᠵᠤ᠂ | ᠦᠵᠡᠭᠴᠢᠳ ᠲᠦᠮᠡᠨ ᠤ ᠬᠠᠷᠠᠭ᠎ᠠ ᠶᠢ ᠮᠢᠯᠢᠶᠡᠵᠦ ᠰᠡᠳᠬᠢᠯ ᠢ ᠪᠠᠶᠠᠰᠬᠠᠪᠠ᠃ ︽ᠨᠡᠷᠡᠨ ᠬᠦᠷᠢᠶ᠎ᠡ ᠲᠠᠢ ᠨᠠᠭᠠᠳᠤᠮ︾ | ᠭᠡᠬᠦ ᠠᠶ᠎ᠠ ᠳᠠᠭᠤᠤ ᠶᠢᠨ ᠡᠭᠡᠰᠢᠭ ᠳᠡᠭᠡᠷ᠎ᠡ ᠠᠵᠢᠯᠴᠢ ᠬᠥᠳᠡᠯᠮᠦᠷᠢᠴᠢ ᠮᠠᠯᠴᠢᠨ ᠲᠦᠮᠡᠨ ᠮᠠᠨᠢ ᠨᠤᠲᠤᠭ ᠤᠨ | ᠣᠡᠴᠠᠯᠢᠡᠡᠳᠤ ᠴᠠᠭᠠᠨ ᠢᠳᠡᠭᠡ ᠪᠠᠨ ᠬᠤᠯᠠ ᠣᠶᠢᠷ᠎ᠡ ᠠᠴᠠ ᠬᠦᠷᠦᠯᠴᠠᠨ ᠢᠷᠡᠭᠰᠡᠨ ᠦᠵᠡᠭᠴᠢᠳ ᠲᠡᠭᠡᠨ ᠡᠷᠭᠦᠨ | ᠠᠮᠰᠠᠭᠤᠯᠵᠤ᠂ ᠬᠢᠵᠠᠭᠠᠯᠠᠰᠢ ᠦᠭᠡᠢ ᠬᠦᠨᠳᠦᠳᠬᠡᠯ᠂ ᠵᠣᠴᠢᠡᠰᠠᠭ ᠰᠡᠳᠬᠢᠯᠭᠡ ᠪᠠᠨ ᠢᠯᠡᠳᠬᠡᠵᠡᠢ᠃ ᠢᠷᠠᠭᠤ | ᠴᠡᠭᠡᠯᠭᠡᠨ ᠠᠶ᠎ᠡ ᠳᠠᠭᠤᠤ ᠶᠢᠨ ᠳᠤᠮᠳᠠ ᠪᠥᠭᠡ ᠶᠢᠨ ᠡᠩᠨᠡᠭᠡ᠂ ᠬᠢᠨᠠᠭᠴᠢ ᠶᠢᠨ ᠡᠩᠨᠡᠭᠡ ᠨᠠᠭᠠᠳᠤᠮ ᠤᠨ ᠲᠠᠯᠠᠪᠠᠢ ᠳᠤ | ᠣᠷᠣᠵᠤ᠂ ᠵᠢᠤᠳᠣᠤ ᠪᠥᠭᠡ ᠶᠢᠨ ᠤᠯᠤᠰ ᠤᠨ ᠠᠪᠤᠷᠭᠤ ᠡᠷᠬᠢᠮᠪᠠᠲᠤ ᠠᠴᠠ ︽ᠠᠷᠤ ᠬᠤᠷᠴᠢᠨ ᠬᠤᠨᠳᠠᠭ᠎ᠠ︾ ᠶᠢ | ᠨᠠᠭᠠᠳᠤᠮ ᠤᠨ ᠲᠠᠶᠢᠰᠠᠨ᠎ᠠ ᠬᠦᠨᠳᠦᠳᠬᠡᠨ ᠵᠠᠯᠠᠭᠰᠠᠨ ᠪᠠᠶᠢᠨ᠎ᠠ᠃ | | | | ᠬᠤᠰᠢᠭᠤᠨ ᠨᠠᠮ ᠤᠨ ᠬᠤᠷᠢᠶᠠᠨ ᠤ ᠱᠦᠵᠢ ᠸᠧᠢ ᠪᠢᠯᠢᠭ ᠨᠠᠶᠢᠷ ᠡᠬᠢᠯᠡᠭᠰᠡᠨ ᠢ ᠵᠠᠷᠯᠠᠪᠠ᠃ | | | | | | | | ᠣᠶᠢᠯᠠᠭᠠᠭᠰᠠᠨ ᠢᠶᠠᠷ᠂ ᠰᠢ ᠶᠢᠨ ᠫᠢᠩ ᠶᠡᠷᠦᠩᠬᠡᠢ ᠱᠦᠵᠢ ᠶᠢᠨ ᠪᠥᠬᠦ ᠠᠷᠠᠳ ᠢᠶᠠᠷ ᠢᠶᠠᠨ ᠪᠡᠶ᠎ᠡ ᠮᠠᠬᠠᠪᠤᠳ | ᠢᠶᠠᠨ ᠴᠢᠬᠢᠷᠬᠠᠵᠢᠭᠤᠯᠬᠤ᠂ ᠪᠡᠶ᠎ᠡ ᠶᠢᠨ ᠲᠠᠮᠢᠷ ᠤᠨ ᠬᠦᠴᠦᠷᠭᠡᠭ ᠤᠯᠤᠰ ᠤᠨ ᠦᠢᠯᠡᠰ ᠢ ᠠᠬᠢᠭᠤᠯᠬᠤ ᠲᠤᠬᠠᠢ | ᠴᠢᠬᠤᠯᠠ ᠥᠭᠦᠯᠠᠯᠲᠠ ᠶᠢ ᠬᠦᠨᠵᠡᠭᠡᠢ ᠲᠣᠭᠤᠰᠢᠯᠠᠭᠤᠯᠤᠨ ᠨᠠᠶᠢᠳᠡᠪᠣᠷᠢᠵᠢᠭᠤᠯᠬᠤ ᠵᠢᠴᠢ ᠥᠪᠡᠷᠲᠡᠭᠡᠨ ᠵᠠᠰᠠᠬᠤ | ᠣᠷᠣᠨ ᠤ ᠠᠵᠢᠯ ᠤᠨ ᠱᠠᠭᠠᠷᠳᠠᠯᠭ᠎ᠠ ᠬᠢᠭᠡᠳ ᠬᠤᠲᠠ ᠶᠢᠨ ᠰᠣᠶᠣᠯ ᠵᠢᠭᠤᠯᠴᠢᠯᠠᠯ ᠪᠠᠶ᠎ᠡ ᠶᠢᠨ ᠲᠠᠮᠢᠷ ᠢ | ᠠᠭᠤᠰᠤᠯᠴᠠᠭᠤᠯᠤᠨ ᠬᠥᠭᠵᠢᠭᠦᠯᠬᠦ ᠪᠣᠳᠠᠲᠤ ᠱᠠᠭᠠᠷᠳᠠᠯᠭ᠎ᠠ ᠶᠣᠰᠣᠭᠠᠷ᠂ ᠠᠷᠤ ᠬᠤᠷᠴᠢᠨ ᠬᠤᠰᠢᠭᠤ ᠳᠤᠮᠳᠠᠳᠤ ᠶᠢᠨ | ᠦᠨᠳᠤᠰᠣᠲᠠᠨ ᠤ ᠬᠠᠮᠲᠤ ᠶᠢᠨ ᠴᠤᠭᠴᠠ ᠶᠢᠨ ᠤᠬᠠᠮᠰᠠᠷ ᠢ ᠪᠠᠲᠤ ᠴᠤᠭᠴᠠᠯᠠᠬᠤ ᠠᠵᠢᠯ ᠤᠨ ᠭᠤᠤᠯ ᠰᠢᠵᠢᠮ ᠤᠨ | ᠲᠣᠭᠤᠷᠢᠨ ᠳᠤ᠂ ᠬᠦᠨ ᠵᠤᠵᠠᠭᠠᠨ ᠰᠣᠶᠣᠯ ᠤᠨ ᠠᠭᠤᠯᠬᠤᠨ ᠪᠠ ᠠᠷᠢᠭᠤᠨ ᠳᠠᠭᠰᠢᠨ᠂ ᠪᠤᠬᠢᠷᠳᠤᠯ ᠦᠭᠡᠢ᠂ | ᠪᠠᠶᠢᠭᠠᠯᠢᠯᠢᠭ ᠨᠠᠷᠡᠲᠦ ᠲᠡᠮᠳᠡᠭ ᠲᠤ ᠲᠦᠰᠢᠭᠯᠡᠨ᠂ ᠳᠤᠮᠳᠠᠳᠦ ᠶᠢᠨ ᠦᠨᠳᠦᠰᠦᠲᠡᠨ ᠤ ᠰᠢᠯᠢᠳᠡᠭ ᠤᠯᠠᠮᠵᠢᠯᠠᠯᠲᠤ | ᠰᠣᠶᠣᠯ ᠲᠠᠮᠢᠷ ᠤᠨ ᠵᠣᠷᠢᠭ ᠰᠠᠨᠠᠭ᠎ᠠ ᠶᠢ ᠤᠯᠠᠮᠵᠢᠯᠠᠨ ᠵᠠᠯᠭᠠᠮᠵᠢᠯᠠᠵᠤ᠂ ᠰᠣᠶᠣᠯ ᠵᠢᠭᠤᠯᠴᠢᠯᠡᠯ ᠪᠡᠶ᠎ᠡ ᠶᠢᠨ ᠲᠠᠮᠢᠷ ᠤᠨ | ᠰᠢᠷᠢᠰ ᠠᠵᠢᠯᠯᠠᠭ᠎ᠠ ᠶᠢ ᠣᠯᠠᠨᠲᠠ ᠥᠷᠨᠢᠭᠦᠯᠵᠦ ᠢᠷᠡᠭᠰᠡᠨ ᠶᠤᠮ᠃ ᠡᠭᠦᠨ ᠳᠤ᠂ ᠲᠣᠰ ᠤᠳᠠᠭᠠᠨ ᠤ ᠨᠠᠭᠠᠳᠤᠮ ᠪᠣᠯ | ᠲᠡᠳᠡᠭᠡᠷ ᠰᠢᠷᠢᠰ ᠠᠵᠢᠯᠯᠠᠭᠠᠨ ᠤ ᠴᠢᠬᠤᠯᠠ ᠨᠢᠭᠡᠨ ᠠᠭᠤᠯᠭ᠎ᠠ ᠪᠠᠶᠢᠵᠤ᠂ ᠢᠳᠡᠷ ᠵᠠᠯᠠᠭᠤ 512 ᠪᠥᠬᠡ ᠪᠠ | ᠪᠠᠭᠠᠴᠤᠳ ᠬᠡᠦᠬᠡᠳ ᠤᠨ 64 ᠪᠥᠭᠡ ᠶᠢᠨ ᠪᠠᠷᠢᠯᠳᠤᠭᠠᠨ᠂ ᠬᠤᠷᠳᠤᠨ ᠮᠣᠷᠢᠨ ᠤ ᠤᠷᠤᠯᠳᠤᠭᠠᠨ᠂ ᠣᠯᠠᠮᠵᠢᠯᠠᠯᠲᠤ | ᠡᠪᠡᠷ ᠨᠤᠮᠤ ᠶᠢᠨ ᠰᠣᠷ ᠬᠠᠷᠪᠤᠯᠲᠠ ᠶᠢᠨ ᠤᠷᠣᠯᠳᠤᠭᠠᠨ ᠵᠡᠷᠭᠡ ︽ᠡᠷ᠎ᠡ ᠶᠢᠨ ᠭᠤᠷᠪᠡᠨ ᠨᠠᠭᠠᠳᠤᠮ︾ ᠬᠤᠶᠠᠷ ᠡᠳᠦᠷ | ᠤᠨ ᠲᠤᠷᠰᠢ ᠶᠠᠪᠤᠭᠳᠠᠬᠤ ᠶᠢᠨ ᠬᠠᠮᠲᠤ ᠬᠤᠶᠠᠳᠤᠭᠠᠷ ᠤᠳᠠᠭᠠᠨ ᠤ ᠠᠷᠤ ᠬᠤᠷᠴᠢᠨ ᠤ ᠳᠠᠭᠤᠤ ᠬᠥᠭᠵᠢᠮ ᠤᠨ | ᠨᠠᠭᠠᠳᠤᠮ᠂ ᠳᠠᠪᠤᠳᠤᠭᠠᠷ ᠤᠳᠠᠭᠠᠨ ᠤ ︽ᠠᠩᠭᠢᠯᠤᠮ᠎ᠠ ᠰᠦ︾ ᠴᠠᠭᠠᠨ ᠢᠳᠡᠭᠡᠨ ᠤ ᠰᠣᠶᠣᠯ ᠤᠨ ᠨᠡᠶᠢᠷ᠂ ᠬᠤᠲᠠ | ᠶᠢᠨ ᠪᠣᠳᠠᠰ ᠤᠨ ᠪᠤᠰᠤ ᠰᠣᠶᠣᠯ ᠤᠨ ᠥᠪ ᠤᠨ ᠳᠡᠯᠭᠡᠨ ᠦᠵᠡᠭᠦᠯᠭᠡ ᠶᠢᠨ ᠴᠤᠭᠯᠠᠭᠠᠨ ᠵᠡᠷᠭᠡᠪᠡᠷ ᠶᠠᠪᠤᠡᠡᠳᠡᠨᠠ᠃ | ᠡᠭᠦᠨ ᠳᠤ᠂ ᠴᠠᠭᠠᠨ ᠢᠳᠡᠭᠡᠨ ᠤ ᠰᠣᠶᠣᠯ ᠤᠨ ᠨᠠᠶᠢᠷ ᠲᠤ ᠠᠷᠤ ᠬᠤᠷᠴᠢᠨ ᠬᠤᠰᠢᠭᠤᠨ ᠤ 7 ᠰᠤᠮᠤ ᠰᠢᠶᠠᠩ | ᠪᠠᠯᠭᠠᠰᠤ᠂ 12 ᠦᠵᠡᠭᠦᠯᠭᠡ ᠶᠢᠨ ᠲᠣᠭᠤᠷᠢᠭ ᠬᠠᠷᠭᠠᠵᠤ᠂ ᠪᠥᠬᠦ ᠬᠤᠲᠠ ᠶᠢᠨ 12 ᠬᠤᠰᠢᠭᠤ ᠰᠢᠶᠠᠨ | ᠲᠤᠭᠤᠷᠢᠭ ᠤᠨ 36 ᠲᠤᠭᠤᠶᠢᠯᠠᠩ ᠤᠨ ᠲᠥᠯᠥᠭᠡᠯᠡᠬᠦ ᠴᠢᠨᠠᠷᠲᠠᠢ ᠪᠣᠳᠠᠰ ᠤᠨ ᠪᠤᠰᠤ ᠰᠣᠶᠣᠯ ᠤᠨ ᠥᠪ ᠤᠨ | ᠲᠥᠷᠥᠯ ᠵᠦᠢᠯ ᠢ ᠳᠡᠯᠭᠡᠨ ᠦᠵᠡᠭᠦᠯᠬᠦ ᠪᠣᠯᠣᠨ᠎ᠠ᠃ | | | | | | | | ᠲᠣᠰ ᠤᠳᠠᠭᠠᠨ ᠤ ᠥᠪᠡᠳᠡᠭᠰᠢ ᠨᠠᠶᠢᠷ ᠢᠶᠠᠷ ᠳᠠᠮᠵᠢᠵᠤ᠂ ᠮᠠᠨ ᠤ ᠬᠤᠰᠢᠭᠤ ᠰᠣᠶᠣᠯ ᠵᠢᠭᠤᠯᠴᠢᠯᠠᠯ ᠤᠨ | ᠡᠬᠢ ᠪᠠᠶᠡᠯᠢᠭ᠋ ᠢᠶᠠᠨ ᠭᠦᠨᠵᠡᠭᠡᠢ ᠠᠭᠤᠲᠠᠯᠵᠤ᠂ ᠲᠠᠯ᠎ᠠ ᠨᠤᠲᠤᠭ ᠤᠨ ᠰᠣᠶᠣᠯ ᠤᠨ ᠠᠭᠤᠯᠣᠡᠡᠳᠡᠬᠤᠨ ᠢ | ᠨᠡᠮᠡᠭᠳᠡᠭᠦᠯᠦᠨ᠂ ᠠᠷᠠᠳ ᠤᠯᠠᠨ ᠤ ᠣᠶᠣᠨ ᠰᠠᠨᠠᠭ᠎ᠠ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠵᠤ᠂ ᠡᠯ᠎ᠡ | ᠦᠨᠳᠦᠰᠦᠲᠡᠨ ᠤ ᠨᠢᠭᠲᠠ ᠬᠠᠷᠢᠯᠴᠠᠭ᠎ᠠ ᠶᠢ ᠠᠬᠢᠭᠤᠯᠬᠤ ᠶᠢᠨ ᠤᠯᠠᠮ ᠢᠶᠠᠷ ᠨᠡᠶᠢᠭᠡᠮ ᠠᠵᠤ ᠠᠬᠤᠢ ᠬᠥᠭᠵᠢᠯᠲᠡ ᠶᠢ | ᠲᠦᠷᠭᠡᠳᠬᠡᠬᠦ ᠪᠣᠯᠣᠨ᠎ᠠ᠃ | | | | | | | | | | | | | | | | |