ᠤᠯᠢᠮᠫᠢᠺ ᠤᠨ ᠲᠠᠮᠢᠷ ᠤᠨ ᠴᠤᠭᠯᠠᠭᠠᠨ ᠳᠤ ᠣᠷᠣᠯᠴᠠᠭᠰᠠᠨ ᠲᠠᠮᠢᠷᠴᠢᠨ ᠶᠠᠩ ᠯᠢᠤ ᠢᠷᠠᠭᠤ ᠠᠯᠳᠠᠷᠳᠡᠢ ᠪᠠᠷ ᠪᠣᠴᠠᠨ ᠢᠷᠡᠵᠤ ᠨᠤᠲᠤᠭ ᠤᠨ ᠴᠠᠢ ᠪᠠᠨ ᠠᠮᠰᠠᠯ᠎ᠠ
ᠨᠡᠶᠢᠲᠡᠯᠡᠭᠰᠡᠨ ᠴᠠᠭ᠄
2024/9/6
       9 ᠰᠠᠷ᠎ᠠ ᠶᠢᠨ 5 ᠤ ᠡᠳᠤᠷ᠂ ᠫᠠᠷᠢᠰ ᠤᠨ ᠤᠯᠢᠮᠫᠢᠺ ᠤᠨ ᠲᠠᠮᠢᠷ ᠤᠨ ᠴᠤᠭᠯᠠᠭᠠᠨ ᠤ ᠪᠣᠺᠰ ᠤᠨ ᠲᠡᠮᠡᠴᠡᠭᠡᠨ ᠤ ᠡᠮᠡᠭᠲᠡᠢ ᠶᠢᠨ 66 ᠺᠢᠯᠣᠭ᠍ᠷᠡᠮ ᠤᠨ ᠲᠠᠰ ᠤᠨ ᠣᠷᠣᠯᠳᠤᠭᠠᠨ ᠳᠤ ᠣᠷᠣᠯᠴᠬᠠᠰᠡᠨ ᠲᠠᠮᠢᠷᠴᠢᠨ ᠶᠠᠩ ᠯᠢᠤ ᠢᠷᠠᠭᠤ ᠠᠯᠳᠠᠷᠲᠠᠢ ᠪᠠᠷ ᠲᠦᠷᠦᠭᠰᠠᠨ ᠨᠤᠳᠤᠭ ᠠᠷᠤ ᠬᠤᠷᠴᠢᠨ ᠳᠤ ᠪᠠᠨ ᠪᠤᠴᠠᠵᠤ ᠢᠷᠡᠭᠰᠠᠨ ᠳᠤ᠂ ᠬᠤᠰᠢᠭᠤᠨ ᠤᠳᠤᠷᠢᠳᠤᠯᠭ᠎ᠠ ᠸᠠᠩ ᠰᠢᠨ ᠾᠦᠢ᠂ ᠬᠥᠭᠡᠪᠡᠷᠰ᠂ ᠮᠦᠩᠭᠦᠬᠠᠠᠭᠤᠯᠠ᠂ ᠴᠧᠨ ᠢᠣᠢ ᠮᠢᠩ ᠪᠣᠯᠣᠨ ᠶᠠᠩ ᠯᠢᠦ ᠶᠢᠨ ᠲᠦᠷᠣᠯ ᠰᠡᠲᠤᠨ᠂ ᠡᠬᠡ ᠰᠤᠷᠭᠠᠭᠤᠯᠢ ᠶᠢᠨ ᠬᠢᠨᠢ ᠨᠣᠮ ᠤᠨ ᠲᠡᠭᠦᠦ ᠨᠠᠷ ᠵᠢᠴᠢ ᠠᠷᠤ ᠬᠤᠷᠴᠢᠨ ᠬᠤᠰᠢᠭᠤᠨ ᠤ ᠨᠡᠶᠢᠭᠡᠮ ᠤᠨ ᠡᠯ᠎ᠡ ᠡᠳᠡᠭᠡᠳ ᠤᠨ ᠲᠠᠮᠢᠷ ᠤᠨ ᠪᠠᠨᠭᠲᠠᠳ ᠲᠡᠭᠦᠨ ᠢ ᠬᠠᠯᠠᠭᠤᠨ ᠢᠶᠠᠷ ᠣᠭᠲᠤᠨ ᠲᠣᠰᠣᠯ᠎ᠠ᠃
       ᠲᠣᠰ ᠡᠳᠤᠷ ᠤᠨ 17᠄ 00 ᠴᠠᠭ ᠤᠨ ᠦᠶ᠎ᠡ ᠪᠠᠷ᠂ ᠰᠣᠷᠪᠤᠯᠵᠢᠯᠬᠠᠴᠢ ᠠᠷᠤ ᠬᠤᠷᠴᠢᠨ ᠵᠣᠴᠢᠳ ᠤᠨ ᠪᠠᠭᠤᠳᠠᠯ ᠤᠨ ᠡᠭᠦᠳᠡᠨ ᠳᠤ ᠬᠦᠷᠴᠤ ᠢᠷᠡᠬᠦ ᠳᠤ᠂ ᠤᠯᠤᠰ ᠤᠨ ᠲᠤᠭ ᠪᠣᠯᠣᠨ ᠫᠠᠶᠢᠰᠠ ᠪᠠᠷᠢᠭᠰᠠᠨ ᠤᠷᠲᠤ ᠠᠴᠠ ᠤᠷᠲᠤ ᠨᠢᠭᠡ ᠮᠥᠷ ᠬᠥᠮᠤᠰ ᠶᠠᠩ ᠯᠢᠦ ᠶᠢ ᠤᠭᠲᠤᠬᠤ ᠪᠠᠷ ᠬᠦᠯᠢᠶᠡᠨ ᠵᠣᠭᠰᠣᠵᠤ ᠪᠠᠶᠢᠪᠠ᠃ ᠡᠭᠦᠨ ᠳᠤ ᠵᠠᠷᠢᠮ ᠨᠢ ᠶᠠᠩ ᠯᠢᠤ ᠶᠢᠨ ᠨᠠᠷ᠎ᠡ ᠠᠯᠲᠠᠷ ᠢ ᠨᠢ ᠰᠣᠨᠣᠰᠣᠭᠠᠳ ᠬᠦᠷᠤᠯᠴᠠᠨ ᠢᠷᠡᠭᠰᠡᠨ ᠰᠤᠷᠣᠭᠴᠢ᠂ ᠪᠠᠰᠠ ᠵᠠᠷᠢᠮ ᠨᠢ ᠰᠠᠶᠢᠨ ᠲᠤᠷ᠎ᠠ ᠠᠴᠠ ᠪᠠᠨ ᠬᠦᠷᠤᠯᠴᠠᠨ ᠢᠷᠡᠭᠰᠠᠨ ᠣᠯᠠᠨ ᠲᠦᠮᠡᠨ ᠪᠠᠶᠢᠵᠤ᠂ ᠣᠯᠠᠨ ᠢᠶᠠᠷ ᠢᠶᠠᠨ ︽ᠤᠯᠢᠮᠫᠢᠺ ᠤᠨ ᠲᠠᠮᠢᠷᠴᠢᠳ ᠢᠯᠡᠯᠲᠠ ᠲᠠᠢ ᠪᠠᠷ ᠪᠤᠴᠠᠵᠤ ᠢᠷᠡᠭᠰᠡᠨ ᠢ ᠬᠠᠯᠠᠭᠤᠨ ᠢᠶᠠᠷ ᠣᠭᠲᠤᠶ᠎ᠠ︾ ᠭᠡᠬᠦ ᠡᠯᠭᠦᠭᠡ ᠪᠢᠴᠢᠭᠡᠰᠦ ᠲᠠᠲᠡᠵᠤ᠂ ᠶᠠᠩ ᠯᠢᠤ ᠶᠢᠨ ᠪᠤᠴᠠᠵᠤ ᠢᠷᠡᠬᠦ ᠶᠢ ᠬᠥᠭᠰᠡᠨ ᠬᠦᠯᠢᠶᠡᠵᠡᠢ᠃
       
               ︽ᠲᠤᠬᠠᠢ ᠶᠢᠨ ᠲᠠᠯᠠᠪᠠᠢ ᠳᠤ ᠢᠷᠡᠵᠤ ᠤᠯᠢᠮᠫᠢᠺ ᠤᠨ ᠲᠠᠮᠢᠷᠴᠢᠳ ᠤᠨ ᠭᠡᠷ ᠨᠤᠳᠤᠭ ᠲᠠᠭᠠᠨ ᠬᠠᠷᠢᠵᠤ ᠢᠷᠡᠬᠦ ᠶᠢ ᠪᠠᠶᠠᠷᠯᠠᠨ ᠤᠭᠲᠤᠬᠤ ᠪᠣᠯᠣᠭᠰᠠᠨ ᠳᠠᠭᠠᠨ ᠮᠠᠰᠢ ᠪᠠᠶᠠᠷ ᠲᠠᠢ ᠪᠠᠶᠢᠨ᠎ᠠ᠂ ᠠᠷᠤ ᠬᠤᠷᠴᠢᠨ ᠨᠤᠳᠤᠭ ᠤᠨ ᠬᠢ ᠪᠣᠯᠤᠭᠰᠠᠨ ᠤ ᠬᠤᠪᠢ ᠳᠤ ᠲᠡᠭᠦᠨ ᠤ ᠡᠮᠣᠨ᠎ᠡ ᠠᠴᠠ ᠤᠮᠤᠭᠰᠢᠵᠤ ᠪᠠᠶᠢᠨ᠎ᠠ︾ ᠭᠡᠵᠦ ᠰᠠᠭᠤᠭᠠᠯᠢ ᠠᠷᠠᠳ ᠭᠤᠤ ᠰᠢᠶᠣᠤ ᠳ᠋ᠦᠩ ᠪᠠᠶᠠᠷᠲᠠᠢ ᠪᠠᠷ ᠬᠡᠯᠡᠪᠡ᠃ ︽ᠶᠠᠩ ᠯᠢᠤ ᠨᠣᠮ ᠤᠨ ᠡᠭᠡᠴᠢ ᠶᠢ ᠪᠠᠶᠠᠷᠯᠠᠨ ᠤᠭᠲᠤᠶ᠎ᠠ︾ ᠭᠡᠬᠦ ᠬᠠᠰᠬᠢᠷᠣᠯ ᠤᠤᠬᠠᠶᠢᠯᠠᠯ ᠤᠨ ᠳᠠᠭᠤ ᠪᠣᠯᠣᠨ ᠤᠯᠠᠭᠠᠡᠮᠦ᠋ᠴᠢᠷ ᠤᠨ ᠲᠣᠡᠡᠯᠬᠠᠴᠢᠤᠨ ᠤᠨ ᠠᠶ᠎ᠠ ᠳᠠᠭᠤᠤ ᠤᠷᠠᠨ ᠪᠦᠵᠢᠭ ᠤᠨ ᠲᠣᠭᠯᠠᠯᠲᠠ ᠨᠢ ᠶᠠᠩ ᠯᠢᠤ ᠶᠢ ᠤᠭᠲᠤᠨ ᠲᠣᠰᠬᠤ ᠲᠤᠬᠠᠢ ᠶᠢᠨ ᠳᠠᠯᠠᠪᠠᠢ ᠶᠢᠨ ᠠᠭᠤᠷ ᠠᠮᠢᠰᠬᠤᠯ ᠢ ᠶᠡᠬᠡᠳᠠ ᠬᠥᠭᠵᠢᠭᠡᠪᠡ᠃        ᠬᠤᠰᠢᠭᠤᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠤᠬᠠᠭᠤᠯᠬᠤ ᠬᠡᠯᠳᠡᠰ ᠤᠨ ᠳᠠᠷᠤᠭ᠎ᠠ ᠸᠠᠩ ᠰᠢᠨ ᠾᠦᠢ ᠪᠤᠴᠠᠵᠤ ᠢᠷᠡᠭᠰᠡᠨ ᠶᠠᠩ ᠯᠢᠤ ᠳᠤ ᠬᠠᠳᠠᠭ ᠡᠷᠭᠦᠨ᠂ ᠵᠠᠰᠠᠭ ᠤᠨ ᠣᠷᠳᠤᠨ ᠤ ᠲᠡᠳ᠋ ᠳᠠᠷᠤᠭ᠎ᠠ ᠮᠦᠩᠭᠦᠬᠠᠠᠭᠤᠯᠠ ᠠᠴᠠ ᠠᠷᠤ ᠬᠤᠷᠴᠢᠨ ᠨᠤᠳᠤᠭ ᠤᠨ ᠢᠶᠠᠨ ᠰᠦ ᠲᠠᠢ ᠴᠠᠢ ᠶᠢ ᠠᠮᠰᠠᠭᠤᠯᠤᠯ᠎ᠠ᠃
       ᠲᠠᠷᠠᠭ᠎ᠠ ᠨᠢ ᠶᠠᠷᠢᠯᠴᠠᠬᠤ ᠬᠤᠷᠠᠯ ᠬᠤᠷᠠᠯᠳᠤᠭᠤᠯᠵᠤ᠂ ᠶᠠᠩ ᠯᠢᠤ ᠨᠤᠳᠤᠭ ᠤᠨ ᠢᠶᠠᠨ ᠬᠦᠮᠤᠨ ᠵᠣᠨ ᠤ ᠲᠡᠭᠦᠨ ᠢ ᠲᠠᠮᠵᠢᠨ ᠵᠣᠷᠢᠡᠡᠵᠢᠭᠤᠯᠣᠡᠡᠰᠡᠨ ᠳᠤ ᠴᠢᠩ ᠰᠡᠳᠭᠢᠯ ᠤᠨ ᠪᠠᠶᠠᠷ ᠲᠠᠯᠠᠷᠬᠠᠯ ᠢᠶᠠᠨ ᠲᠡᠪᠰᠢᠭᠦᠯᠬᠦ ᠶᠢᠨ ᠬᠠᠮᠲᠤ᠂ ᠡᠬᠡ ᠤᠯᠤᠰ ᠢᠶᠠᠨ ᠲᠦᠯᠥᠭᠡᠯᠡᠨ ᠤᠯᠢᠮᠫᠢᠺ ᠤᠨ ᠲᠠᠮᠢᠷ ᠤᠨ ᠴᠤᠭᠯᠠᠭᠠᠨ ᠳᠤ ᠮᠣᠷᠳ᠋ᠬᠠᠰᠡᠨ ᠨᠢ ᠨᠠᠳᠠ ᠳᠤ ᠠᠪᠴᠤ ᠬᠡᠯᠡᠪᠡᠯ ᠬᠠᠮᠤᠭ ᠶᠡᠭᠡ ᠣᠯᠵᠠᠭᠤᠷᠬᠠᠯ ᠪᠠᠶᠢᠵᠤ᠂ ᠲᠡᠷᠡ ᠨᠢ ᠵᠥᠪᠬᠡᠨ ᠨᠢᠭᠡ ᠤᠳᠠᠭᠠᠨ ᠤ ᠣᠷᠣᠯᠳᠤᠭᠠᠨ ᠤ ᠦᠵᠡᠯᠴᠡᠭᠡᠨ ᠲᠡᠳᠦᠢ ᠯᠠ ᠪᠢᠰᠢ᠂ ᠨᠡᠩ ᠴᠤ ᠨᠢᠭᠡ ᠤᠳᠠᠭᠠᠨ ᠤ ᠣᠶᠣᠨ ᠰᠠᠨᠠᠭᠠᠨ ᠤ ᠤᠬᠢᠶᠠᠯ ᠪᠠ ᠦᠰᠤᠨ ᠪᠣᠶᠢᠵᠢᠯᠲᠠ ᠶᠢᠨ ᠠᠵᠠ ᠳᠣᠬᠢᠶᠠᠯ ᠪᠣᠯᠬᠤ ᠶᠤᠮ᠃ ᠢᠷᠡᠭᠡᠳᠤᠢ ᠶᠢᠨ ᠴᠢᠷᠮᠠᠶᠢᠬᠤ ᠴᠢᠭᠯᠡᠯ ᠢ ᠨᠡᠩ ᠪᠠᠲᠤᠳᠬᠠᠨ᠂ ᠨᠡᠩ ᠪᠠᠲᠤ ᠴᠢᠩᠭ᠎ᠠ ᠢᠳᠡᠭᠡᠯ ᠵᠣᠷᠢᠭ᠂ ᠨᠡᠩ ᠰᠢᠷᠭᠠᠭᠤ ᠬᠠᠲᠠᠭᠤᠵᠢᠯᠲᠠᠢ ᠪᠣᠯᠪᠡᠰᠤᠷᠠᠯ᠂ ᠨᠡᠩ ᠰᠢᠨᠵᠢᠯᠡᠬᠦ ᠤᠬᠠᠭᠠᠨᠴᠢ ᠠᠷᠭ᠎ᠠ ᠪᠠᠷ ᠳᠠᠷᠠᠭᠠᠴᠢ ᠶᠢᠨ ᠦᠷᠢᠰᠦᠯᠳᠦᠭᠡᠨ ᠳᠤ ᠬᠦᠢᠴᠡᠳ ᠪᠡᠯᠡᠳᠭᠡᠯ ᠬᠢᠬᠦ ᠪᠣᠯᠣᠨ᠎ᠠ ᠭᠡᠵᠡᠢ᠃
       ᠸᠠᠩ ᠰᠢᠨ ᠾᠦᠢ ᠬᠤᠰᠢᠭᠤᠨ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠡᠮᠤᠨ᠎ᠠ ᠠᠴᠠ ᠶᠠᠩ ᠯᠢᠤ  ᠶᠢᠨ ᠣᠯᠢᠮᠫᠢᠺ ᠤᠨ ᠲᠠᠮᠢᠷ ᠤᠨ ᠴᠣᠡᠡᠯᠠᠭᠠᠨ ᠳᠤ ᠰᠢᠯᠢᠳᠡᠭ ᠬᠢᠷᠢ ᠪᠦᠲᠣᠮᠵᠢ ᠣᠯᠤᠭᠰᠠᠨ ᠳᠤ ᠴᠢᠩ ᠰᠡᠳᠭᠢᠯ ᠤᠨ ᠪᠠᠶᠠᠷ ᠬᠦᠷᠭᠡᠵᠦ᠂ ᠶᠠᠩ ᠯᠢᠤ ᠶᠢᠨ ᠦᠰᠤᠨ ᠪᠣᠶᠢᠵᠢᠯᠲᠡ ᠶᠢᠨ ᠵᠠᠮ ᠳᠤ ᠬᠦᠴᠤ ᠬᠦᠯᠥᠰᠤ ᠪᠠᠨ ᠤᠷᠤᠰᠬᠠᠡᠡᠰᠡᠨ ᠭᠡᠷ ᠤᠨ ᠬᠢᠨᠢ ᠬᠥᠮᠤᠰ᠂ ᠰᠤᠷᠭᠠᠭᠴᠢ ᠲᠠᠰᠬᠠᠯᠵᠢᠭᠤᠯᠣᠡᠡᠴᠢ ᠳᠤ  ᠴᠢᠩ  ᠰᠡᠳᠭᠢᠯ ᠤᠨ  ᠲᠠᠯᠠᠷᠬᠠᠯ  ᠢᠶᠠᠨ  ᠳᠠᠪᠰᠢᠭᠦᠯᠪᠠ᠃ ᠸᠠᠩ ᠰᠢᠨ ᠾᠦᠢ ᠠᠴᠠ᠂ ᠲᠡᠭᠦᠨ ᠤ ᠭᠠᠷᠳ᠋ᠬᠠᠰᠡᠨ ᠮᠦᠡᠭᠬᠦᠨ ᠮᠧᠳᠡᠯ ᠨᠢ ᠮᠠᠰᠢ ᠶᠡᠭᠡ ᠢᠷᠠᠭᠤ ᠠᠯᠲᠠᠷ ᠢ ᠲᠦᠯᠥᠭᠡᠯᠡᠵᠤ ᠪᠠᠶᠢᠬᠤ ᠪᠠᠷ ᠪᠠᠷᠠᠬᠤ ᠦᠭᠡᠢ ᠢᠷᠠᠭᠤ ᠠᠯᠲᠠᠷ᠂ ᠱᠠᠩᠨᠠᠯ ᠬᠥᠬᠢᠭᠦᠯᠤᠯ ᠤᠨ ᠠᠷᠤ ᠳᠠᠬᠢ ᠦᠢ ᠤᠯᠠᠨ ᠬᠦᠮᠤᠨ ᠤ ᠬᠦᠴᠤ ᠬᠦᠯᠣᠰᠤ ᠪᠠ ᠴᠢᠷᠮᠠᠶᠢᠯᠭ᠎ᠠ ᠶᠢ ᠰᠢᠩᠭᠡᠵᠦ ᠪᠠᠶᠢᠳᠠᠭ᠃ ᠱᠠᠩᠨᠠᠯ ᠤᠨ ᠮᠧᠳᠡᠯ ᠪᠠ ᠰᠢᠪᠳᠤᠯᠤᠯᠲᠠ ᠪᠣᠯᠭᠠᠨ ᠨᠢ ᠤᠲᠠᠭᠠᠨ ᠡᠳᠦᠷ ᠵᠣᠵᠠᠭᠠᠨ ᠬᠤᠨᠤᠭ ᠤᠨ ᠰᠢᠷᠭᠠᠭᠤ ᠬᠠᠲᠠᠭᠤᠵᠢᠯᠲᠠᠢ ᠰᠤᠷᠢᠯᠲᠠ ᠪᠣᠯᠪᠠᠰᠤᠷᠠᠯ ᠠᠴᠠ ᠰᠠᠯᠵᠤ ᠴᠢᠳᠠᠬᠤ ᠦᠭᠡᠢ ᠪᠠᠶᠢᠵᠤ᠂ ᠶᠠᠩ ᠯᠢᠤ ᠶᠢᠨ ᠦᠨᠣᠳᠤᠷ ᠤᠨ ᠭᠡᠷᠡᠯ ᠰᠠᠴᠤᠷᠠᠩᠭᠤᠢ ᠠᠮᠵᠢᠯᠲᠠ ᠨᠢ ᠲᠡᠭᠦᠨ ᠤ  ᠭᠤᠶᠢᠪᠢᠰᠢ ᠦᠭᠡᠢ ᠪᠠᠷᠢᠮᠳᠠᠯᠠᠯ ᠠᠴᠠ ᠰᠠᠯᠵᠤ ᠴᠢᠳᠠᠬᠤ ᠦᠭᠡᠢ᠃ ᠡᠨᠡ ᠨᠢ ᠮᠥᠨ ᠴᠤ ᠪᠥᠬᠦ ᠬᠤᠰᠢᠭᠤᠨ ᠤ ᠦᠨᠳᠦᠰᠣᠲᠡᠨ ᠨᠦᠭᠦᠳ ᠤᠨ ᠠᠷᠠᠳ ᠲᠦᠮᠡᠨ ᠤ ᠲᠣᠰ ᠲᠣᠰ ᠤᠨ ᠠᠵᠢᠯ ᠤᠨ ᠪᠠᠶᠢᠷᠢ ᠳᠡᠭᠡᠷ᠎ᠡ ᠪᠠᠨ ᠬᠦᠴᠢᠷ ᠪᠡᠷᠬᠡ ᠲᠠᠢ ᠲᠡᠮᠡᠴᠡᠵᠦ ᠰᠡᠯᠬᠢ ᠪᠣᠷᠤᠭᠠᠨ ᠢ ᠵᠦᠰᠣᠨ ᠡᠷᠡᠯᠭᠡᠭᠯᠡᠨ ᠣᠷᠣᠭᠰᠢᠯᠠᠵᠤ᠂ ᠳᠤᠮᠳᠠᠲᠤ ᠶᠢᠨ ᠦᠨᠳᠣᠰᠣᠲᠠᠨ ᠤ ᠠᠭᠤᠤ ᠶᠡᠭᠡ ᠰᠡᠷᠭᠦᠨ ᠮᠠᠨᠳᠤᠯᠲᠠ ᠶᠢᠨ ᠳᠤᠮᠳᠠᠲᠤ ᠶᠢᠨ ᠬᠦᠰᠡᠯ ᠵᠡᠭᠦᠳᠦ ᠶᠢ ᠪᠡᠶᠡᠯᠡᠭᠦᠯᠬᠦ ᠳᠤ ᠬᠦᠴᠦᠨ ᠴᠢᠳᠠᠯ ᠢᠶᠠᠨ ᠡᠷᠭᠦᠬᠦ ᠶᠢᠨ ᠵᠣᠷᠢᠡᠡᠵᠢᠭᠤᠯᠣᠯ ᠪᠣᠯᠵᠤ ᠪᠠᠶᠢᠨ᠎ᠠ ᠭᠡᠵᠡᠢ᠃        ᠬᠤᠷᠠᠯ ᠳᠡᠭᠡᠷ᠎ᠡ ᠪᠠᠰᠠ ᠠᠷᠤ ᠬᠤᠷᠴᠢᠨ ᠬᠤᠰᠢᠭᠤᠨ ᠤ ᠪᠡᠶ᠎ᠡ ᠶᠢᠨ ᠲᠠᠮᠢᠷ ᠤᠨ ᠦᠢᠯᠡᠰ ᠤᠨ ᠬᠥᠭᠵᠢᠯᠲᠠ ᠶᠢ ᠬᠡᠷᠬᠢᠨ ᠤᠯᠠᠮ ᠨᠢᠭᠡ ᠠᠯᠬᠤᠮ ᠠᠬᠢᠭᠤᠯᠤᠨ ᠬᠥᠭᠵᠢᠭᠦᠯᠬᠦ ᠲᠤᠬᠠᠢ ᠤᠯᠠᠨ ᠢᠶᠠᠷ ᠢᠶᠠᠨ ᠰᠠᠨᠠᠯ ᠢᠶᠠᠨ ᠬᠦᠨᠵᠡᠭᠡᠢ ᠰᠤᠯᠢᠯᠴᠠᠵᠠᠢ᠃ ︵ᠯᠠᠢ ᠬᠤᠸᠠᠨ ᠢᠣᠢ︶
 
ᠢᠷᠡᠯᠲᠡ᠄ ᠠᠷᠣ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号