2024 ᠣᠨ ᠤ ︽ᠴᠢᠩ ᠷᠦᠢ︾ ᠰᠢᠯᠢᠳᠡᠭ ᠵᠠᠯᠠᠭᠤ ᠺᠠᠳ᠋ᠷᠴᠤᠳ ᠤᠨ ᠪᠣᠯᠪᠠᠰᠤᠷᠡᠯ ᠤᠨ ᠠᠩᠭᠢ ᠶᠢᠨ ᠬᠠᠷᠢᠭᠤ ᠮᠡᠳᠡᠭᠦᠯᠦᠯᠲᠡ ᠶᠢᠨ ᠲᠣᠭᠯᠠᠯᠲᠠ ᠲᠡᠭᠦᠰ ᠠᠮᠵᠢᠯᠲᠠ ᠲᠠᠢ ᠦᠨᠳᠦᠷᠯᠡᠪᠡ
ᠨᠡᠶᠢᠲᠡᠯᠡᠭᠰᠡᠨ ᠴᠠᠭ᠄
2024/8/16
       8 ᠰᠠᠷ᠎ᠠ ᠶᠢᠨ 14 ᠤ ᠡᠳᠦᠷ᠂ 2024 ᠣᠨ ᠤ ︽ᠴᠢᠩ ᠷᠦᠢ︾ ᠵᠠᠯᠠᠭᠤ ᠺᠠᠳ᠋ᠷᠴᠤᠳ ᠤᠨ ᠪᠣᠯᠪᠠᠰᠤ᠋ ᠷᠡᠯ ᠤᠨ ᠠᠩᠭᠢ ᠶᠢᠨ ᠬᠠᠷᠢᠭᠤ ᠮᠡᠳᠡᠭᠦᠯᠦᠯᠲᠡ ᠶᠢᠨ ᠲᠣᠭᠯᠠᠯᠲᠠ ᠬᠤᠰᠢᠭᠤᠨ ᠬᠤᠷᠠᠯ ᠦᠵᠡᠭᠦᠯᠭᠡ ᠶᠢᠨ ᠲᠥᠪ ᠲᠤ ᠥᠪᠡᠳᠡᠭᠰᠢ ᠶᠡᠬᠡᠪᠡᠷ ᠶᠠᠪᠤᠭᠳᠠᠪᠠ᠃ ᠬᠤᠰᠢᠭᠤᠨ ᠨᠠᠮ ᠤᠨ ᠬᠤᠷᠢᠶ᠎ᠠ ᠶᠢᠨ ᠳᠡᠳ᠋ ᠱᠦᠵᠢ᠂ ᠵᠠᠰᠠᠭ ᠤᠨ ᠣᠷᠳᠤᠨ ᠤ ᠳᠠᠷᠤᠭ᠎ᠠ ᠴᠧᠨ ᠬᠤ᠋ ᠨᠠᠨ᠂ ᠬᠤᠰᠢᠭᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠡᠷᠭᠢᠯᠡᠭᠴᠢ ᠵᠠᠩ ᠬᠤᠩ ᠰᠢᠨ᠂ ᠬᠤᠰᠢᠭᠤᠨ ᠤᠯᠤᠰ ᠲᠥᠷᠥ ᠶᠢᠨ ᠵᠥᠪᠯᠡᠯᠭᠡᠨ ᠤ ᠲᠡᠷᠢᠭᠦᠯᠡᠭᠴᠢ ᠰᠡᠷᠭᠦᠯᠡᠩ ᠵᠡᠷᠭᠡ ᠬᠤᠰᠢᠭᠤᠨ ᠳᠤ ᠪᠠᠨ ᠪᠠᠶᠢᠭ᠎ᠠ ᠰᠢᠶᠠᠨ ᠭᠠᠵᠠᠷ ᠤᠨ ᠲᠠᠰ ᠤᠨ ᠤᠳᠤᠷᠢᠳᠤᠯᠭ᠎ᠠ ᠵᠢᠴᠢ ᠪᠣᠯᠪᠠᠰᠤᠷᠠᠯ  ᠳᠤ ᠣᠷᠣᠯᠴᠠᠭᠰᠠᠨ ᠰᠤᠷᠤᠯᠴᠠᠭᠴᠢ ᠶᠢᠨ ᠪᠠᠶᠢᠭ᠎ᠠ ᠨᠢᠭᠡᠴᠢ ᠶᠢᠨ ᠬᠠᠮᠢᠶ᠎ᠠ ᠪᠦᠬᠦᠢ ᠬᠠᠷᠢᠭᠤᠴᠠᠯᠭᠠᠳᠠᠨ᠂ 2022 ᠪᠠ 2023 ᠣᠨ ᠤ ᠬᠤᠭᠤᠴᠠᠭ᠎ᠠ ᠶᠢᠨ ︽ᠴᠢᠩ ᠷᠦᠢ︾ ᠪᠣᠯᠪᠠᠰᠤᠷᠠᠯ ᠤᠨ ᠠᠩᠭᠢ ᠶᠢᠨ ᠰᠤᠷᠤᠯᠴᠠᠭᠴᠢ᠂ ᠪᠥᠬᠦ ᠬᠤᠰᠢᠭᠤᠨ ᠤ ᠥᠷᠭᠡᠨ ᠤᠯᠠᠨ ᠵᠠᠯᠠᠭᠤ ᠺᠠᠳ᠋ᠷ᠂ ᠬᠦᠴᠦᠲᠡᠢ ᠳᠡᠮᠵᠢᠯᠭᠡ ᠦᠵᠡᠭᠦᠯᠦᠭᠰᠡᠨ ᠬᠠᠮᠢᠶ᠎ᠡ ᠪᠦᠬᠦᠢ ᠰᠠᠯᠠᠭ᠎ᠠ ᠮᠥᠴᠢᠷ ᠤᠨ ᠬᠠᠷᠢᠭᠤᠴᠠᠯᠭᠠᠳᠠᠨ ᠪᠠ ᠬᠢᠴᠢᠶᠡᠯ ᠣᠷᠣᠭᠰᠠᠨ ᠪᠠᠭᠰᠢ ᠨᠠᠷ ᠬᠠᠷᠢᠭᠤ ᠮᠡᠳᠡᠭᠦᠯᠦᠯᠲᠡ ᠶᠢᠨ ᠲᠣᠭᠯᠠᠯᠲᠠ  ᠶᠢ ᠰᠣᠨᠢᠷᠠᠭᠪᠠ᠃
       ᠬᠤᠰᠢᠭᠤᠨ ᠨᠠᠮ ᠤᠨ ᠬᠤᠷᠢᠶᠠᠨ ᠤ ᠳᠡᠳ᠋ ᠱᠦᠵᠢ᠂ ᠤᠯᠤᠰ ᠲᠥᠷᠥ ᠬᠠᠤᠯᠢ ᠴᠠᠭᠠᠵᠠ ᠶᠢᠨ ᠬᠤᠷᠢᠶ᠎ᠠ  ᠶᠢᠨ ᠱᠦᠵᠢ ᠴᠢ ᠰᠢᠨ ᠮᠢᠶᠣᠣ ᠪᠥᠬᠦ ᠰᠤᠷᠤᠯᠴᠠᠭᠴᠢ ᠶᠢᠨ ᠰᠤᠷᠤᠯᠭ᠎ᠠ ᠲᠡᠭᠦᠰᠦᠭᠭᠰᠡᠨ ᠳᠤ ᠪᠡᠶᠠᠷ ᠬᠦᠷᠭᠡᠬᠦ ᠶᠢᠨ ᠬᠠᠮᠳᠤ ᠵᠠᠯᠠᠭᠤ ᠺᠠᠳ᠋ᠷᠴᠤᠳ ᠲᠤᠭ ᠲᠡᠮᠳᠡᠭ ᠲᠤᠳᠤᠷᠬᠠᠢ ᠪᠠᠷ ᠤᠯᠤᠰ ᠲᠥᠷᠥ ᠶᠢ ᠡᠷᠬᠢᠮᠯᠡᠵᠦ᠂ ᠨᠠᠮ ᠳᠠᠭᠠᠨ ᠬᠠᠷᠢᠴᠡᠯᠡᠰᠢ ᠦᠭᠡᠢ ᠦᠨᠡᠨᠴᠢ ᠰᠢᠳᠤᠷᠭᠤ ᠪᠠᠶᠢᠬᠤ ᠤᠯᠤᠰ ᠲᠥᠷᠥ ᠶᠢᠨ ᠬᠤᠷᠢᠭ᠎ᠠ ᠱᠣᠭᠤᠮ ᠢ ᠴᠢᠩᠭ᠎ᠠ ᠰᠠᠬᠢᠵᠦ᠂ ︽ᠬᠤᠶᠠᠷ ᠢ ᠲᠣᠭᠳᠠᠭᠠᠬᠤ︾ ᠶᠢ ᠡᠷᠡᠰ ᠬᠦᠷᠢᠶᠡᠯᠡᠬᠦ᠂ ︽ᠬᠤᠶᠠᠷ ᠢ ᠬᠠᠮᠠᠭᠠᠯᠠᠬᠤ︾ ᠶᠢ ᠡᠷᠡᠰ ᠪᠡᠶᠡᠯᠡᠭᠦᠯᠬᠦ ᠦᠨᠳᠦᠷᠴᠡ ᠠᠴᠠ ᠦᠵᠡᠯ ᠰᠠᠨᠠᠭ᠎ᠠ᠂ ᠤᠯᠤᠰ ᠲᠥᠷᠥ᠂ ᠦᠢᠯᠡ ᠠᠵᠢᠯᠯᠠᠭ᠎ᠠ ᠶᠢᠨ ᠲᠠᠯ᠎ᠠ ᠪᠠᠷ ᠢᠮᠠᠭᠲᠠ ᠰᠢ ᠶᠢᠨ ᠫᠢᠩ ᠨᠥᠬᠦᠷ ᠢᠶᠠᠷ ᠭᠤᠣᠯ ᠪᠣᠯᠭᠠᠭᠰᠠᠨ ᠨᠠᠮ ᠤᠨ ᠲᠥᠪ ᠬᠤᠷᠢᠶ᠎ᠠ ᠲᠠᠢ ᠳᠡᠭᠡᠳᠦ ᠬᠡᠮᠵᠢᠶ᠎ᠠ ᠪᠠᠷ ᠨᠢᠭᠡᠳᠦᠯᠲᠡᠢ ᠪᠠᠶᠢᠬᠤ ᠬᠡᠷᠡᠭᠲᠡᠢ᠃ ᠰᠤᠷᠤᠯᠴᠠᠯᠭ᠎ᠠ ᠶᠢ ᠨᠠᠰᠤᠨ ᠳᠤᠷᠰᠢᠳᠠ ᠶᠢᠨ ᠰᠡᠳᠦᠪ ᠪᠣᠯᠭᠠᠵᠤ᠂ ᠴᠢᠳᠠᠪᠤᠷᠢ ᠪᠠᠨ ᠳᠡᠭᠡᠭᠰᠢᠯᠡᠭᠦᠯᠬᠦ ᠶᠢ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠬᠦ ᠶᠢᠨ ᠦᠨᠳᠦᠰᠦ ᠪᠣᠯᠭᠠᠵᠤ᠂ ᠪᠠᠴᠢᠮ ᠪᠠᠷᠬᠡ ᠠᠶᠤᠯᠲᠠᠢ ᠡᠭᠦᠷᠭᠡ ᠶᠢ ᠰᠠᠨᠠᠭᠠᠴᠢᠯᠠᠭ᠎ᠠ ᠠᠴᠠ ᠪᠠᠨ ᠡᠭᠦᠷᠭᠡᠯᠡᠬᠦ ᠳᠤᠮᠳᠠ ᠰᠢᠯᠭᠠᠷᠠᠭᠰᠠᠨ ᠴᠢᠳᠠᠪᠤᠷᠢ ᠪᠠᠨ ᠳᠠᠪᠲᠠᠨ ᠪᠣᠯᠪᠠᠰᠤᠷᠠᠭᠤᠯᠵᠤ᠂ ᠠᠯᠢᠪᠠ ᠠᠵᠢᠯ ᠢᠶᠠᠨ ᠯᠠᠪᠠᠭᠤᠨ ᠪᠠᠲᠤᠲᠠᠢ ᠰᠠᠶᠢᠳᠦᠷ ᠬᠢᠵᠦ᠂ ᠪᠥᠬᠦ ᠬᠤᠰᠢᠭᠤᠨ ᠤ ᠠᠵᠤ ᠠᠬᠤᠢ ᠨᠠᠶᠢᠭᠡᠮ ᠤᠨ ᠬᠥᠭᠵᠢᠯᠲᠡ ᠳᠤ ᠠᠷᠭ᠎ᠠ ᠤᠬᠠᠭᠠᠨ ᠭᠠᠷᠭᠠᠵᠤ ᠬᠦᠴᠦᠨ ᠴᠢᠳᠡᠯ ᠢᠶᠠᠨ ᠡᠷᠭᠦᠬᠦ ᠬᠡᠷᠡᠭᠲᠡᠢ᠃ ᠨᠠᠮ  ᠤᠨ ᠰᠠᠬᠢᠯᠭ᠎ᠠ ᠪᠠᠲᠤ ᠶᠢᠨ ᠰᠤᠷᠤᠯᠴᠠᠯᠭ᠎ᠠ ᠬᠥᠮᠦᠵᠢᠯ ᠢᠶᠠᠷ ᠠᠵᠠ ᠲᠣᠬᠢᠶᠠᠯ ᠪᠣᠯᠭᠠᠵᠤ᠂ ᠳᠦᠷᠢᠮ ᠲᠣᠭᠳᠠᠭᠠᠯ  ᠢ ᠵᠢᠷᠤᠮᠯᠠᠨ ᠰᠠᠬᠢᠯᠭ᠎ᠠ ᠪᠠᠲᠤ ᠶᠢ ᠰᠠᠬᠢᠬᠤ ᠶᠢ ᠡᠳᠦᠷ ᠲᠤᠳᠤᠮ ᠤᠨ ᠵᠤᠷᠰᠢᠯ ᠳᠠᠳᠬᠠᠯ ᠪᠠ ᠤᠬᠠᠮᠰᠠᠷ ᠠᠴᠠ ᠪᠠᠨ ᠵᠢᠷᠤᠮᠯᠠᠬᠤ ᠵᠢᠷᠤᠮ ᠭᠤᠷᠢᠮ ᠪᠣᠯᠭᠠᠨ ᠬᠤᠪᠢᠷᠠᠭᠤᠯᠵᠤ᠂ ᠨᠠᠶᠢᠭᠡᠮ ᠤᠨ ᠬᠠᠷᠢᠯᠴᠠᠭᠠᠨ ᠤ ᠬᠦᠷᠢᠶ᠎ᠡ᠂ ᠠᠮᠢᠳᠤᠷᠠᠯ ᠤᠨ ᠬᠦᠷᠢᠶ᠎ᠡ᠂ ᠨᠠᠶᠢᠵᠠ ᠨᠥᠬᠦᠳ ᠤᠨ ᠬᠦᠷᠢᠶ᠎ᠡ ᠪᠠᠨ ᠲᠠᠰᠤᠷᠠᠯᠲᠠ ᠦᠭᠡᠢ ᠴᠠᠪᠠᠷᠰᠢᠭᠦᠯᠵᠦ᠂ ᠦᠨᠡᠨᠴᠢ ᠰᠢᠳᠤᠷᠭᠤ᠂ ᠠᠷᠢᠭᠤᠨ ᠴᠠᠪᠡᠷ᠂ ᠬᠠᠷᠢᠭᠤᠴᠠᠯᠭ᠎ᠠ ᠡᠭᠦᠷᠭᠡᠯᠡᠬᠦ ᠤᠯᠤᠰ ᠲᠥᠷᠥ ᠶᠢᠨ ᠬᠡᠪ ᠰᠤᠷᠳᠡᠯ ᠢ ᠦᠷᠭᠦᠯᠵᠢᠯᠡᠨ ᠳᠡᠪᠲᠡᠨ ᠪᠣᠯᠪᠠᠰᠤᠷᠠᠭᠤᠯᠠᠬᠤ ᠬᠡᠷᠡᠭᠲᠡᠢ ᠭᠡᠵᠦ ᠴᠢᠬᠤᠯᠠᠴᠢᠯᠡᠵᠡᠢ᠃
       ᠪᠥᠬᠦ ᠲᠠᠯᠠᠪᠠᠢ ᠶᠢᠨ ᠲᠣᠭᠯᠠᠯᠲᠠ ᠨᠢ ᠠᠷᠤ ᠬᠤᠷᠴᠢᠨ ᠬᠤᠰᠢᠭᠤᠨ ᠤ ᠪᠠᠭ᠎ᠠ ᠬᠦᠷᠢᠶ᠎ᠡ ᠶᠢᠨ ︽ᠨᠠᠮ ᠤᠨ ᠬᠢᠴᠢᠶᠡᠯ︾ ᠤᠨ ᠬᠡᠯᠪᠡᠷᠢ ᠪᠠᠷ ᠶᠠᠪᠤᠭᠳᠠᠵᠤ᠂ ᠪᠣᠯᠪᠠᠰᠤᠷᠠᠯ ᠤᠨ ᠠᠩᠭᠢ ᠶᠢᠨ ᠰᠤᠷᠤᠯᠴᠠᠭᠴᠢ ᠨᠠᠷ ᠤᠨ ᠣᠷᠠᠨ ᠣᠩᠰᠢᠯᠭ᠎ᠠ᠂ ᠦᠵᠡᠭᠳᠡᠯᠲᠦ ᠵᠦᠴᠦᠭᠡ ᠪᠣᠯᠣᠨ ᠪᠦᠵᠢᠭ ᠵᠡᠷᠭᠡ ᠤᠯᠠᠨ ᠬᠡᠯᠪᠡᠷᠢ ᠶᠢᠨ ᠲᠤᠭᠯᠠᠯᠲᠠ ᠨᠢ ᠨᠢᠭᠡ ᠰᠠᠷ᠎ᠠ ᠶᠢᠨ ᠲᠤᠷᠰᠢᠬᠢ ᠰᠢᠷᠭᠠᠬᠤ ᠬᠠᠳᠠᠭᠤᠵᠢᠯᠲᠡᠢ ᠰᠤᠷᠤᠯᠴᠠᠯᠭ᠎ᠠ ᠶᠢᠨ ᠦᠷ᠎ᠡ ᠪᠦᠲᠦᠮᠵᠢ ᠪᠠ ᠴᠢᠷᠮᠠᠶᠢᠨ ᠳᠠᠪᠰᠢᠬᠤ ᠴᠤᠭ ᠵᠣᠯᠪᠣᠭ᠎ᠠ ᠶᠢ ᠨᠢ ᠬᠦᠢᠴᠡᠳ ᠢᠯᠡᠷᠡᠭᠦᠯᠯᠪᠠ᠃ ᠲᠤᠬᠠᠢ ᠶᠢᠨ ᠲᠠᠯᠠᠪᠤᠷ ᠤᠨ ᠠᠭᠤᠷ ᠠᠮᠢᠰᠠᠬᠤᠯ ᠬᠥᠷ ᠬᠥᠭᠵᠢᠶᠡᠨ ᠢᠶᠠᠷ ᠪᠢᠯᠬᠠᠵᠤ᠂ ᠦᠵᠡᠭᠴᠢᠳ ᠤᠨ ᠬᠠᠯᠠᠭᠤᠨ ᠠᠯᠠᠠᠭ᠎ᠠ ᠲᠠᠰᠢᠯᠲᠠ ᠪᠣᠯᠣᠨ ᠤᠳᠬᠠᠶᠢᠯᠠᠯ ᠬᠠᠰᠬᠢᠷᠤᠯ ᠢ ᠣᠯᠪᠠ᠃
       ᠲᠣᠰ ᠤᠳᠠᠭᠠᠨ ᠤ ᠬᠠᠷᠢᠭᠤ ᠮᠡᠳᠡᠭᠦᠯᠦᠯᠲᠡ ᠶᠢᠨ ᠲᠣᠭᠯᠡᠯᠲᠡ ᠨᠢ ᠨᠢᠭᠡ ᠤᠳᠠᠭᠠᠨ ᠤ ᠦᠵᠡᠵᠦ ᠰᠣᠨᠣᠰᠠᠤ ᠬᠡᠯᠪᠡᠷᠢ ᠶᠢᠨ ᠥᠪᠡᠲᠡᠭᠰᠢ ᠨᠠᠶᠢᠷ ᠪᠣᠯᠬᠤ ᠪᠠᠷ ᠪᠠᠷᠠᠬᠤ ᠦᠭᠡᠢ᠂ ᠨᠡᠩ ᠴᠦ ︽ᠴᠢᠩ ᠷᠦᠢ︾ ᠪᠣᠯᠪᠠᠰᠤᠷᠡᠯ ᠤᠨ ᠠᠩᠭᠢ ᠶᠢᠨ ᠰᠤᠷᠤᠭᠴᠢᠳ ᠤᠨ ᠪᠦᠯᠬᠦᠮᠳᠡᠨ ᠨᠢᠭᠡᠳᠴᠤ᠂ ᠢᠳᠡᠪᠬᠢᠲᠡᠢ ᠪᠠᠷ ᠦᠭᠡᠲᠡᠯᠡᠨ ᠳᠡᠪᠰᠢᠬᠤ ᠵᠣᠷᠢᠭ ᠰᠠᠨᠠᠭᠠᠨ ᠤ ᠠᠮᠢᠳᠤᠯᠢᠭ ᠢᠯᠡᠷᠡᠯ ᠪᠣᠯᠬᠤ ᠶᠤᠮ᠃ ᠰᠤᠷᠤᠭᠴᠢᠳ ᠬᠤᠶᠢᠰᠢᠳᠠ ᠶᠢᠨ ᠠᠵᠢᠯ ᠠᠮᠢᠳᠤᠷᠠᠯ ᠳᠤᠮᠳᠠ ᠪᠠᠨ ᠤᠭ ᠰᠠᠨᠠᠭ᠎ᠠ ᠪᠠᠨ ᠦᠯᠦ ᠮᠠᠷᠲᠡᠨ᠂ ᠡᠷᠡᠮᠡᠭᠡᠶᠢᠯᠡᠨ ᠣᠷᠣᠭᠰᠢᠯᠡᠵᠦ᠂ ᠡᠷᠡᠰ ᠪᠠᠲᠤ ᠢᠲᠡᠭᠡᠯ ᠵᠣᠷᠢᠭ   ᠲᠠᠢ᠂ ᠡᠯᠪᠡᠭ ᠪᠠᠶᠠᠯᠢᠭ ᠡᠷᠳᠡᠮ ᠮᠡᠳᠡᠯᠭᠡ ᠲᠠᠢ ᠪᠠᠶᠢᠵᠤ᠂ ᠨᠡᠩ ᠴᠤᠭ ᠪᠠᠳᠡᠷᠡᠩᠭᠤᠢ ᠣᠶᠣᠨ ᠰᠠᠨᠠᠭᠠᠨ  ᠤ ᠳᠦᠷᠰᠦ ᠪᠠᠶᠢᠳᠠᠯ ᠢᠶᠠᠷ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠰᠢᠨ᠋᠎ᠠ ᠬᠠᠭᠤᠳᠠᠰᠤ ᠶᠢ ᠪᠢᠴᠢᠭᠯᠡᠬᠦ ᠳᠤ ᠬᠦᠴᠦᠨ ᠴᠢᠳᠡᠯ  ᠢᠶᠠᠨ ᠡᠷᠭᠦᠨ᠋᠎ᠡ ᠭᠡᠵᠦ ᠢᠯᠡᠳᠬᠡᠵᠡᠭᠡᠪᠡ᠃        ᠣᠶᠢᠷ᠎ᠠ ᠶᠢᠨ ᠵᠢᠯ ᠳᠤ᠂ ᠠᠷᠤ ᠬᠤᠷᠴᠢᠨ ᠬᠤᠰᠢᠭᠤᠨ ᠤ ᠬᠢᠨ ᠵᠠᠯᠠᠭᠤ ᠺᠠᠳ᠋ᠷᠴᠤᠳ ᠢ ᠰᠤᠷᠭᠠᠨ ᠬᠥᠮᠥᠵᠢᠭᠦᠯᠬᠦ ᠠᠵᠢᠯ ᠢ ᠲᠡᠭᠡᠲᠦ ᠬᠡᠮᠵᠢᠶ᠎ᠡ ᠪᠠᠷ ᠴᠢᠬᠤᠯᠠᠴᠢᠯᠡᠵᠦ᠂ ᠬᠡᠯᠪᠡᠷᠢ ᠶᠢᠨ ᠲᠠᠯ᠎ᠠ ᠳᠤ ᠲᠠᠰᠤᠷᠠᠯᠲᠠ ᠦᠭᠡᠢ ᠰᠢᠨ᠋᠎ᠠ ᠶᠢ ᠡᠭᠦᠳᠦᠨ᠂ ᠠᠴᠢᠶᠠᠯᠠᠪᠤᠷᠢ ᠪᠠᠨ ᠪᠠᠶᠠᠯᠢᠠᠨᠵᠢᠭᠤᠯᠵᠤ᠂ ︽ᠰᠣᠩᠭᠤᠨ ᠬᠥᠮᠥᠵᠢᠭᠦᠯᠬᠦ ᠳᠤ ᠲᠤᠰᠠᠲᠠᠢ︾ ᠤᠯᠠᠨ ᠵᠦᠢᠯ ᠤᠨ ᠠᠷᠭ᠎ᠠ ᠬᠡᠯᠪᠠᠷᠢ ᠪᠠᠷ ᠲᠡᠮᠵᠢᠭᠤᠯᠤᠨ ᠵᠠᠯᠠᠭᠤ ᠺᠠᠳ᠋ᠷᠴᠤᠳ ᠤᠨ ᠣᠨᠴᠡ ᠴᠢᠳᠠᠪᠤᠷᠢ᠂ ᠠᠮᠢᠵᠢᠷᠡᠯ ᠤᠨ ᠬᠦᠴᠦᠨ ᠪᠠ ᠪᠦᠳᠦᠭᠡᠯᠴᠢ ᠴᠢᠳᠠᠪᠤᠷᠢ ᠶᠢ ᠬᠦᠢᠴᠡᠳ ᠠᠭᠤᠳᠠᠯᠵᠤ᠂ ᠵᠠᠯᠠᠭᠤ ᠺᠠᠳ᠋ᠷᠴᠤᠳ ᠲᠤ ᠠᠪᠢᠶᠡᠰ ᠴᠢᠳᠠᠪᠤᠷᠢ ᠪᠠᠨ ᠢᠯᠡᠷᠡᠭᠦᠯᠬᠦ᠂ ᠰᠣᠯᠢᠯᠴᠠᠭ᠎ᠠ ᠶᠢ ᠠᠬᠢᠭᠤᠯᠠᠬᠤ ᠲᠠᠪᠴᠠᠩ ᠢ ᠦᠷᠭᠦᠯᠵᠢᠯᠠᠨ ᠪᠠᠶᠢᠭᠤᠯᠤᠨ ᠥᠭᠴᠦ᠂ ᠤᠯᠤᠰ ᠲᠥᠷᠥ ᠶᠢᠨ ᠲᠠᠯ᠎ᠠ ᠪᠠᠷ ᠨᠠᠶᠢᠳᠠᠪᠤᠷᠢᠲᠠᠢ᠂ ᠲᠤᠬᠠᠶᠢᠯᠠᠭᠰᠠᠨ ᠠᠵᠢᠯ ᠤᠨ ᠲᠠᠯ᠎ᠠ ᠪᠠᠷ ᠲᠤᠯᠭᠠᠭᠤᠷᠢᠯᠠᠵᠤ ᠳᠡᠶᠢᠯᠬᠦ᠂ ᠰᠤᠷᠳᠠᠯ ᠤᠨ ᠲᠡᠯ᠎ᠠ ᠪᠠᠷ ᠪᠠᠲᠤ ᠴᠢᠩᠭ᠎ᠠ ᠲᠤᠯᠭᠠᠭᠤᠷᠢ ᠬᠦᠴᠦᠨ ᠪᠦᠬᠦᠢ ᠵᠠᠯᠠᠭᠤ ᠺᠠᠳ᠋ᠷᠴᠤᠳ ᠢ ᠲᠦᠷᠭᠡᠨ ᠬᠥᠮᠦᠵᠢᠭᠦᠯᠵᠦ᠂ ᠠᠷᠤ ᠬᠤᠷᠴᠢᠨ ᠬᠤᠰᠢᠭᠤᠨ ᠤ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠳᠤ ᠪᠠᠲᠤ ᠪᠠᠬᠢ ᠰᠠᠭᠤᠷᠢ ᠲᠠᠯᠪᠢᠵᠤ ᠥᠭᠭᠦᠭᠰᠡᠨ ᠪᠠᠶᠢᠨ᠎ᠠ᠃                                                                   ︵ᠯᠢ ᠬᠤᠸᠠᠨ ᠢᠦᠢ   ᠵᠣᠣ ᠶᠠ ᠨᠠᠨ︶
 
ᠢᠷᠡᠯᠲᠡ᠄ ᠠᠷᠣ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号