8 ᠰᠠᠷ᠎ᠠ ᠶᠢᠨ 3 ᠤ ᠡᠳᠦᠷ᠂ ᠴᠢᠪᠠᠭ᠎ᠠ ᠳᠥᠷᠪᠡᠳᠦᠭᠡᠷ ᠪᠠᠭ᠎ᠠ ᠰᠤᠷᠭᠠᠭᠤᠯᠢ᠂ ᠴᠢᠶᠣᠣᠮᠢᠨᠲᠠᠯᠠ ᠪᠠᠭ᠎ᠠ | ᠰᠤᠷᠭᠠᠭᠤᠯᠢ᠂ ᠪᠠᠶ᠋ᠬᠠᠦ᠋ᠡᠳᠣᠷ ᠪᠠᠭ᠎ᠠ ᠰᠤᠷᠭᠠᠭᠤᠯᠢ᠂ ᠪᠠᠶᠠᠨᠨᠠᠭᠤᠷ ᠨᠢᠭᠡᠳᠦᠭᠡᠷ ᠪᠠᠭ᠎ᠠ ᠰᠤᠷᠭᠠᠭᠤᠯᠢ ᠵᠡᠷᠭᠡ ᠳᠥᠷᠪᠡᠨ | ᠪᠠᠭ᠎ᠠ ᠰᠤᠷᠭᠠᠭᠤᠯᠢ ᠬᠠᠮᠲᠤᠷᠠᠨ ︽ᠠᠨᠠᠷ ᠤᠨ ᠦᠷ᠎ᠡ ᠮᠡᠲᠦ ᠨᠢᠠᠨᠳᠠᠷᠠᠨ᠂ ᠰᠡᠳᠬᠢᠯ ᠵᠢᠷᠦᠬᠡ ᠪᠠᠨ ᠬᠤᠯᠪᠣᠵᠦ᠂ | ᠳᠤᠮᠳᠠᠳᠤ ᠶᠢᠨ ᠵᠡᠭᠦᠲᠦ ᠶᠢ ᠬᠠᠮᠲᠤ ᠪᠠᠷ ᠲᠡᠷᠭᠡᠯᠰᠢᠭᠦᠯᠬᠦ︾ ᠪᠠᠷ ᠭᠤᠣᠯ ᠰᠡᠳᠤᠪ ᠪᠣᠯᠭᠠᠭᠰᠠᠨ ᠵᠣᠨ ᠤ ᠠᠮᠠᠷᠠᠯᠲᠠ | ᠶᠢᠨ ᠰᠤᠳᠤᠯᠤᠨ ᠰᠤᠷᠤᠯᠴᠠᠬᠤ ᠠᠵᠢᠯᠯᠠᠭ᠎ᠠ ᠥᠷᠨᠢᠭᠦᠯᠵᠦ᠂ ᠰᠤᠷᠤᠭᠴᠢᠳ ᠢ ᠥᠪᠡᠷᠮᠢᠴᠠ ᠣᠨᠴᠠᠯᠢᠭᠲᠤ ᠰᠤᠳᠤᠯᠤᠨ | ᠰᠤᠷᠤᠯᠴᠠᠬᠤ ᠠᠵᠢᠯᠯᠠᠭ᠎ᠠ ᠳᠤ ᠪᠠᠶᠠᠴᠢᠯᠠᠨ ᠣᠷᠤᠯᠴᠠᠭᠤᠯᠤᠭᠰᠠᠨ ᠪᠠᠶᠢᠨ᠎ᠠ᠃ | | | | | | ᠬᠠᠨ ᠯᠢᠨ ᠲᠤᠰᠬᠤᠨ ᠤ ᠦᠷᠡᠭᠳᠡᠭᠰᠡᠨ ᠪᠠᠭᠠᠲᠤᠷᠴᠤᠳ ᠤᠨ ᠲᠤᠷᠠᠰᠬᠠᠯ ᠤᠨ ᠣᠷᠳᠣᠨ ᠳᠤ᠂ | ᠰᠤᠷᠤᠭᠴᠢᠳ ᠲᠠᠶᠢᠯᠪᠤᠷᠢᠯᠠᠭᠴᠢ ᠶᠢᠨ ᠳᠠᠭᠠᠭᠤᠯᠭ᠎ᠠ ᠪᠠᠷ ᠦᠷᠡᠭᠳᠡᠭᠰᠡᠨ ᠪᠠᠭᠠᠲᠤᠷᠴᠤᠳ ᠤᠨ ᠬᠡᠷᠡᠯ ᠰᠠᠴᠤᠷᠠᠩᠭᠤᠢ | ᠦᠢᠯᠡ ᠬᠡᠷᠡᠭ ᠤᠨ ᠲᠤᠬᠠᠢ ᠨᠠᠷᠢᠨ ᠬᠢᠨᠠᠮᠠᠭᠠᠢ ᠰᠣᠨᠣᠰᠤᠨ ᠣᠶᠢᠯᠠᠭᠠᠵᠤ᠂ ᠲᠡᠦᠬᠡ ᠶᠢ ᠡᠷᠭᠢᠴᠡᠭᠦᠯᠬᠦ ᠶᠠᠪᠤᠴᠠ ᠳᠤ | ᠵᠣᠷᠢᠭ ᠰᠠᠨᠠᠭᠠᠨ ᠤ ᠰᠣᠷᠣᠯᠴᠠᠯᠭ᠎ᠠ ᠬᠦᠷᠳᠡᠪᠡ᠃ ᠴᠢᠶᠣᠣᠮᠢᠨᠳᠡᠯᠡ ᠪᠠᠭ᠎ᠠ ᠰᠤᠷᠭᠠᠭᠤᠯᠢ ᠶᠢᠨ ᠬᠥᠳᠡᠯᠮᠦᠷᠢ | ᠦᠢᠯᠡᠳᠦᠯᠭᠡ ᠶᠢᠨ ᠰᠠᠭᠤᠷᠢᠨ ᠳᠤ᠂ ᠰᠤᠷᠣᠭᠴᠢᠳ ᠬᠠᠮᠲᠤᠪᠠᠷ ᠦᠷ᠎ᠡ ᠰᠠᠴᠤᠨ ᠳᠠᠷᠢᠬᠤ ᠠᠵᠢᠯᠯᠠᠭ᠎ᠠ ᠳᠤ | ᠣᠷᠤᠯᠴᠠᠨ ᠬᠠᠷᠢᠯᠴᠠᠨ ᠬᠠᠪᠰᠤᠷᠤᠯᠴᠠᠵᠤ᠂ ᠲᠡᠷᠢᠵᠤ ᠣᠷᠭᠤᠭᠤᠯᠬᠤ ᠰᠣᠶᠣᠯ ᠪᠠ ᠬᠥᠳᠡᠯᠮᠦᠷᠢ ᠶᠢᠨ ᠬᠠᠪᠤ ᠴᠠᠩᠭᠡᠯ ᠢ | ᠪᠠᠶᠠᠴᠢᠯᠠᠨ ᠣᠶᠢᠯᠠᠭᠠᠪᠠ᠃ ᠭᠤᠭᠤᠰᠣᠳᠡᠢ ᠬᠠᠨ ᠠᠭᠤᠯᠠ ᠳᠤ᠂ ᠰᠤᠷᠣᠭᠴᠢᠳ ᠬᠠᠮᠲᠤ ᠪᠠᠷ ᠬᠥᠯ ᠪᠦᠮᠪᠦᠭᠡ | ᠢᠰᠭᠦᠯᠦᠨ ᠨᠠᠭᠠᠳᠴᠤ᠂ ᠭᠤᠭᠤᠰᠣᠳᠡᠢ ᠬᠠᠨ ᠠᠭᠤᠯᠠ ᠶᠢᠨ ᠤᠬᠠᠭᠤᠯᠭ᠎ᠠ ᠬᠥᠮᠦᠵᠢᠯ ᠤᠨ ᠦᠵᠡᠭᠦᠯᠭᠡ ᠶᠢᠨ | ᠣᠷᠳᠣᠨ ᠢᠶᠠᠷ ᠲᠣᠭᠤᠷᠢᠨ ᠦᠵᠡᠵᠦ᠂ ᠨᠢᠭᠡ ᠤᠳᠠᠭᠠᠨ ᠤ ᠭᠠᠶᠢᠬᠠᠮᠰᠢᠡᠡᠳᠤ ᠡᠬᠡ ᠪᠠᠶᠢᠭᠠᠯᠢ ᠶᠢᠨ ᠠᠶᠠᠯᠠᠯ ᠢ | ᠪᠠᠶᠠᠴᠢᠯᠠᠨ ᠣᠶᠢᠯᠠᠭᠠᠡᠡᠰᠡᠨ ᠪᠠᠶᠢᠨ᠎ᠠ᠃ | | | | | | ᠪᠠᠶ᠋ᠬᠠᠦ᠋ᠡᠳᠣᠷ ᠪᠠᠭ᠎ᠠ ᠰᠤᠷᠭᠠᠭᠤᠯᠢ ᠳᠤ᠂ ᠳᠥᠷᠪᠡᠨ ᠰᠤᠷᠭᠠᠭᠤᠯᠢ ᠶᠢᠨ ᠰᠤᠷᠣᠭᠴᠢᠳ ᠲᠠᠯ᠎ᠠ ᠨᠤᠲᠤᠭ ᠤᠨ | ᠦᠪᠡᠳᠡᠭᠰᠢ ᠨᠠᠶᠢᠷ ᠪᠣᠯᠬᠤ ︽ᠨᠠᠭᠠᠳᠤᠮ︾ ᠢ ᠪᠠᠶᠠᠴᠢᠯᠡᠨ ᠤᠶᠢᠯᠠᠭᠠᠵᠤ᠂ ᠬᠠᠮᠲᠤ ᠪᠠᠷ ︽ᠦᠨᠳᠦᠰᠦ ᠨᠢᠭᠡᠲᠡᠢ | ᠮᠣᠳᠣ︾ ᠲᠠᠷᠢᠪᠡ᠃ ᠰᠣᠶᠣᠯ ᠤᠨ ᠰᠣᠯᠢᠯᠴᠠᠭᠠᠨ ᠤ ᠭᠤᠨ᠋ᠡᠴᠤᠭ᠎ᠠ ᠳᠤ᠂ ᠴᠢᠪᠠᠭ᠎ᠠ ᠳᠥᠷᠪᠠᠳᠦᠭᠡᠷ ᠪᠠᠭ᠎ᠠ | ᠰᠤᠷᠭᠠᠭᠤᠯᠢ ᠶᠢᠨ ᠰᠤᠷᠤᠭᠴᠢᠳ ︽ᠲᠠᠯ᠎ᠠ ᠨᠤᠲᠤᠭ ᠤᠨ ᠪᠠᠭᠠᠲᠤᠷ ᠪᠢᠴᠢᠬᠠᠨ ᠡᠭᠡᠴᠢ ᠥᠬᠢᠨ ᠲᠡᠭᠦᠦ | ᠬᠤᠶᠠᠭᠤᠯᠠ︾᠂ ︽ᠭᠤᠷᠪᠠᠨ ᠮᠢᠩᠭᠠᠨ ᠥᠨᠦᠴᠢᠨ ᠬᠡᠦᠬᠡᠳ ᠥᠪᠥᠷ ᠮᠣᠩᠭᠤᠯ ᠳᠤ ᠦᠰᠦᠭᠰᠡᠨ ᠨᠢ︾ ᠭᠡᠬᠦ | ᠥᠯᠢᠭᠡᠷ ᠢ ᠠᠮᠢᠳᠣᠯᠢᠭ ᠢᠶᠠᠷ ᠶᠠᠷᠢᠵᠤ᠂ ᠪᠠᠶ᠋ᠬᠠᠦ᠋ᠡᠳᠣᠷ ᠪᠠᠭ᠎ᠠ ᠰᠤᠷᠭᠠᠭᠤᠯᠢ ᠶᠢᠨ ᠰᠤᠷᠤᠭᠴᠢᠳ ︽ᠡᠬᠡ ᠤᠯᠤᠰ | ᠮᠢᠨᠢ ᠬᠦᠴᠦᠷᠭᠡᠭ︾ ᠵᠡᠷᠭᠡ ᠭᠤᠶᠢᠳᠠ ᠰᠠᠶᠢᠬᠠᠨ ᠲᠣᠡᠡᠯᠠᠯᠳᠡ ᠭᠠᠷᠭᠠᠨ᠂ ᠴᠢᠶᠣᠣᠮᠢᠨᠳᠠᠯᠠ ᠪᠠᠭ᠎ᠠ ᠰᠤᠷᠭᠠᠭᠤᠯᠢ ᠶᠢᠨ | ᠰᠤᠷᠤᠭᠴᠢᠳ ᠪᠦᠵᠢᠭ ᠢᠶᠠᠨ ᠪᠦᠵᠢᠭᠯᠡᠨ᠂ ᠪᠠᠶᠠᠠᠨᠠᠭᠤᠷ ᠨᠢᠭᠡᠳᠦᠭᠡᠷ ᠪᠠᠭ᠎ᠠ ᠰᠤᠷᠭᠠᠭᠤᠯᠢ ᠶᠢᠨ ᠰᠤᠷᠤᠭᠴᠢᠳ ︽ | ᠵᠢᠷᠭᠤᠭᠠᠨ ᠰᠠᠷ᠎ᠠ ᠶᠢᠨ ᠨᠢᠭᠡᠨ︾ ᠭᠡᠬᠦ ᠬᠠᠮᠲᠤ ᠶᠢᠨ ᠳᠠᠭᠤᠤ ᠳᠠᠭᠤᠯᠠᠪᠠ᠃ ᠰᠤᠷᠣᠭᠴᠢᠳ ᠳᠠᠶᠢᠰᠠᠨ ᠳᠤ ᠲᠣᠭᠯᠠᠬᠤ | ᠳᠤ ᠪᠠᠨ ᠣᠷᠬᠢᠯᠤᠮ᠎ᠠ ᠬᠠᠯᠠᠭᠤᠨ ᠰᠡᠳᠬᠢᠯᠭᠡ ᠲᠠᠢ᠂ ᠠᠮᠢᠵᠢᠷᠠᠯ ᠤᠨ ᠬᠦᠴᠦᠨ ᠪᠢᠯᠬᠠᠮ᠎ᠠ ᠪᠠᠶᠢᠵᠤ᠂ ᠠᠵᠢᠯᠯᠠᠭᠠᠨ | ᠮᠠᠰᠢ ᠬᠦᠷ ᠬᠥᠭᠵᠢᠶᠠᠨᠲᠠᠢ ᠶᠠᠪᠤᠭᠳᠠᠪᠠ᠃ | | | | ᠲᠣᠰ ᠤᠳᠠᠭᠠᠨ ᠤ ᠠᠵᠢᠯᠯᠠᠭ᠎ᠠ ᠨᠢ ᠲᠥᠷᠪᠡᠨ ᠰᠤᠷᠭᠠᠭᠤᠯᠢ ᠶᠢᠨ ᠪᠠᠭᠰᠢ ᠰᠤᠷᠤᠭᠴᠢᠳ ᠤᠨ ᠥᠷᠭᠡᠨ | ᠳᠡᠯᠭᠡᠷ ᠰᠣᠯᠢᠯᠴᠠᠭ᠎ᠠ ᠶᠠᠪᠤᠯᠴᠠᠭ᠎ᠠ ᠶᠢ ᠠᠬᠢᠭᠤᠯᠵᠤ᠂ ᠣᠯᠤᠰ ᠢᠶᠠᠨ ᠬᠠᠶᠢᠷᠡᠯᠠᠬᠤ ᠦᠵᠡᠯ ᠤᠨ ᠬᠥᠮᠦᠵᠢᠯ᠂ | ᠦᠨᠳᠦᠰᠦᠳᠡᠨ ᠤ ᠪᠦᠯᠬᠦᠮᠳᠡᠯ ᠲᠡᠪᠰᠢᠯᠲᠡ ᠶᠢᠨ ᠬᠥᠮᠦᠵᠢᠯ ᠵᠢᠴᠢ ᠠᠮᠢ ᠠᠬᠤᠢ ᠶᠢᠨ ᠪᠣᠯᠪᠠᠰᠤᠨ ᠤ ᠬᠥᠮᠥᠵᠢᠯ ᠤᠨ | ᠠᠭᠤᠯᠭ᠎ᠠ ᠶᠢ ᠠᠭᠤᠰᠤᠯᠴᠠᠭᠤᠯᠤᠨ᠂ ᠨᠢᠭᠡ ᠤᠳᠠᠭᠠᠨ ᠤ ᠪᠠᠶᠠᠯᠢᠭ ᠰᠠᠶᠢᠬᠠᠨ ᠰᠤᠷᠤᠯᠴᠠᠯᠭ᠎ᠠ ᠪᠣᠯᠣᠨ ᠪᠠᠶᠠᠴᠢᠯᠠᠨ | ᠣᠶᠢᠯᠠᠭᠠᠯᠲᠠ ᠶᠢᠨ ᠠᠶᠠᠯᠠᠯ ᠪᠣᠯᠪᠠ᠃ ︵ᠵᠣᠣ ᠶᠠ ᠨᠠᠨ︶ | | | |