9 ᠰᠠᠷ᠎ᠠ ᠶᠢᠨ 25 ᠤ ᠣᠷᠣᠢ᠂ ᠠᠷᠤ ᠬᠤᠷᠴᠢᠨ ᠬᠤᠰᠢᠭᠤᠨ ᠤ ︽ᠲᠡᠮᠤᠷ ᠬᠡᠤᠬᠡᠨᠴᠤᠳ︾ ᠢᠶᠠᠷ | ᠪᠦᠷᠢᠯᠳᠤᠭ᠍ᠰᠡᠨ ︽ᠮᠠᠷᠳᠠᠭᠳᠠᠰᠢ ᠦᠭᠡᠢ ᠡᠭᠡᠴᠢ ᠲᠡᠭᠦᠦ ᠶᠢᠨ ᠬᠠᠶᠢᠷ᠎ᠠ︾ ᠰᠣᠶᠣᠯ ᠤᠷᠠᠯᠢᠭ ᠤᠨ ᠨᠡᠶᠢᠭᠡᠮᠯᠢᠭ ᠤᠨ ᠬᠢᠨ | ᠴᠢᠪᠠᠭ᠎ᠠ ᠪᠠᠯᠭᠠᠰᠤ ᠶᠢᠨ ᠰᠢᠨ᠎ᠡ ᠬᠤᠲᠠ ᠲᠣᠭᠤᠷᠢᠭ ᠤᠨ ᠰᠣᠶᠣᠯ ᠤᠨ ᠠᠭᠤᠳᠠᠮ ᠲᠠᠯᠠᠪᠠᠢ ᠳᠤ ︽ᠰᠡᠳᠭᠢᠯ ᠤᠨ ᠪᠠᠭᠤᠴᠠ︾ | ᠤᠷᠠᠨ ᠰᠠᠶᠢᠬᠠᠨ ᠤ ᠳᠣᠭᠯᠠᠯᠲᠠ ᠪᠠᠷ ᠢᠶᠠᠨ ᠰᠢᠨ᠎ᠡ ᠳᠣᠮᠳᠠᠲᠤ ᠤᠯᠤᠰ ᠪᠠᠶᠢᠭᠤᠯᠤᠭᠳᠠᠭᠰᠠᠨ 75 ᠵᠢᠯ ᠤᠨ ᠣᠢ ᠶᠢ | ᠣᠴᠢᠷᠲᠠᠢ ᠰᠠᠶᠢᠬᠠᠨ ᠤᠭᠲᠤᠭᠰᠠᠨ ᠪᠠᠶᠢᠨ᠎ᠠ᠃ | | | | | | | | ᠲᠣᠭᠯᠠᠯᠲᠠ ᠨᠢ ︽ᠬᠠᠳᠠᠭ ᠤᠨ ᠪᠦᠵᠢᠭ︾᠂ ︽ᠵᠣᠴᠢᠨ ᠣᠭᠲᠣᠬᠤ ᠪᠦᠵᠢᠭ︾᠂ ︽ᠨᠡᠭᠦᠳᠡᠯ ᠰᠣᠶᠣᠯ ᠤᠨ | ᠠᠷᠤ ᠬᠤᠷᠴᠢᠨ︾᠂ ︽ᠲᠠᠮᠤᠷ ᠬᠡᠣᠬᠡᠨᠴᠣᠣᠨ ᠤᠨ ᠮᠬᠠᠳᠠᠭᠠᠯ︾᠂ ︽ᠠᠭᠤᠤ ᠨᠠᠮ ᠢᠶᠠᠨ ᠮᠠᠭᠲᠠᠨ ᠳᠠᠭᠤᠯᠠᠶ᠎ᠠ︾ ᠵᠡᠷᠭᠡ | ᠪᠦᠵᠢᠭ᠂ ᠬᠤᠯᠪᠣᠭ᠎ᠠ᠂ ᠳᠠᠭᠤᠤ ᠪᠠᠷ ᠢᠶᠠᠨ ᠦᠵᠡᠭᠴᠢᠳ ᠤᠯᠠᠨ ᠤ ᠪᠠᠨ ᠬᠠᠷᠠᠭ᠎ᠠ ᠶᠢ ᠪᠠᠶᠠᠰᠬᠠᠨ ᠰᠣᠨᠣᠷ ᠢ ᠮᠢᠯᠢᠶᠠᠵᠠᠢ᠃ | | | | | | | | ᠲᠣᠰ ᠤᠳᠠᠭᠠᠨ ᠤ ᠬᠥᠳᠡᠯᠭᠡᠭᠡᠨ ᠨᠢ ᠠᠷᠤ ᠬᠤᠷᠴᠢᠨ ᠬᠤᠰᠢᠭᠤᠨ ᠤ ︽ᠲᠡᠮᠤᠷ ᠬᠡᠤᠬᠡᠨᠴᠤᠳ︾ ᠤᠨ ᠠᠭᠤᠤ | ᠨᠠᠮ ᠤᠨ ᠢᠶᠠᠨ ᠵᠢᠯᠤᠭᠤᠳᠤᠯᠭ᠎ᠠ ᠳᠤ ᠳᠠᠯᠠᠷᠬᠠᠯ ᠢᠶᠠᠨ ᠳᠠᠪᠰᠢᠭᠦᠯᠤᠨ᠂ ᠡᠬᠡ ᠤᠯᠤᠰ ᠤᠨ ᠢᠶᠠᠨ ᠪᠠᠶᠢᠭᠤᠯᠤᠭᠳᠠᠭᠰᠠᠨ 75 | ᠵᠢᠯ ᠤᠨ ᠣᠢ ᠶᠢ ᠪᠠᠶᠠᠷᠯᠠᠨ ᠪᠡᠯᠭᠡᠯᠡᠬᠦ ᠶᠢᠨ ᠳᠠᠭᠠᠤ ᠬᠠᠯᠠᠭᠤᠨ ᠡᠯᠢᠭᠡᠨ ᠪᠠᠭᠤᠴᠠᠨ ᠳᠤ ᠪᠠᠨ ᠬᠠᠶᠢᠷ᠎ᠠ ᠰᠠᠳᠭᠢᠯ ᠢᠶᠠᠨ | ᠰᠢᠩᠬᠡᠭᠡᠨ᠂ ᠬᠠᠮᠲᠤ ᠣᠯᠠᠨ ᠤ ᠪᠠᠨ ᠰᠡᠣᠡᠬᠢᠯ ᠳᠤ ᠳᠤᠮᠳᠠᠲᠤ ᠶᠢᠨ ᠦᠨᠳᠣᠰᠣᠲᠠᠨ ᠤ ᠬᠠᠮᠲᠤ ᠶᠢᠨ ᠴᠤᠭᠴᠠ ᠶᠢᠨ | ᠤᠬᠠᠮᠰᠠᠷ ᠢ ᠤᠯᠠᠮ ᠨᠢᠭᠡ ᠠᠯᠬᠤᠮ ᠴᠢᠩᠭᠠᠳᠬᠠᠬᠤ ᠪᠠᠷ ᠭᠤᠣᠯ ᠵᠣᠷᠢᠯᠭ᠎ᠠ ᠪᠠᠨ ᠪᠣᠯᠭᠠᠭᠰᠠᠨ ᠪᠠᠶᠢᠨ᠎ᠡ᠃ ᠲᠤᠬᠠᠢ ᠶᠢᠨ | ᠦᠶ᠎ᠡ ᠶᠢᠨ ︽ᠲᠡᠮᠤᠷ ᠬᠡᠤᠬᠡᠨᠴᠤᠣᠳ︾ ᠤᠨ ᠬᠦᠴᠢᠷ ᠪᠡᠷᠬᠡᠰᠢᠶᠡᠯ ᠤᠨ ᠡᠮᠤᠨ᠎ᠡ ᠡᠪᠦᠳᠦᠭ ᠨᠣᠭᠤᠷᠠᠬᠤ ᠦᠭᠡᠢ᠂ | ᠬᠦᠳᠡᠯᠮᠦᠷᠢ ᠶᠢᠨ ᠬᠦᠡᠳᠤ ᠬᠡᠴᠡᠭᠦᠦ ᠠᠴᠠ ᠰᠦᠷᠲᠡᠬᠦ ᠦᠭᠡᠢ ᠪᠠᠷ ᠠᠵᠢᠯᠯᠡᠵᠤ ᠲᠡᠮᠡᠴᠡᠵᠤ ᠢᠷᠡᠭᠰᠡᠨ ᠵᠣᠷᠢᠭ ᠰᠠᠨᠠᠭ᠎ᠠ ᠨᠢ | ᠨᠡᠶᠢᠭᠡᠮ ᠨᠡᠶᠢᠳᠡ ᠳᠤ ᠵᠥᠪ ᠡᠨᠧᠷᠬᠢ ᠬᠠᠩᠭᠠᠨ᠂ ᠬᠦᠳᠡᠯᠮᠤᠷᠢ ᠶᠢᠨ ᠦᠩᠬᠡ ᠬᠡᠷᠡᠯ᠂ ᠬᠥᠮᠤᠨ ᠴᠢᠨᠠᠷ ᠤᠨ ᠡᠷᠬᠢᠮ ᠴᠢᠨᠠᠷ ᠢ | ᠬᠤᠵᠢᠮ ᠤᠨ ᠬᠦᠮᠤᠰ ᠲᠤ ᠲᠠᠨᠢᠭᠤᠯᠬᠤ ᠶᠢᠨ ᠬᠠᠮᠲᠤ ᠰᠣᠷᠤᠯᠴᠠᠭᠤᠰᠢᠲᠠᠢ ᠨᠢᠭᠡᠨ ᠦᠯᠢᠭᠡᠷ ᠵᠢᠱᠢᠶ᠎ᠡ ᠪᠣᠯᠬᠤ ᠶᠤᠮ᠃ ︵ | ᠤᠷᠭᠤᠮᠠᠯ︶ | | | | |