ᠤᠯᠠᠭᠠᠡᠬᠠᠳᠠ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠭᠡᠰᠢᠭᠦᠨ ᠴᠣᠡᠡᠪᠠᠳᠠᠷᠠᠬᠤ ᠨᠠᠷ ᠠᠷᠤ ᠬᠤᠷᠴᠢᠨ ᠬᠤᠰᠢᠭᠤᠨ ᠳᠤ ᠲᠦᠯᠣᠭᠡᠯᠩᠴᠢᠤᠨ ᠲᠠᠢ ᠬᠠᠷᠢᠯᠴᠠᠬᠤ ᠠᠵᠢᠯ ᠥᠷᠨᠢᠭᠦᠯᠪᠡ
ᠨᠡᠶᠢᠲᠡᠯᠡᠭᠰᠡᠨ ᠴᠠᠭ᠄
2024/9/5
       9 ᠰᠠᠷ᠎ᠠ ᠶᠢᠨ 2-3 ᠤ ᠡᠳᠦᠷ ᠪᠣᠯᠲᠠᠯ᠎ᠠ᠂ ᠤᠯᠠᠭᠠᠡᠬᠠᠳᠠ ᠬᠤᠲᠠ ᠶᠢᠨ ᠠᠷᠠᠳ ᠤᠨ ᠲᠥᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠭᠡᠰᠢᠭᠦᠨ᠂ ᠠᠷᠠᠳ ᠤᠨ ᠲᠥᠯᠥᠭᠡᠯᠡᠭᠴᠢᠳ  ᠤᠨ ᠶᠡᠭᠡ ᠬᠤᠷᠠᠯ ᠤᠨ ᠦᠨᠳᠤᠰᠣᠳᠠᠨ ᠱᠠᠰᠢᠨ ᠰᠣᠷᠳᠠᠬᠤᠨ ᠭᠠᠳᠠᠭᠠᠳᠣ ᠶᠠᠪᠤᠳᠠᠯ ᠬᠠᠷᠢᠶᠠᠲᠤ ᠶᠢᠨ ᠶᠠᠪᠤᠳᠡᠯ ᠤᠨ ᠵᠥᠪᠯᠡᠯ ᠤᠨ ᠡᠷᠬᠢᠯᠡᠭᠴᠢ ᠭᠡᠰᠢᠭᠦᠨ ᠴᠣᠡᠡᠪᠠᠳᠠᠷᠠᠬᠤ ᠠᠷᠤ ᠬᠤᠷᠴᠢᠨ ᠬᠤᠰᠢᠭᠤᠨ ᠳᠤ ᠬᠦᠷᠴᠦ ᠲᠦᠯᠥᠭᠡᠯᠡᠭᠴᠢ ᠲᠠᠢ ᠬᠠᠷᠢᠯᠴᠠᠬᠤ ᠠᠵᠢᠯ ᠦᠷᠨᠢᠭᠦᠯᠵᠦ᠂ ᠬᠤᠰᠢᠭᠤᠨ ᠠᠷᠠᠳ ᠤᠨ ᠲᠦᠯᠣᠭᠡᠯᠩᠴᠢᠤᠨ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠲᠠᠳ᠋ ᠡᠷᠭᠢᠯᠡᠭᠴᠢ ᠴᠢᠨ ᠶᠤᠸᠠᠢ ᠭᠦᠸᠧ ᠪᠠᠶᠢᠴᠠᠭᠠᠨ ᠰᠤᠳᠤᠯᠤᠯᠲᠠ ᠳᠤ ᠣᠷᠣᠯᠴᠠᠪᠠ᠃
       ᠴᠣᠡᠡᠪᠠᠳᠠᠷᠠᠬᠤ ᠨᠠᠷ ᠤᠷᠢᠳ ᠬᠤᠵᠢᠳ ᠠᠷᠤ ᠬᠤᠷᠴᠢᠨ ᠬᠤᠰᠢᠭᠤᠨ ᠤ ᠬᠤᠸᠠ ᠬᠠᠩ ᠰᠢᠨ᠎ᠡ ᠡᠨᠧᠷᠬᠢ ᠶᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠢᠵᠠᠭᠠᠷᠲᠤ ᠺᠣᠮᠫᠠᠨᠢ᠂ ᠬᠤᠨᠳᠤ ᠪᠠᠯᠭᠠᠰᠤ ᠶᠢᠨ ᠤᠰᠤᠭᠬᠢ ᠭᠠᠴᠠᠭ᠎ᠠ᠂ ᠵᠢᠭᠠᠰᠤᠲᠠᠢ ᠪᠠᠯᠭᠠᠰᠤ ᠶᠢᠨ ᠪᠣᠯᠵᠤᠭ᠎ᠠ ᠭᠠᠴᠠᠭ᠎ᠠ ᠳᠤ ᠬᠦᠨᠵᠡᠭᠡᠶᠢᠷᠠᠨ ᠲᠥᠯᠦᠭᠡᠯᠡᠭᠴᠢᠳ ᠲᠠᠢ ᠬᠠᠷᠢᠯᠴᠡᠵᠦ᠂ ᠦᠨᠳᠦᠰᠦᠨ ᠱᠠᠲᠤᠨ ᠤ ᠠᠷᠠᠳ ᠤᠨ ᠲᠥᠯᠣᠭᠡᠯᠡᠭᠴᠢᠳ ᠤᠨ ᠡᠳᠤᠷ ᠲᠤᠳᠤᠮ ᠤᠨ ᠠᠵᠢᠯ ᠪᠠ ᠲᠣᠰᠢᠶᠠᠯ ᠬᠠᠷᠢᠭᠤᠴᠠᠯᠭ᠎ᠠ ᠪᠠᠨ ᠭᠦᠢᠴᠡᠳᠭᠡᠭᠰᠡᠨ ᠪᠠᠶᠢᠳᠠᠯ ᠢ ᠬᠦᠨᠵᠡᠭᠡᠢ ᠣᠶᠢᠯᠠᠭᠠᠨ᠂ ᠬᠤᠲᠠ ᠶᠢᠨ ᠠᠷᠠᠳ ᠤᠨ ᠲᠥᠯᠦᠭᠡᠯᠡᠭᠴᠢᠳ ᠤᠨ ᠶᠡᠭᠡ ᠬᠤᠷᠠᠯ ᠤᠨ ᠠᠵᠢᠯ ᠤᠨ ᠲᠣᠬᠠᠢ ᠦᠨᠳᠤᠰᠦᠨ ᠱᠠᠲᠤᠨ ᠤ ᠠᠷᠠᠳ ᠤᠨ ᠲᠥᠯᠥᠭᠡᠯᠡᠭᠴᠢᠳ ᠤᠨ ᠰᠠᠨᠠᠯ ᠰᠠᠨᠠᠭᠤᠯᠭ᠎ᠠ ᠶᠢ ᠰᠣᠨᠣᠰᠴᠤ᠂ ᠮᠠᠯᠴᠢᠳ ᠤᠨ ᠠᠩᠬᠠᠷᠴᠤ ᠪᠠᠶᠢᠭ᠎ᠠ ᠦᠭᠡᠷ ᠬᠤᠨᠢᠨ ᠤ ᠦᠨ᠎ᠡ ᠬᠠᠩᠰᠢ ᠪᠣᠯᠣᠨ ᠲᠠᠵᠢᠭᠡᠯ ᠡᠪᠠᠰᠤ ᠪᠣᠷᠳᠤᠭᠠᠨ ᠤ ᠦᠨ᠎ᠡ ᠬᠠᠩᠰᠢ᠂ ᠮᠠᠯᠴᠢᠨ ᠲᠠᠷᠢᠶᠠᠴᠢᠳ ᠤᠨ ᠨᠦᠬᠦᠪᠤᠷᠢ ᠵᠠᠷᠭᠡ ᠠᠰᠠᠭᠤᠳᠠᠯ ᠤᠨ ᠲᠤᠭᠤᠷᠢᠨ ᠳᠤ ᠬᠤᠯᠪᠣᠭᠳᠠᠯ ᠪᠦᠬᠦᠢ ᠬᠠᠷᠢᠭᠤᠴᠠᠯᠭᠠᠳᠠᠨ ᠪᠣᠯᠣᠨ ᠲᠥᠯᠥᠭᠡᠯᠡᠭᠴᠢᠳ ᠲᠠᠢ ᠰᠠᠨᠠᠯ ᠢᠶᠠᠨ ᠰᠤᠯᠢᠯᠴᠠᠪᠠ᠃
       ᠴᠣᠡᠡᠪᠠᠳᠠᠷᠠᠬᠤ ᠠᠷᠠᠳ ᠤᠨ ᠲᠥᠯᠥᠭᠡᠯᠡᠭᠴᠢ ᠶᠢᠨ ᠦᠨᠳᠦᠰᠦᠨ ᠱᠠᠲᠤᠨ ᠳᠤ ᠵᠢᠱᠢᠶ᠎ᠡ ᠦᠵᠡᠭᠦᠯᠵᠦ ᠬᠥᠳᠦᠯᠦᠨ ᠳᠠᠭᠠᠭᠤᠯᠬᠤ ᠦᠢᠯᠡᠳᠣᠯ ᠦᠵᠡᠭᠦᠯᠦᠭᠰᠡᠨ ᠢ ᠭᠦᠢᠴᠡᠳ ᠨᠤᠳᠠᠯᠠᠭᠰᠠᠨ ᠪᠥᠭᠡᠳ ᠠᠷᠠᠳ ᠤᠨ ᠲᠦᠯᠥᠭᠡᠯᠡᠭᠴᠢ ᠶᠢᠨ ᠲᠣᠰᠢᠶᠠᠯ ᠬᠠᠷᠢᠭᠤᠴᠠᠯᠭ᠎ᠠ ᠪᠠᠨ ᠨᠡᠩ  ᠰᠠᠶᠢᠲᠤᠷ  ᠭᠦᠢᠴᠡᠳᠬᠡᠬᠦ  ᠲᠤᠬᠠᠢ  ᠴᠢᠬᠤᠯᠠᠴᠢᠯᠠᠭᠰᠠᠨ   ᠨᠢ᠂ ᠦᠵᠡᠯ ᠰᠠᠨᠠᠭ᠎ᠠ ᠲᠠᠨᠢᠯᠲᠠ ᠪᠠᠨ ᠳᠡᠭᠡᠭᠰᠢᠯᠡᠭᠦᠯᠵᠦ᠂ ︽ᠬᠤᠣᠰ ᠬᠠᠷᠢᠯᠴᠠᠭᠠᠨ︾ ᠤ ᠠᠵᠢᠯ ᠢ ᠬᠦᠨᠵᠡᠭᠡᠶᠢᠷᠡᠭᠦᠯᠦᠨ᠂ ᠠᠷᠠᠳ ᠤᠨ ᠲᠥᠯᠥᠭᠡᠯᠡᠭᠴᠢ ᠶᠢᠨ ᠠᠷᠠᠳ ᠲᠦᠮᠡᠨ ᠤ ᠲᠤᠮᠳᠠ ᠠᠴᠠ ᠢᠷᠠᠵᠤ᠂ ᠠᠷᠠᠳ ᠲᠦᠮᠡᠨ ᠤ ᠲᠣᠮᠳᠡ ᠦᠨᠳᠤᠰᠤᠯᠠᠬᠦ ᠳᠠᠪᠠᠭᠤᠯᠢᠭ ᠢ ᠭᠦᠢᠴᠡᠣᠨ ᠪᠠᠳᠠᠷᠠᠭᠤᠯᠵᠤ᠂ ᠠᠷᠠᠳ ᠤᠯᠠᠨ ᠤ ᠬᠥᠰᠡᠵᠤ ᠪᠠᠶᠢᠭ᠎ᠠ ᠵᠦᠢᠯ ᠢ ᠴᠠᠭ ᠲᠣᠬᠠᠢ ᠳᠤᠨᠢ ᠴᠤᠭᠯᠠᠭᠤᠯᠤᠨ ᠣᠶᠢᠯᠠᠭᠠᠬᠤ ᠬᠡᠷᠡᠭᠲᠡᠢ᠃ ᠵᠣᠷᠢᠭᠲᠠᠢ ᠪᠠᠷ ᠬᠠᠷᠢᠭᠤᠴᠠᠯᠭ᠎ᠠ ᠡᠭᠦᠷᠭᠡᠯᠡᠨ ᠦᠶᠢᠯᠠᠳᠤᠯᠭᠡᠵᠢᠭᠦᠯᠵᠦ᠂ ᠨᠠᠮ ᠤᠨ ᠵᠤᠷᠢᠯᠲᠠ᠂ ᠠᠷᠠᠳ ᠲᠦᠮᠡᠨ ᠤ ᠬᠥᠰᠡᠯ ᠡᠷᠠᠮᠠᠯᠵᠡᠯ ᠢ ᠠᠷᠠᠳ ᠤᠨ ᠲᠥᠯᠦᠭᠡᠯᠡᠭᠴᠢᠳ ᠤᠨ ᠶᠡᠭᠡ ᠬᠤᠷᠠᠯ ᠤᠨ ᠠᠵᠢᠯ ᠤᠨ ᠲᠤᠮᠳᠠ ᠨᠠᠶᠢᠳᠠᠪᠤᠷᠢᠵᠢᠭᠤᠯᠤᠨ᠂ ᠬᠤᠲᠠ ᠶᠢᠨ ᠲᠦᠯᠥᠭᠡᠯᠡᠭᠴᠢ ᠶᠢᠨ ᠠᠵᠢᠯ ᠳᠤ ᠨᠠᠨᠳᠢᠨ ᠰᠠᠨᠠᠯ ᠢᠶᠠᠨ ᠲᠤᠷᠠᠳᠴᠤ᠂ ᠡᠯ᠎ᠡ ᠵᠦᠢᠯ ᠤᠨ ᠢᠯᠡᠣᠡᠭᠡᠯ ᠢ ᠲᠡᠭᠦᠯᠳᠡᠷᠵᠢᠭᠦᠯᠬᠦ ᠳᠤ ᠨᠡᠩ ᠣᠯᠠᠨ ᠣᠶᠤᠨ ᠤᠬᠠᠭᠠᠨ ᠢᠶᠠᠨ ᠡᠷᠭᠦᠵᠦ᠂ ᠣᠳᠣᠬᠢᠴᠢᠯᠠᠬᠤ ᠪᠦᠲᠦᠭᠡᠨ ᠪᠠᠶᠢᠭᠤᠯᠣᠯᠳᠡ ᠶᠢᠨ ᠰᠢᠨ᠎ᠡ ᠬᠠᠭᠤᠳᠠᠰᠤ ᠶᠢ ᠴᠢᠷᠮᠠᠶᠢᠨ ᠪᠢᠴᠢᠭᠯᠡᠬᠦ ᠳᠤᠮᠳᠠ ᠠᠷᠠᠳ ᠤᠨ ᠲᠥᠯᠥᠭᠡᠯᠡᠭᠴᠢ ᠶᠢᠨ ᠰᠢᠨ᠎ᠡ ᠲᠦᠷᠢ ᠲᠥᠷᠬᠦ᠂ ᠰᠢᠨ᠎ᠡ ᠡᠭᠦᠷᠭᠡᠯᠡᠯ᠂ ᠰᠢᠨ᠎ᠡ ᠵᠢᠳᠭᠦᠯ ᠴᠢᠷᠮᠠᠶᠢᠯᠭ᠎ᠠ ᠶᠢ ᠢᠯᠡᠷᠡᠭᠦᠯᠬᠦ ᠬᠡᠷᠡᠭᠲᠡᠢ ᠭᠡᠪᠡ᠃                                                        ︵ᠴᠠᠯᠮᠡᠭ︶
 
ᠢᠷᠡᠯᠲᠡ᠄ ᠠᠷᠣ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号