ᠤᠯᠤᠰ ᠲᠥᠷᠥ ᠶᠢᠨ ᠵᠥᠪᠯᠡᠯᠭᠡᠨ ᠤ ᠠᠷᠤ ᠬᠤᠷᠴᠢᠨ ᠬᠤᠰᠢᠭᠤᠨ ᠤ ᠠᠷᠪᠠᠨ ᠲᠡᠪᠤᠳᠤᠭᠠᠷ ᠬᠤᠭᠤᠴᠠᠭᠠᠨ ᠤ ᠬᠤᠷᠢᠶ᠎ᠠ ᠶᠢᠨ ᠳᠥᠷᠪᠡᠳᠦᠭᠡᠷ ᠬᠤᠷᠠᠯᠳᠤᠭᠠᠨ ᠦᠪᠡᠳᠡᠭᠰᠢ ᠶᠡᠭᠡ ᠪᠠᠷ ᠬᠤᠷᠠᠯᠳᠤᠨ ᠡᠬᠢᠯᠡᠪᠡ
ᠨᠡᠶᠢᠲᠡᠯᠡᠭᠰᠡᠨ ᠴᠠᠭ᠄
2025/1/20
       ᠡᠭᠦᠷᠭᠡ ᠬᠠᠷᠢᠭᠤᠴᠠᠯᠭ᠎ᠠ ᠪᠠᠨ ᠭᠦᠢᠴᠡᠣᠡᠭᠡᠵᠤ ᠯᠠᠪᠳᠠᠭᠤᠨ ᠪᠠᠲᠤᠲᠠᠶ ᠠᠵᠢᠯᠯᠠᠵᠤ᠂ ᠭᠠᠷ ᠬᠤᠯᠪᠣᠯᠴᠠᠨ ᠰᠡᠳᠬᠢᠯ ᠢᠶᠠᠨ ᠨᠢᠭᠡᠳᠬᠡᠵᠦ ᠰᠢᠨ᠎ᠡ ᠠᠶᠠᠨ ᠵᠠᠮ ᠢᠶᠠᠨ ᠳᠠᠬᠢᠨ ᠡᠬᠢᠯᠡᠭᠦᠯᠦᠶ᠎ᠡ᠃ 1 ᠰᠠᠷ᠎ᠠ ᠶᠢᠨ 19 ᠤ ᠡᠳᠦᠷ ᠤᠨ ᠦᠳᠡ ᠶᠢᠨ ᠡᠮᠦᠨ᠎ᠡ᠂ ᠪᠥᠬᠦ ᠬᠤᠰᠢᠭᠤᠨ ᠤ ᠦᠨᠳᠦᠰᠦᠲᠡᠨ ᠨᠦᠭᠦᠳ ᠤᠨ ᠠᠷᠠᠳ ᠲᠦᠮᠡᠨ ᠤ ᠠᠩᠬᠠᠷᠤᠯ ᠢ ᠶᠡᠬᠡᠳᠡ ᠲᠠᠲᠠᠭᠰᠠᠨ ᠤᠯᠤᠰ ᠲᠥᠷᠥ ᠶᠢᠨ ᠵᠥᠪᠯᠡᠯᠭᠡᠨ ᠤ ᠠᠷᠤ ᠬᠤᠷᠴᠢᠨ ᠬᠤᠰᠢᠭᠤᠨ ᠤ ᠠᠷᠪᠠᠨ ᠲᠠᠪᠤᠳᠤᠭᠠᠷ ᠬᠤᠭᠤᠴᠠᠭᠠᠨ ᠤ ᠬᠤᠷᠢᠶ᠎ᠠ ᠶᠢᠨ ᠳᠦᠷᠪᠡᠳᠦᠭᠡᠷ ᠬᠤᠷᠠᠯᠳᠤᠭᠠᠨ ᠦᠪᠡᠳᠡᠭᠰᠢ ᠶᠡᠭᠡ ᠪᠠᠷ ᠡᠬᠢᠯᠡᠪᠡ᠃ ᠬᠤᠶᠠᠷ ᠡᠳᠦᠷ ᠤᠨ ᠬᠤᠭᠤᠴᠠᠭ᠎ᠠ ᠲᠠᠢ ᠶᠠᠪᠤᠭᠳᠠᠬᠤ ᠡᠨᠡᠬᠦ ᠬᠤᠷᠠᠯ ᠳᠤ᠂ ᠪᠦᠬᠦ ᠬᠤᠰᠢᠭᠤᠨ ᠤ ᠡᠯ᠎ᠡ ᠹᠷᠣᠨᠲ ᠡᠯ᠎ᠡ ᠦᠨᠳᠦᠰᠦᠲᠡᠨ ᠤ ᠡᠯ᠎ᠡ ᠬᠠᠷᠢᠶᠠᠯᠠᠯ ᠡᠲᠡᠭᠡᠳ ᠤᠨ ᠤᠯᠤᠰ ᠲᠥᠷᠥ ᠶᠢᠨ ᠵᠥᠪᠯᠡᠯᠭᠡᠨ ᠤ ᠭᠡᠰᠢᠭᠦᠳ ᠤᠯᠤᠰ ᠲᠥᠷᠥ ᠶᠢᠨ ᠣᠷᠭᠢᠯᠤᠮ᠎ᠠ ᠬᠠᠯᠠᠭᠤᠨ ᠰᠡᠳᠬᠢᠯᠭᠡ ᠪᠠ ᠳᠡᠭᠡᠳᠦ ᠬᠡᠮᠵᠢᠶᠡᠨ ᠤ ᠤᠯᠤᠰ ᠲᠥᠷᠥ ᠶᠢᠨ ᠬᠠᠷᠢᠭᠤᠴᠠᠯᠭᠠᠲᠤ ᠰᠡᠳᠬᠢᠯᠭᠡ ᠪᠠᠷ ᠪᠦᠯᠬᠦᠮᠳᠡᠯ ᠪᠠ ᠠᠷᠠᠳᠴᠢᠯᠠᠯ ᠭᠡᠬᠦ ᠬᠤᠶᠠᠷ ᠭᠤᠤᠯ ᠰᠡᠳᠦᠪ ᠢ ᠪᠠᠲᠤ ᠡᠵᠡᠮᠳᠡᠵᠦ᠂ ᠬᠤᠰᠢᠭᠤᠨ ᠨᠠᠮ ᠤᠨ ᠬᠤᠷᠢᠶ᠎ᠠ ᠵᠠᠰᠠᠭ ᠤᠨ ᠣᠷᠳᠣᠨ ᠤ ᠭᠤᠤᠯ ᠠᠵᠢᠯ ᠤᠨ ᠲᠣᠭᠤᠷᠢᠨ ᠳᠤ ᠭᠦᠨᠵᠡᠭᠡᠶ ᠵᠥᠪᠯᠡᠯᠭᠡ ᠬᠢᠵᠦ᠂ ᠢᠳᠡᠪᠬᠢᠲᠡᠶ ᠪᠠᠷ ᠠᠷᠭ᠎ᠠ ᠤᠬᠠᠭᠠᠨ ᠰᠤᠪᠢᠵᠤ᠂ ᠠᠷᠤ ᠬᠤᠷᠴᠢᠨ ᠬᠤᠰᠢᠭᠤᠨ ᠤ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ ᠳᠤ ᠤᠯᠤᠰ ᠲᠥᠷᠥ ᠶᠢᠨ ᠵᠥᠪᠯᠡᠯᠭᠡᠨ ᠤ ᠣᠶᠤᠨ ᠤᠬᠠᠭᠠᠨ ᠪᠠ ᠬᠦᠴᠦᠨ ᠴᠢᠳᠠᠯ ᠢᠶᠠᠨ ᠡᠷᠭᠦᠬᠦ ᠪᠣᠯᠤᠨ᠎ᠠ᠃
       ᠶᠡᠭᠡ ᠬᠤᠷᠠᠯ ᠤᠨ ᠠᠬᠤᠶ ᠲᠠᠯᠠᠪᠠᠢ ᠲᠥᠪ ᠬᠢᠴᠢᠶᠡᠩᠭᠦᠶ ᠪᠥᠭᠡᠳ ᠬᠦᠷ ᠬᠥᠭᠵᠢᠶᠡᠨᠲᠡᠶ ᠪᠠᠶᠢᠵᠤ᠂ ᠲᠡᠷᠢᠭᠦᠯᠡᠭᠴᠢ ᠶᠢᠨ ᠲᠠᠶᠢᠰᠡᠨ ᠤ ᠭᠤᠤᠯ ᠳᠤᠮᠳᠠ ᠶᠡᠭᠡ ᠪᠦᠯᠬᠦᠮᠳᠡᠯ ᠶᠡᠭᠡ ᠬᠤᠯᠪᠣᠭᠠᠯᠠᠯ ᠪᠡᠯᠭᠡᠳᠡᠭᠰᠡᠨ ᠤᠯᠤᠰ ᠲᠥᠷᠥ ᠶᠢᠨ ᠵᠥᠪᠯᠡᠯᠭᠡᠨ ᠤ ᠰᠦᠯᠳᠡ ᠶᠢ ᠡᠯᠭᠦᠵᠡᠶ᠃ ᠬᠤᠰᠢᠭᠤᠨ ᠨᠠᠮ ᠤᠨ ᠬᠤᠷᠢᠶᠠᠨ ᠤ ᠱᠦᠵᠢ ᠸᠧᠶ ᠪᠢᠯᠢᠭ ᠬᠤᠷᠠᠯ ᠳᠤ ᠣᠷᠣᠯᠴᠠᠵᠤ ᠪᠠᠶᠠᠷ ᠬᠦᠷᠭᠡᠬᠦ ᠶᠢᠨ ᠬᠠᠮᠲᠤ ᠶᠠᠷᠢᠶ᠎ᠠ ᠲᠠᠯᠪᠢᠵᠤ᠂ ᠬᠤᠰᠢᠭᠤᠨ ᠨᠠᠮ ᠤᠨ ᠬᠤᠷᠢᠶᠠᠨ ᠤ ᠳᠡᠳ᠋ ᠰᠦᠵᠢ᠂ ᠬᠤᠰᠢᠭᠤᠨ ᠠᠷᠠᠳ ᠤᠨ ᠵᠠᠰᠠᠭ ᠤᠨ ᠣᠷᠳᠣᠨ ᠤ ᠳᠠᠷᠤᠭ᠎ᠠ ᠴᠧᠨ ᠬᠤ᠋ ᠨᠠᠨ ᠬᠤᠷᠠᠯ ᠳᠤ ᠣᠷᠣᠯᠴᠠᠵᠤ ᠪᠠᠶᠠᠷ ᠬᠦᠷᠭᠡᠪᠡ᠃ ᠬᠤᠰᠢᠭᠤᠨ ᠤᠯᠤᠰ ᠲᠥᠷᠥ ᠶᠢᠨ ᠵᠥᠪᠯᠡᠯᠭᠡᠨ ᠤ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠡᠷᠢᠭᠦᠯᠡᠭᠴᠢ ᠰᠡᠷᠭᠦᠯᠡᠩ᠂ ᠬᠤᠰᠢᠭᠤᠨ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠴᠧᠨ ᠢᠦᠶ ᠮᠢᠩ᠂ ᠢᠦᠶ ᠸᠧᠶ ᠬᠤᠸᠠ᠂ ᠣᠣᠡᠬᠤᠡᠪᠠᠶᠡᠷ᠂ ᠬᠤᠰᠢᠭᠤᠨ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠶᠢᠨ ᠵᠢᠱᠢᠭᠳᠡᠭᠴᠢ ᠯᠢ ᠭᠦᠸᠧ ᠯᠢᠨ᠂ ᠨᠠᠷᠢᠨ ᠪᠢᠴᠢᠭ ᠤᠨ ᠳᠠᠷᠤᠭ᠎ᠠ ᠰᠦᠩ ᠸᠧᠶ ᠳ᠋ᠡ ᠲᠡᠷᠢᠭᠦᠯᠡᠭᠴᠢ ᠶᠢᠨ ᠲᠠᠶᠢᠰᠡᠨ ᠤ ᠡᠮᠦᠨ᠎ᠡ ᠮᠥᠷ ᠲᠤ ᠰᠠᠭᠠᠲᠠᠪᠠ᠃ ᠳᠡᠳ᠋ ᠲᠡᠷᠢᠭᠦᠯᠡᠭᠴᠢ ᠢᠦᠶ ᠸᠧᠶ ᠬᠤᠸᠠ ᠡᠬᠢᠯᠡᠯᠲᠡ ᠶᠢᠨ ᠶᠡᠭᠡ ᠬᠤᠷᠠᠯ ᠢ ᠡᠷᠬᠢᠯᠡᠪᠡ᠃        ᠬᠤᠰᠢᠭᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠡᠷᠬᠢᠯᠡᠭᠴᠢ ᠵᠠᠩ ᠬᠤᠩ ᠰᠢᠨ᠂ ᠬᠤᠰᠢᠭᠤᠨ ᠨᠠᠮ ᠤᠨ ᠬᠤᠷᠢᠶ᠎ᠠ ᠶᠢᠨ ᠪᠠᠶᠢᠩᠭᠤ ᠶᠢᠨ ᠭᠡᠰᠢᠭᠦᠨ ᠵᠢᠶᠠ ᡁᠢ ᠬᠤᠩ᠂ ᠭᠦᠸᠧ ᠯᠦ ᠮᠧᠩ᠂ ᠸᠠᠩ ᠶᠤᠸᠠᠨ ᠪᠢᠨ᠂ ᠭᠥᠸᠧ ᠶᠦᠩ ᠮᠢᠩ᠂ ᠸᠧᠶ ᠰᠢᠨ ᠢᠦᠶ᠂ ᠸᠠᠩ ᠰᠢᠨ ᠾᠦᠢ᠂ ᠭᠦᠸᠧ ᠹᠧᠩ᠂ ᠬᠠᠨ ᠵᠢᠶᠧ᠂ ᠰᠦᠩ ᠵᠢᠶᠠᠨ ᠹᠧᠩ᠂ ᠸᠠᠩ ᡁᠢ ᠶᠦᠩ᠂ ᠶᠠᠩ ᠵᠢᠶᠧ ᠬᠤᠷᠠᠯ ᠳᠤ ᠣᠷᠣᠯᠴᠠᠵᠤ ᠪᠠᠶᠠᠷ ᠬᠦᠷᠭᠡᠭᠰᠡᠨ ᠪᠥᠭᠡᠳ ᠲᠡᠷᠢᠭᠦᠯᠡᠭᠴᠢ ᠶᠢᠨ ᠲᠠᠶᠢᠰᠡᠨ ᠳᠤ ᠰᠠᠭᠠᠲᠠᠪᠠ᠃ ᠲᠡᠷᠢᠭᠦᠯᠡᠭᠴᠢ ᠶᠢᠨ ᠲᠠᠶᠢᠰᠠᠨ ᠳᠤ ᠰᠠᠭᠠᠲᠠᠭᠰᠠᠨ ᠬᠤᠰᠢᠭᠤᠨ ᠤᠳᠤᠷᠢᠳᠤᠯᠭ᠎ᠠ ᠳᠤ ᠪᠠᠰᠠ ᠬᠥᠬᠡᠪᠡᠷᠰ᠂ ᠶᠠᠩ ᠾᠦᠢ ᠶᠠᠨ᠂ ᠴᠢᠨ ᠶᠤᠸᠠᠢ ᠭᠦᠸᠧ᠂ ᠵᠠᠩ ᠰᠢᠤᠢ ᠫᠧᠩ᠂ ᠳᠠᠩ ᠲᠢᠩ ᠲᠢᠩ᠂ ᠢᠦᠶ ᠭᠠᠩ᠂ ᠶᠠᠨ ᠰᠢᠤᠸᠠᠢ ᠲᠤᠤ᠂ ᠮᠦ ᠭᠦᠸᠧ ᠳ᠋ᠦᠩ᠂ ᠵᠦ ᠰᠢᠤᠢ ᠭᠤᠸᠠᠩ᠂ ᠪᠦᠦ ᠵᠢᠶᠧ᠂ ᠯᠢᠦ ᠸᠧᠨ ᠴᠢᠩ᠂ ᠦ᠋ ᠴᠢᠩ ᠯᠢᠨ᠂ ᠤᠯᠠᠭᠠᠨᠬᠠᠳᠠ ᠬᠤᠲᠠ ᠶᠢᠨ ᠤᠯᠤᠰ ᠲᠥᠷᠥ ᠶᠢᠨ ᠵᠥᠪᠯᠡᠯᠭᠡᠨ ᠤ ᠠᠷᠤ ᠬᠤᠷᠴᠢᠨ ᠬᠤᠰᠢᠭᠤᠨ ᠳᠤ ᠰᠠᠭᠤᠭ᠎ᠠ ᠭᠡᠰᠢᠭᠦᠨ᠂ ᠭᠠᠯ ᠤᠨᠲᠠᠷᠠᠭᠠᠬᠤ᠂ ᠵᠡᠪᠰᠡᠭᠲᠦ ᠴᠠᠭᠳᠠᠭ᠎ᠠ᠂ ᠣᠢ ᠰᠢᠭᠤᠶ ᠶᠢᠨ ᠭᠠᠯ ᠤᠨᠲᠠᠷᠠᠭᠠᠬᠤ ᠠᠷᠤ ᠬᠤᠷᠴᠢᠨ ᠬᠤᠰᠢᠭᠤᠨ ᠳᠤ ᠰᠠᠭᠤᠭ᠎ᠠ ᠴᠡᠷᠢᠭ ᠠᠩᠭᠢ ᠶᠢᠨ ᠬᠠᠷᠢᠭᠤᠴᠠᠯᠭᠠᠲᠠᠨ ᠪᠣᠯᠤᠨ ᠭᠤᠤᠯᠳᠠᠯᠭᠠᠲᠤ ᠠᠵᠤ ᠠᠬᠤᠶᠢᠯᠠᠯ ᠤᠨ ᠬᠠᠷᠢᠭᠤᠴᠠᠯᠭᠠᠲᠠᠨ ᠤᠷᠢᠯᠭ᠎ᠠ ᠪᠠᠷ ᠬᠤᠷᠠᠯ ᠳᠤ ᠣᠷᠣᠯᠴᠠᠵᠠᠶ᠃        ᠤᠯᠤᠰ ᠲᠥᠷᠥ ᠶᠢᠨ ᠵᠥᠪᠯᠡᠯᠭᠡᠨ ᠤ ᠠᠷᠤ ᠬᠤᠷᠴᠢᠨ ᠬᠤᠰᠢᠭᠤᠨ ᠤ ᠠᠷᠪᠠᠨ ᠲᠠᠪᠤᠳᠤᠭᠠᠷ ᠬᠤᠭᠤᠴᠠᠭᠠᠨ ᠤ ᠬᠤᠷᠢᠶ᠎ᠠ ᠶᠢᠨ ᠳᠥᠷᠪᠡᠳᠦᠭᠡᠷ ᠬᠤᠷᠠᠯᠳᠤᠭᠠᠨ ᠳᠤ ᠣᠷᠣᠯᠴᠠᠬᠤ ᠶᠣᠰᠣᠲᠠᠶ ᠤᠯᠤᠰ ᠲᠥᠷᠥ ᠶᠢᠨ ᠵᠥᠪᠯᠡᠯᠭᠡᠨ ᠤ ᠭᠡᠰᠢᠭᠦᠨ 186 ᠨᠡᠷ᠎ᠡ ᠪᠠᠶᠢᠵᠤ᠂ ᠪᠣᠳᠠᠲᠠᠶ ᠣᠷᠣᠯᠴᠠᠭᠰᠠᠨ ᠨᠢ 160 ᠨᠡᠷ᠎ᠡ᠂ ︽ᠤᠯᠤᠰ ᠳᠥᠷᠥ ᠶᠢᠨ ᠵᠥᠪᠯᠡᠯᠭᠡᠨ ᠤ ᠳᠦᠷᠢᠮ︾ ᠤᠨ ᠲᠣᠭᠲᠠᠭᠠᠯ ᠳᠤ ᠨᠡᠶᠢᠴᠡᠨ᠎ᠡ᠃        ᠦᠳᠡ ᠶᠢᠨ ᠡᠮᠦᠨᠡᠬᠢ 8 ᠴᠠᠭ 30 ᠮᠢᠨᠦ᠋ᠲ ᠲᠤ᠂ ᠢᠦᠶ ᠸᠧᠶ ᠬᠤᠸᠠ ᠶᠡᠭᠡ ᠬᠤᠷᠠᠯ ᠡᠬᠢᠯᠡᠭᠰᠡᠨ ᠢ ᠵᠠᠷᠯᠠᠪᠠ᠃ ᠪᠥᠬᠦ ᠬᠥᠮᠦᠰ ᠪᠣᠰᠴᠤ ᠵᠣᠭᠰᠣᠨ᠂ ᠤᠯᠤᠰ ᠤᠨ ᠰᠦᠯᠳᠡ ᠳᠠᠭᠤᠤ ᠶᠢ ᠬᠥᠭᠵᠢᠮᠳᠡᠨ ᠳᠠᠭᠤᠯᠠᠪᠠ᠃
       ᠸᠧᠶ ᠪᠢᠯᠢᠭ ᠬᠤᠰᠢᠭᠤᠨ ᠨᠠᠮ ᠤᠨ ᠬᠤᠷᠢᠶᠠᠨ ᠤ ᠡᠮᠦᠨ᠎ᠡ ᠠᠴᠠ ᠶᠡᠭᠡ ᠬᠤᠷᠠᠯ ᠤᠨ ᠬᠤᠷᠠᠯᠳᠤᠭᠰᠠᠨ ᠳᠤ ᠬᠠᠯᠠᠭᠤᠨ ᠪᠠᠶᠠᠷ ᠬᠦᠷᠭᠡᠵᠦ᠂ ᠤᠯᠤᠰ ᠲᠥᠷᠥ ᠶᠢᠨ ᠵᠥᠪᠯᠡᠯᠭᠡᠨ ᠤ ᠪᠥᠬᠦ ᠭᠡᠰᠢᠭᠦᠳ ᠪᠠ ᠬᠤᠷᠠᠯ ᠳᠤ ᠣᠷᠣᠯᠴᠠᠭᠰᠠᠨ ᠨᠥᠬᠦᠳ ᠲᠤ ᠴᠢᠩ ᠰᠡᠳᠬᠢᠯ ᠤᠨ ᠮᠡᠨᠳᠦᠴᠢᠯᠡᠯ ᠳᠡᠪᠰᠢᠭᠦᠯᠪᠡ᠃ ᠲᠡᠷᠡ ᠬᠡᠯᠡᠭᠰᠡᠨ ᠨᠢ᠂ 2024 ᠣᠨ ᠳᠤ ᠬᠤᠰᠢᠭᠤᠨ ᠨᠠᠮ ᠤᠨ ᠬᠤᠷᠢᠶᠠᠨ ᠤ ᠤᠳᠤᠷᠢᠳᠤᠯᠭ᠎ᠠ ᠳᠤᠤᠷ᠎ᠠ᠂ ᠬᠤᠰᠢᠭᠤᠨ ᠤᠯᠤᠰ ᠲᠥᠷᠥ ᠶᠢᠨ ᠵᠥᠪᠯᠡᠯᠭᠡᠨ ᠪᠣᠯᠤᠨ ᠥᠷᠭᠡᠨ ᠣᠯᠠᠨ ᠤᠯᠤᠰ ᠲᠥᠷᠥ ᠶᠢᠨ ᠵᠥᠪᠯᠡᠯᠭᠡᠨ ᠤ ᠭᠡᠰᠢᠭᠦᠳ ᠤᠬᠠᠮᠰᠠᠷ ᠠᠴᠠ ᠪᠠᠨ ᠤᠯᠤᠰ ᠲᠥᠷᠥ ᠶᠢᠨ ᠵᠥᠪᠯᠡᠯᠭᠡᠨ ᠤ ᠠᠵᠢᠯ ᠢ ᠪᠦᠬᠦ ᠬᠤᠰᠢᠭᠤᠨ ᠤ ᠬᠥᠭᠵᠢᠯᠲᠡ ᠶᠢᠨ ᠶᠡᠭᠡ ᠲᠠᠯ᠎ᠠ ᠳᠤ ᠣᠷᠣᠭᠤᠯᠤᠨ ᠠᠷᠭ᠎ᠠ ᠤᠬᠠᠭᠠᠨ ᠰᠦᠪᠡᠭᠴᠢᠯᠡᠨ ᠠᠬᠢᠭᠤᠯᠵᠤ᠂ ᠡᠯ᠎ᠡ ᠵᠦᠢᠯ ᠤᠨ ᠡᠭᠦᠷᠭᠡ ᠴᠢᠳᠠᠪᠤᠷᠢ ᠪᠠᠨ ᠯᠠᠪᠳᠠᠭᠤᠨ ᠪᠠᠲᠤᠲᠠᠶ ᠭᠦᠢᠴᠡᠣᠡᠭᠡᠵᠤ᠂ ᠢᠯᠠᠩᠭᠤᠶ᠎ᠠ ᠪᠡᠭᠡᠵᠢᠩ ᠥᠪᠥᠷ ᠮᠣᠩᠭᠤᠯ ᠤᠨ ᠬᠠᠮᠵᠢᠯᠴᠠᠭ᠎ᠠ ᠳᠤ ᠤᠯᠤᠰ ᠲᠥᠷᠥ ᠶᠢᠨ ᠵᠥᠪᠯᠡᠯᠭᠡᠨ ᠤ ᠬᠦᠴᠦᠨ ᠢ ᠨᠡᠮᠡᠷᠢᠯᠡᠬᠦ᠂ ︽ᠬᠤᠶᠠᠷ ᠡᠩᠨᠡᠭᠡ︾ ᠶᠢᠨ ᠪᠠᠶᠢᠭᠤᠯᠤᠯᠲᠠ ᠵᠡᠷᠭᠡ ᠲᠠᠯ᠎ᠠ ᠪᠠᠷ ᠰᠠᠨᠠᠭᠠᠴᠢᠯᠠᠭ᠎ᠠ ᠠᠴᠠ ᠪᠠᠨ ᠠᠵᠢᠯᠯᠠᠵᠤ᠂ ᠪᠥᠬᠦ ᠬᠤᠰᠢᠭᠤᠨ ᠤ ᠠᠵᠤ ᠠᠬᠤᠶ ᠨᠡᠶᠢᠭᠡᠮ ᠤᠨ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠵᠠᠶ ᠭᠡᠪᠡ᠃        ᠣᠳᠣᠬᠠᠨ ᠤ ᠪᠠ ᠬᠤᠢᠰᠢᠳᠠ ᠶᠢᠨ ᠨᠢᠭᠡ ᠬᠤᠭᠤᠴᠠᠭᠠᠨ ᠤ ᠤᠯᠤᠰ ᠲᠥᠷᠥ ᠶᠢᠨ  ᠵᠥᠪᠯᠡᠯᠭᠡᠨ ᠤ ᠠᠵᠢᠯ ᠢ ᠰᠠᠶᠢᠲᠤᠷ ᠬᠢᠬᠦ ᠲᠤᠬᠠᠶ ᠸᠧᠶ ᠪᠢᠯᠢᠭ ᠬᠡᠯᠡᠬᠦ ᠳᠡᠭᠡᠨ᠂ ᠬᠤᠰᠢᠭᠤᠨ ᠤᠯᠤᠰ ᠲᠥᠷᠥ ᠶᠢᠨ ᠵᠥᠪᠯᠡᠯᠭᠡᠨ ᠪᠠ ᠥᠷᠭᠡᠨ ᠣᠯᠠᠨ ᠤᠯᠤᠰ ᠲᠥᠷᠥ ᠶᠢᠨ ᠵᠥᠪᠯᠡᠯᠭᠡᠨ ᠤ ᠭᠡᠰᠢᠭᠦᠨ ᠤᠯᠤᠰ ᠲᠥᠷᠥ ᠶᠢᠨ ᠵᠣᠭᠰᠣᠯᠲᠠ ᠪᠠᠨ ᠪᠠᠲᠤᠳᠬᠠᠵᠤ᠂ ᠤᠯᠤᠰ ᠲᠥᠷᠥ ᠶᠢᠨ ᠬᠠᠷᠢᠭᠤᠴᠠᠯᠭ᠎ᠠ ᠪᠠᠨ ᠴᠢᠩᠭᠠᠳᠬᠠᠵᠤ᠂ ᠲᠥᠷᠥ ᠶᠢᠨ ᠶᠠᠪᠤᠳᠠᠯ ᠳᠤ ᠣᠷᠣᠯᠴᠠᠨ ᠲᠥᠷᠥ ᠶᠢᠨ ᠶᠠᠪᠤᠳᠠᠯ ᠢ ᠵᠥᠪᠯᠡᠬᠦ ᠬᠠᠷᠢᠭᠤᠴᠠᠯᠭᠠᠲᠤ ᠰᠡᠳᠬᠢᠯᠭᠡ ᠪᠠ ᠡᠭᠦᠷᠭᠡᠲᠦ ᠰᠡᠳᠬᠢᠯᠭᠡ ᠪᠠᠨ ᠴᠢᠩᠭᠠᠳᠬᠠᠬᠤ ᠬᠡᠷᠡᠭᠲᠡᠶ᠂ ᠥᠭᠡᠷᠡᠴᠢᠯᠡᠯᠲᠡ ᠬᠥᠭᠵᠢᠯᠲᠡ ᠶᠢᠨ ᠣᠶᠤᠨ ᠤᠬᠠᠭᠠᠨ ᠢ ᠨᠢᠭᠲᠠᠷᠠᠭᠤᠯᠵᠤ᠂ ᠬᠤᠰᠢᠭᠤᠨ ᠨᠠᠮ ᠤᠨ ᠬᠤᠷᠢᠶ᠎ᠠ ᠵᠠᠰᠠᠭ ᠤᠨ ᠣᠷᠳᠣᠨ ᠤ ᠰᠢᠨᠵᠢᠯᠡᠬᠦ ᠤᠬᠠᠭᠠᠨᠴᠢ ᠠᠷᠠᠳᠴᠢᠯᠡᠯ ᠢᠶᠠᠷ ᠰᠢᠢᠳᠪᠦᠷᠢᠲᠦ ᠪᠣᠳᠣᠯᠭ᠎ᠠ ᠲᠣᠭᠲᠠᠭᠠᠬᠤ ᠳᠤ ᠰᠠᠶᠢᠨ ᠵᠥᠪᠯᠡᠭᠴᠢ ᠲᠤᠰᠠᠯᠠᠭᠴᠢ ᠪᠣᠯᠵᠤ᠂ ᠪᠥᠬᠦ ᠬᠤᠰᠢᠭᠤᠨ ᠤ ᠠᠵᠤ ᠠᠬᠤᠶ ᠨᠡᠶᠢᠭᠡᠮ ᠤᠨ ᠬᠥᠭᠵᠢᠯᠲᠡ ᠶᠢ ᠲᠦᠷᠭᠡᠳᠬᠡᠬᠦ  ᠶᠢ ᠠᠬᠢᠭᠤᠯᠬᠤ ᠬᠡᠷᠡᠭᠲᠡᠶ᠃ ᠠᠷᠠᠳ ᠤᠨ ᠲᠥᠯᠥᠭᠡ ᠡᠭᠦᠷᠭᠡ ᠬᠠᠷᠢᠭᠤᠴᠠᠯᠭ᠎ᠠ ᠪᠠᠨ ᠭᠦᠢᠴᠡᠣᠡᠭᠡᠬᠦ ᠪᠠᠷ ᠤᠳᠤᠷᠢᠳᠤᠮᠵᠢ ᠪᠣᠯᠭᠠᠬᠤ ᠶᠢ ᠴᠢᠩᠭᠠᠳᠬᠠᠵᠤ᠂ ᠦᠨᠳᠦᠰᠦᠨ ᠱᠠᠲᠤᠨ ᠤ ᠰᠠᠨᠠᠯ ᠰᠠᠨᠠᠭᠤᠯᠭ᠎ᠠ ᠶᠢ ᠬᠢᠨᠠᠮᠠᠭᠠᠶ ᠰᠣᠨᠣᠰᠴᠤ᠂ ᠬᠤᠰᠢᠭᠤᠨ ᠨᠠᠮ ᠤᠨ ᠬᠤᠷᠢᠶ᠎ᠠ ᠵᠠᠰᠠᠭ ᠤᠨ ᠣᠷᠳᠣᠨ ᠢ ᠬᠠᠪᠰᠤᠷᠤᠨ ᠠᠷᠠᠳ ᠣᠯᠠᠨ ᠤ ᠲᠥᠯᠥᠭᠡ ᠦᠨᠡᠨ ᠬᠦ ᠪᠣᠳᠠᠲᠠᠶ ᠶᠠᠪᠤᠳᠠᠯ ᠢ ᠰᠠᠶᠢᠲᠤᠷ ᠬᠢᠵᠦ᠂ ᠰᠠᠶᠢᠨ ᠶᠠᠪᠤᠳᠠᠯ ᠢ ᠪᠣᠳᠠᠲᠠᠶ ᠪᠠᠷ ᠬᠢᠵᠦ ᠦᠭᠬᠦ ᠬᠡᠷᠡᠭᠲᠡᠶ᠃ ᠠᠷᠠᠳᠴᠢᠯᠠᠯ ᠢᠶᠠᠷ ᠬᠢᠨᠠᠯᠲᠠ ᠲᠠᠯᠪᠢᠬᠤ ᠠᠷᠭ᠎ᠠ ᠬᠡᠯᠪᠡᠷᠢ ᠶᠢᠨ ᠰᠢᠨ᠎ᠡ ᠶᠢ ᠡᠭᠦᠳᠴᠦ  ᠴᠢᠬᠤᠯᠠ ᠶᠡᠭᠡ ᠰᠢᠢᠳᠪᠦᠷᠢᠲᠦ ᠪᠣᠳᠣᠯᠭ᠎ᠠ ᠶᠢ ᠬᠡᠷᠡᠭᠵᠢᠭᠦᠯᠬᠦ᠂ ᠴᠢᠬᠤᠯᠠ ᠶᠡᠭᠡ ᠲᠥᠷᠥᠯ ᠵᠦᠢᠯ ᠢ ᠠᠬᠢᠭᠤᠯᠬᠤ᠂ ᠭᠤᠤᠯᠳᠠᠯᠭ᠎ᠠ ᠲᠠᠢ ᠠᠵᠢᠯ ᠢ ᠨᠠᠶᠢᠳᠠᠪᠣᠷᠢᠵᠢᠭᠤᠯᠬᠤ ᠲᠠᠢ ᠤᠶᠠᠯᠳᠤᠭᠤᠯᠤᠨ ᠪᠥᠬᠦ ᠶᠠᠪᠤᠴᠠ ᠶᠢᠨ ᠬᠢᠨᠠᠯᠲᠠ ᠶᠢ ᠰᠠᠶᠢᠲᠤᠷ ᠬᠢᠵᠦ᠂ ᠠᠷᠠᠳᠴᠢᠯᠠᠯ ᠢᠶᠠᠷ ᠬᠢᠨᠠᠯᠲᠠ ᠲᠠᠯᠪᠢᠬᠤ ᠴᠢᠨᠠᠷ ᠴᠢᠨᠰᠠᠭ᠎ᠠ ᠦᠷ᠎ᠡ ᠪᠦᠲᠦᠮᠵᠢ ᠶᠢ ᠲᠠᠰᠤᠷᠠᠯᠲᠠ ᠦᠭᠡᠢ ᠴᠢᠩᠭᠠᠳᠬᠠᠬᠤ ᠬᠡᠷᠡᠭᠲᠡᠶ ᠭᠡᠵᠡᠶ᠃ ᠸᠧᠶ ᠪᠢᠯᠢᠭ ᠬᠡᠯᠡᠬᠦ ᠳᠡᠭᠡᠨ᠂ ᠪᠥᠬᠦ ᠬᠤᠰᠢᠭᠤᠨ ᠤ ᠳᠡᠭᠡᠳᠦ ᠳᠣᠣᠷᠠᠳᠤ ᠱᠠᠳᠣᠨ ᠤ ᠠᠷᠠᠳ ᠤᠨ ᠤᠯᠤᠰ ᠲᠥᠷᠥ ᠶᠢᠨ ᠵᠥᠪᠯᠡᠯᠭᠡᠨ ᠤ ᠦᠢᠯᠡᠰ ᠤᠨ ᠬᠥᠭᠵᠢᠯᠲᠡ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠳᠡᠮᠵᠢᠵᠦ᠂ ᠤᠯᠤᠰ ᠲᠥᠷᠥ ᠶᠢᠨ ᠵᠥᠪᠯᠡᠯᠭᠡᠨ ᠤ ᠪᠠᠶᠢᠴᠠᠭᠠᠨ ᠰᠤᠳᠤᠯᠬᠤ᠂ ᠪᠠᠶᠢᠴᠠᠭᠠᠨ ᠦᠵᠡᠬᠦ ᠵᠡᠷᠭᠡ ᠠᠵᠢᠯᠯᠠᠭ᠎ᠠ ᠳᠤ ᠢᠳᠡᠪᠬᠢᠲᠡᠶ ᠬᠠᠮᠵᠢᠯᠴᠠᠨ᠂ ᠤᠯᠤᠰ ᠲᠥᠷᠥ ᠶᠢᠨ ᠵᠥᠪᠯᠡᠯᠭᠡᠨ ᠤ ᠠᠵᠢᠯ ᠤᠨ ᠳᠤᠮᠳᠠ ᠲᠤᠯᠭᠠᠷᠠᠭᠰᠠᠨ ᠪᠣᠳᠠᠲᠠᠶ ᠬᠦᠴᠢᠷᠳᠡᠯ ᠢ ᠰᠠᠶᠢᠳᠣᠷ ᠰᠢᠢᠳᠪᠦᠷᠢᠯᠡᠵᠦ᠂ ᠤᠯᠤᠰ ᠲᠥᠷᠥ ᠶᠢᠨ ᠵᠥᠪᠯᠡᠯᠭᠡᠨ ᠤ ᠡᠭᠦᠷᠭᠡ ᠴᠢᠳᠠᠪᠤᠷᠢ ᠪᠠᠨ ᠭᠦᠢᠴᠡᠣᠡᠭᠡᠬᠦ ᠳᠤ ᠬᠦᠴᠦᠲᠡᠶ ᠪᠠᠲᠤᠯᠠᠭ᠎ᠠ ᠬᠠᠩᠭᠠᠬᠤ ᠬᠡᠷᠡᠭᠲᠡᠶ᠃ ᠬᠤᠰᠢᠭᠤᠨ ᠤᠯᠤᠰ ᠲᠥᠷᠥ ᠶᠢᠨ ᠵᠥᠪᠯᠡᠯᠭᠡᠨ ᠡᠭᠦᠷᠭᠡ ᠴᠢᠳᠠᠪᠤᠷᠢ ᠶᠢᠨ ᠦᠢᠯᠡᠳᠦᠯ ᠢᠶᠠᠨ ᠭᠦᠢᠴᠡᠣᠨ ᠪᠠᠳᠠᠷᠠᠭᠤᠯᠵᠤ᠂ ᠡᠯ᠎ᠡ ᠲᠥᠷᠥᠯ ᠤᠨ ᠵᠥᠪᠯᠡᠯᠭᠡ ᠬᠢᠵᠦ ᠵᠠᠰᠠᠭ ᠤᠨ ᠶᠠᠪᠤᠳᠠᠯ ᠢ ᠵᠥᠪᠯᠡᠬᠦ ᠠᠵᠢᠯᠯᠠᠭ᠎ᠠ ᠶᠢ ᠰᠠᠶᠢᠳᠣᠷ ᠵᠣᠬᠢᠶᠠᠨ ᠪᠠᠶᠢᠭᠤᠯᠣᠨ ᠥᠷᠨᠢᠭᠦᠯᠵᠦ᠂ ︽ᠬᠤᠶᠠᠷ ᠡᠩᠨᠡᠭᠡ︾ ᠶᠢᠨ ᠪᠠᠶᠢᠭᠤᠯᠤᠯᠲᠠ ᠶᠢ ᠰᠠᠶᠢᠲᠤᠷ ᠠᠳᠬᠤᠨ᠂ ᠣᠯᠠᠨ ᠲᠦᠮᠡᠨ ᠲᠠᠢ ᠬᠠᠷᠢᠯᠴᠠᠬᠤ ᠪᠠ ᠣᠯᠠᠨ ᠲᠦᠮᠡᠨ ᠳᠤ ᠦᠢᠯᠡᠴᠢᠯᠡᠬᠦ ᠳᠤ ᠨᠠᠩ ᠣᠯᠠᠨ ᠥᠪᠡᠷᠮᠢᠴᠢ ᠣᠨᠴᠠᠯᠢᠭ ᠲᠠᠢ ᠡᠭᠦᠷᠭᠡ ᠬᠠᠷᠢᠭᠤᠴᠠᠯᠭ᠎ᠠ ᠪᠠᠨ ᠭᠦᠢᠴᠡᠣᠡᠭᠡᠬᠦ ᠲᠠᠪᠴᠠᠩ ᠢ ᠪᠣᠢ ᠪᠣᠯᠭᠠᠵᠤ ᠭᠡᠰᠢᠭᠦᠳ ᠤᠨ ᠵᠠᠰᠠᠭ ᠤᠨ ᠶᠠᠪᠤᠳᠠᠯ ᠳᠤ ᠣᠷᠣᠯᠴᠠᠨ ᠲᠥᠷᠥ ᠶᠢᠨ ᠶᠠᠪᠤᠳᠠᠯ ᠢ ᠵᠥᠪᠯᠡᠬᠦ ᠬᠠᠯᠠᠭᠤᠨ ᠤᠷᠮᠠᠰ ᠢ ᠤᠯᠠᠮ ᠨᠢᠭᠡ ᠠᠯᠬᠤᠮ ᠬᠥᠭᠵᠢᠭᠡᠨ᠂ ᠵᠥᠪᠯᠡᠬᠦ ᠠᠷᠠᠳᠴᠢᠯᠠᠯ ᠤᠨ ᠥᠷᠭᠡᠨ ᠳᠡᠯᠭᠡᠷ ᠤᠯᠠᠨ ᠲᠡᠰ ᠳᠠᠪᠬᠤᠷᠭ᠎ᠠ ᠲᠠᠢ᠂ ᠳᠦᠷᠢᠮᠵᠢᠭᠰᠡᠨ ᠬᠥᠭᠵᠢᠯᠲᠡ ᠶᠢ ᠠᠬᠢᠭᠤᠯᠬᠤ ᠬᠡᠷᠡᠭᠲᠡᠶ ᠭᠡᠵᠡᠶ᠃        ᠰᠡᠷᠭᠦᠯᠡᠩ ᠤᠯᠤᠰ ᠲᠥᠷᠥ ᠶᠢᠨ ᠵᠥᠪᠯᠡᠯᠭᠡᠨ ᠤ ᠠᠷᠤ ᠬᠤᠷᠴᠢᠨ ᠬᠤᠰᠢᠭᠤᠨ ᠤ ᠠᠷᠪᠠᠨ ᠲᠠᠪᠤᠳᠤᠭᠠᠷ ᠬᠤᠭᠤᠴᠠᠭᠠᠨ ᠤ ᠬᠤᠷᠢᠶ᠎ᠠ ᠶᠢᠨ ᠪᠠᠶᠢᠩᠭᠤ ᠶᠢᠨ ᠬᠤᠷᠢᠶ᠎ᠠ ᠶᠢ ᠲᠥᠯᠥᠭᠡᠯᠡᠨ ᠶᠡᠭᠡ ᠬᠤᠷᠠᠯ ᠳᠤ ᠠᠵᠢᠯ ᠢᠶᠠᠨ ᠮᠡᠳᠡᠭᠦᠯᠪᠡ᠃ ᠲᠡᠷᠡ ᠬᠡᠯᠡᠭᠰᠡᠨ ᠨᠢ᠂ 2024 ᠣᠨ ᠪᠣᠯ ᠰᠢᠨ᠎ᠡ ᠳᠤᠮᠳᠠᠳᠤ ᠤᠯᠤᠰ ᠪᠠ ᠠᠷᠠᠳ ᠤᠨ ᠤᠯᠤᠰ ᠲᠥᠷᠥ ᠶᠢᠨ ᠵᠥᠪᠯᠡᠯᠭᠡᠨ ᠪᠠᠢᠭᠤᠯᠤᠭᠳᠠᠭᠰᠠᠨ 75 ᠵᠢᠯ ᠤᠨ ᠣᠢ ᠮᠥᠨ᠂ ᠪᠠᠰᠠ ᠴᠤ ᠠᠷᠪᠠᠨ ᠲᠠᠪᠤᠳᠤᠭᠠᠷ ᠬᠤᠭᠤᠴᠠᠭᠠᠨ ᠤ ᠬᠤᠰᠢᠭᠤᠨ ᠤᠯᠤᠰ ᠲᠥᠷᠥ ᠶᠢᠨ ᠵᠥᠪᠯᠡᠯᠭᠡᠨ ᠤ ᠲᠤᠯᠭᠤᠷ ᠵᠣᠷᠢᠯᠲᠠ ᠪᠠᠨ ᠳᠠᠪᠲᠠᠨ ᠪᠣᠯᠪᠠᠰᠤᠷᠠᠭᠤᠯᠵᠤ᠂ ᠦᠷᠭᠦᠯᠵᠢᠯᠡᠨ ᠡᠷᠡᠯᠬᠡᠭᠯᠡᠨ ᠤᠷᠤᠭᠰᠢᠯᠠᠬᠤ ᠵᠠᠩᠭᠢᠯᠠᠭ᠎ᠠ ᠶᠢᠨ ᠨᠢᠭᠡ ᠵᠢᠯ ᠮᠥᠨ᠃ ᠨᠢᠭᠡ ᠵᠢᠯ ᠤᠨ ᠲᠤᠷᠰᠢ ᠬᠤᠰᠢᠭᠤᠨ ᠤᠯᠤᠰ ᠲᠥᠷᠥ ᠶᠢᠨ ᠵᠥᠪᠯᠡᠯᠭᠡᠨ ᠤ ᠪᠠᠶᠢᠩᠭᠤ ᠶᠢᠨ ᠬᠤᠷᠢᠶ᠎ᠠ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠣᠯᠭᠠᠵᠤ᠂ ᠨᠠᠮ ᠤᠨ ᠬᠤᠷᠢᠳᠤᠭᠠᠷ ᠶᠡᠭᠡ ᠬᠤᠷᠠᠯ ᠪᠣᠯᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ ᠪᠥᠬᠦᠳᠡ ᠬᠤᠷᠠᠯ᠂ ᠭᠤᠷᠪᠠᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ ᠶᠢ ᠨᠠᠷᠢᠨ ᠬᠢᠨᠠᠮᠠᠭᠠᠶ ᠲᠤᠭᠤᠰᠢᠯᠠᠭᠤᠯᠤᠨ ᠨᠠᠶᠢᠳᠡᠪᠣᠷᠢᠵᠢᠭᠤᠯᠵᠤ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤᠳᠬᠠᠬᠤ ᠠᠵᠢᠯ ᠤᠨ ᠭᠤᠤᠯ ᠰᠢᠵᠢᠮ ᠤᠨ ᠲᠣᠭᠤᠷᠢᠨ ᠳᠤ᠂ ᠤᠯᠠᠭᠠᠨᠬᠠᠳᠠ ᠬᠤᠲᠠ ᠶᠢᠨ ᠤᠯᠤᠰ ᠲᠥᠷᠥ ᠶᠢᠨ ᠵᠥᠪᠯᠡᠯᠭᠡᠨ ᠤ ᠨᠠᠷᠢᠨ ᠨᠢᠮᠪᠠᠶ ᠵᠢᠯᠣᠭᠤᠳᠤᠯᠭ᠎ᠠ ᠪᠠ ᠳᠤᠮᠳᠠᠳᠤ ᠤᠯᠤᠰ ᠤᠨ ᠡᠪ ᠬᠠᠮᠲᠤ ᠨᠠᠮ ᠤᠨ ᠠᠷᠤ ᠬᠤᠷᠴᠢᠨ ᠬᠤᠰᠢᠭᠤᠨ ᠬᠤᠷᠢᠶ᠎ᠠ ᠶᠢᠨ ᠪᠠᠲᠤ ᠴᠢᠩᠭ᠎ᠠ ᠤᠳᠤᠷᠢᠳᠤᠯᠭ᠎ᠠ ᠳᠤᠤᠷ᠎ᠠ᠂  ᠭᠤᠤᠯᠳᠠᠯᠭ᠎ᠠ ᠶᠢᠨ ᠲᠣᠭᠤᠷᠢᠨ ᠳᠤ ᠰᠠᠨᠠᠯ ᠳᠤᠷᠠᠳᠤᠯᠭ᠎ᠠ ᠳᠡᠪᠰᠢᠭᠦᠯᠦᠨ ᠵᠠᠰᠠᠭ ᠲᠤ ᠲᠤᠰᠠᠯᠠᠵᠤ᠂ ᠳᠠᠪᠠᠭᠤᠯᠢᠭ ᠢᠶᠠᠨ ᠪᠠᠳᠠᠷᠠᠭᠤᠯᠤᠨ ᠬᠠᠮᠲᠤ ᠶᠢᠨ ᠲᠠᠨᠢᠯᠲᠠ ᠪᠠᠨ ᠨᠢᠭᠲᠠᠷᠠᠭᠤᠯᠵᠤ᠂ ᠲᠥᠪ ᠶᠣᠰᠣ ᠶᠢ ᠰᠠᠬᠢᠵᠤ ᠰᠢᠨ᠎ᠡ ᠶᠢ ᠡᠭᠦᠳᠬᠦ ᠶᠢ ᠦᠷᠭᠦᠯᠵᠢᠯᠡᠭᠦᠯᠵᠦ᠂ ᠪᠥᠬᠦ ᠬᠤᠰᠢᠭᠤᠨ ᠤ ᠠᠵᠤ ᠠᠬᠤᠶ  ᠨᠡᠶᠢᠭᠡᠮ ᠤᠨ ᠴᠢᠨᠠᠷ ᠰᠠᠶᠢᠲᠠᠶ ᠬᠥᠭᠵᠢᠯᠲᠡ ᠳᠤ ᠤᠯᠤᠰ ᠲᠥᠷᠥ ᠶᠢᠨ ᠵᠥᠪᠯᠡᠯᠭᠡᠨ ᠤ ᠣᠶᠤᠨ ᠤᠬᠠᠭᠠᠨ ᠪᠠ ᠬᠦᠴᠦᠨ ᠴᠢᠳᠠᠯ ᠢᠶᠠᠨ ᠡᠷᠭᠦᠵᠡᠶ ᠭᠡᠪᠡ᠃
               ᠰᠡᠷᠭᠦᠯᠡᠩ ᠠᠴᠠ᠂ ᠦᠵᠡᠯ ᠰᠠᠨᠠᠭᠠᠨ ᠤ ᠰᠠᠭᠤᠷᠢ ᠪᠠᠨ ᠪᠠᠲᠤᠳᠬᠠᠨ᠂ ᠤᠯᠤᠰ ᠲᠥᠷᠥ ᠶᠢᠨ ᠵᠢᠯᠣᠭᠤᠳᠤᠯᠭ᠎ᠠ ᠰᠢᠨ᠎ᠡ ᠳᠡᠭᠡᠭᠰᠢᠯᠡᠯᠲᠡ ᠲᠠᠢ ᠪᠣᠯᠤᠭᠰᠠᠨ︔ ᠭᠤᠤᠯ ᠶᠡᠭᠡ ᠲᠠᠯ᠎ᠠ ᠶᠢᠨ ᠲᠣᠭᠤᠷᠢᠨ ᠳᠤ ᠠᠵᠢᠯᠯᠠᠨ᠂ ᠬᠥᠭᠵᠢᠯᠲᠡ ᠳᠤ ᠦᠢᠯᠡᠴᠢᠯᠡᠵᠦ ᠰᠢᠨ᠎ᠡ ᠬᠤᠪᠢ ᠨᠡᠮᠡᠷᠢ ᠭᠠᠷᠭᠠᠭᠰᠠᠨ᠂ ᠬᠤᠤᠰ ᠴᠢᠭᠯᠡᠯ ᠢᠶᠠᠷ ᠬᠦᠴᠦᠯᠡᠬᠦ ᠶᠢ ᠪᠠᠷᠢᠮᠲᠠᠯᠠᠨ᠂ ᠬᠦᠴᠦᠨ ᠢᠶᠠᠨ ᠬᠤᠷᠠᠮᠳᠤᠭᠤᠯᠵᠤ ᠰᠢᠨ᠎ᠡ ᠵᠢᠳᠬᠦᠯ ᠴᠢᠷᠮᠠᠶᠢᠯᠭ᠎ᠠ ᠦᠵᠡᠭᠦᠯᠦᠭᠰᠡᠨ︔ ᠳᠠᠪᠠᠭᠤᠯᠢᠭ ᠣᠨᠴᠠᠯᠢᠭ ᠢᠶᠠᠨ ᠭᠦᠢᠴᠡᠣᠨ ᠠᠰᠢᠭᠯᠠᠨ᠂ ᠡᠭᠦᠷᠭᠡ ᠬᠠᠷᠢᠭᠤᠴᠠᠯᠭ᠎ᠠ ᠪᠠᠨ ᠭᠦᠢᠴᠡᠣᠡᠭᠡᠵᠤ ᠰᠢᠨ᠎ᠡ ᠶᠢ ᠡᠭᠦᠳᠬᠦ ᠲᠠᠯ᠎ᠠ ᠪᠠᠷ ᠰᠢᠨ᠎ᠡ ᠰᠢᠪᠲᠤᠯᠤᠯᠲᠠ ᠲᠠᠢ ᠪᠣᠯᠤᠭᠰᠠᠨ︔ ᠡᠭᠦᠷᠭᠡ ᠬᠠᠷᠢᠭᠤᠴᠠᠯᠭ᠎ᠠ ᠪᠠᠨ ᠡᠭᠦᠷᠭᠡᠯᠡᠨ ᠴᠢᠷᠮᠠᠶᠢᠨ ᠠᠵᠢᠯᠯᠠᠵᠤ᠂ ᠲᠤᠰ ᠪᠡᠶ᠎ᠡ ᠶᠢᠨ ᠪᠠᠶᠢᠭᠤᠯᠤᠯᠲᠠ ᠳᠤ ᠪᠠᠨ ᠰᠢᠨ᠎ᠡ ᠠᠭᠤᠷ ᠠᠮᠢᠰᠬᠤᠯ ᠢ ᠬᠥᠭᠵᠢᠭᠡᠨ ᠪᠣᠢ ᠪᠣᠯᠭᠠᠭᠰᠠᠨ ᠵᠡᠷᠭᠡ ᠲᠠᠪᠤᠨ ᠲᠠᠯ᠎ᠠ ᠪᠠᠷ 2024 ᠣᠨ ᠤ ᠤᠯᠤᠰ ᠲᠥᠷᠥ ᠶᠢᠨ ᠵᠥᠪᠯᠡᠯᠭᠡᠨ ᠤ ᠠᠷᠤ ᠬᠤᠷᠴᠢᠨ ᠬᠤᠰᠢᠭᠤᠨ ᠤ ᠠᠷᠪᠠᠨ ᠲᠠᠪᠤᠳᠤᠭᠠᠷ ᠬᠤᠭᠤᠴᠠᠭᠠᠨ ᠤ ᠬᠤᠷᠢᠶ᠎ᠠ ᠶᠢᠨ ᠪᠠᠶᠢᠩᠭᠤ ᠶᠢᠨ ᠬᠤᠷᠢᠶ᠎ᠠ ᠶᠢᠨ ᠠᠵᠢᠯ ᠢ ᠡᠷᠭᠢᠴᠡᠭᠦᠯᠦᠨ ᠳ᠋ᠦᠩᠨᠡᠭᠰᠡᠨ ᠪᠠᠶᠢᠨ᠎ᠠ᠃        ᠰᠡᠷᠭᠦᠯᠡᠩ ᠬᠡᠯᠡᠬᠦ ᠳᠤ ᠪᠠᠨ᠂ 2025 ᠣᠨ ᠪᠣᠯ ︽ᠠᠷᠪᠠᠨ ᠳᠥᠷᠪᠡᠳᠦᠭᠡᠷ ᠲᠠᠪᠤᠨ ᠵᠢᠯ︾ ᠤᠨ ᠲᠥᠯᠥᠪᠵᠢᠭᠦᠯᠭᠡ ᠶᠢᠨ ᠰᠡᠭᠦᠯ ᠬᠤᠷᠢᠶᠠᠬᠤ ᠵᠢᠯ ᠪᠠᠶᠢᠵᠤ᠂ ᠮᠥᠨᠴᠦ ᠠᠷᠤ ᠬᠤᠷᠴᠢᠨ  ᠬᠤᠰᠢᠭᠤᠨ ᠤ ᠪᠣᠭᠤᠮᠲᠠ ᠰᠢᠪᠲᠤᠯᠵᠤ ᠲᠦᠷᠭᠡᠨ ᠬᠥᠭᠵᠢᠬᠦ ᠵᠠᠩᠭᠢᠯᠠᠭ᠎ᠠ ᠶᠢᠨ ᠵᠢᠯ ᠪᠣᠯᠤᠨ᠎ᠠ᠃ ᠬᠤᠰᠢᠭᠤᠨ ᠤᠯᠤᠰ ᠲᠥᠷᠥ ᠶᠢᠨ ᠵᠥᠪᠯᠡᠯᠭᠡᠨ ᠤ ᠪᠠᠶᠢᠩᠭᠤ ᠶᠢᠨ ᠬᠤᠷᠢᠶ᠎ᠠ ᠨᠢ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠲᠠᠷᠢᠬᠢ ᠲᠣᠯᠣᠭᠠᠶ ᠪᠠᠨ ᠵᠡᠪᠰᠡᠭᠯᠡᠵᠦ᠂ ᠨᠠᠮ ᠤᠨ ᠬᠤᠷᠢᠳᠤᠭᠠᠷ ᠶᠡᠭᠡ ᠬᠤᠷᠠᠯ ᠪᠣᠯᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ ᠪᠥᠬᠦᠳᠡ ᠬᠤᠷᠠᠯ᠂ ᠭᠤᠷᠪᠠᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠶ ᠰᠤᠷᠤᠯᠴᠠᠨ ᠲᠤᠭᠤᠰᠢᠯᠠᠭᠤᠯᠵᠤ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤᠳᠬᠠᠬᠤ ᠠᠵᠢᠯ ᠤᠨ ᠭᠤᠤᠯ ᠰᠢᠵᠢᠮ ᠢ ᠪᠥᠬᠦ ᠲᠠᠯ᠎ᠠ ᠪᠠᠷ ᠲᠤᠭᠤᠰᠢᠯᠠᠭᠤᠯᠵᠤ᠂ ᠠᠷᠪᠠᠨ ᠲᠠᠪᠤᠳᠤᠭᠠᠷ ᠬᠤᠭᠤᠴᠠᠭᠠᠨ ᠤ ᠬᠤᠰᠢᠭᠤᠨ ᠨᠠᠮ ᠤᠨ ᠬᠤᠷᠢᠶᠠᠨ ᠤ ᠠᠷᠪᠠᠨ ᠵᠢᠷᠭᠤᠳᠤᠭᠠᠷ ᠤᠳᠠᠭ᠎ᠠ ᠶᠢᠨ ᠪᠥᠬᠦᠳᠡ ᠬᠤᠷᠠᠯ ᠤᠨ ᠪᠠᠶᠢᠷᠢᠯᠠᠭᠤᠯᠣᠯᠳᠠ ᠱᠠᠭᠠᠷᠳᠠᠯᠭ᠎ᠠ ᠪᠠ ᠡᠯ᠎ᠡ ᠵᠦᠢᠯ ᠤᠨ ᠬᠠᠷᠠᠯᠲᠠ ᠡᠭᠦᠷᠭᠡ ᠶᠢᠨ ᠲᠣᠭᠤᠷᠢᠨ ᠳᠤ᠂ ᠲᠤᠰᠬᠠᠶ ᠵᠥᠪᠯᠡᠬᠦ ᠪᠠᠶᠢᠭᠤᠯᠤᠮᠵᠢ ᠶᠢᠨ ᠦᠢᠯᠡᠳᠦᠯ ᠢ ᠪᠠᠳᠠᠷᠠᠭᠤᠯᠵᠤ᠂ ᠶᠡᠭᠡ ᠲᠠᠯ᠎ᠠ ᠳᠤ ᠦᠢᠯᠡᠴᠢᠯᠡᠬᠦ ᠴᠢᠳᠠᠪᠤᠷᠢ᠂ ᠰᠡᠳᠬᠢᠯ ᠢᠶᠠᠨ ᠨᠢᠭᠡᠳᠬᠡᠨ ᠬᠦᠴᠦᠨ ᠢᠶᠠᠨ ᠬᠠᠮᠲᠤᠳᠬᠠᠬᠤ ᠳᠡᠰ ᠳᠠᠪᠬᠤᠷᠭ᠎ᠠ᠂ ᠰᠠᠨᠠᠯ ᠳᠤᠷᠠᠳᠤᠯᠭ᠎ᠠ ᠳᠤᠷᠠᠳᠴᠤ ᠵᠠᠰᠠᠭ ᠲᠤ ᠲᠤᠰᠠᠯᠠᠬᠤ ᠲᠦᠪᠰᠢᠨ᠂ ᠡᠭᠦᠷᠭᠡ ᠲᠤᠰᠢᠶᠠᠯ ᠢᠶᠠᠨ ᠭᠦᠢᠴᠡᠣᠡᠭᠡᠬᠦ ᠲᠥᠷᠥᠯ ᠲᠡᠮᠳᠡᠭ ᠤᠨ ᠦᠢᠯᠡᠳᠦᠯ ᠴᠢᠳᠠᠪᠤᠷᠢ ᠶᠢ ᠳᠡᠭᠡᠭᠰᠢᠯᠡᠭᠦᠯᠵᠦ᠂ ᠠᠷᠤ ᠬᠤᠷᠴᠢᠨ ᠬᠤᠰᠢᠭᠤᠨ ᠤ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ ᠳᠤ ᠨᠠᠩ ᠶᠡᠭᠡ ᠰᠢᠨ᠎ᠡ ᠬᠤᠪᠢ ᠨᠡᠮᠡᠷᠢ ᠦᠵᠡᠭᠦᠯᠦᠨ᠎ᠡ᠃ ᠡᠭᠦᠨ ᠳᠤ ᠲᠠᠪᠤᠨ ᠲᠠᠯ᠎ᠠ ᠶᠢᠨ ᠠᠵᠢᠯ ᠢ ᠭᠤᠤᠯᠳᠠᠯᠭ᠎ᠠ ᠲᠠᠢ ᠰᠠᠢᠲᠤᠷ ᠬᠢᠨ᠎ᠡ᠄ ᠨᠢᠭᠡ ᠳᠤ᠂ ᠨᠠᠮ ᠤᠨ ᠤᠳᠤᠷᠢᠳᠤᠯᠭ᠎ᠠ ᠶᠢ ᠴᠢᠩᠭᠠᠳᠬᠠᠵᠤ᠂ ᠤᠯᠤᠰ ᠲᠥᠷᠥ ᠶᠢᠨ ᠴᠢᠭᠯᠡᠯ ᠢ ᠪᠠᠲᠤ ᠡᠵᠡᠮᠳᠡᠬᠦ ᠲᠠᠯ᠎ᠠ ᠪᠠᠷ ᠲᠣᠭᠲᠠᠯ ᠬᠦᠴᠦᠨ ᠢᠶᠠᠨ ᠪᠠᠲᠤᠯᠠᠨ᠎ᠠ︔ ᠬᠤᠶᠠᠷ ᠲᠤ᠂ ᠪᠣᠳᠠᠲᠠᠶ ᠶᠢ ᠡᠷᠬᠢᠮᠯᠡᠨ ᠵᠥᠪᠳᠡᠯᠴᠡᠨ ᠰᠠᠨᠠᠯ ᠳᠤᠷᠠᠳᠤᠯᠭ᠎ᠠ ᠳᠤᠷᠠᠳᠴᠤ᠂ ᠶᠡᠭᠡ ᠲᠠᠯ᠎ᠠ ᠳᠤ ᠦᠢᠯᠡᠴᠢᠯᠡᠬᠦ ᠲᠠᠯ᠎ᠠ ᠪᠠᠷ ᠣᠨᠢᠨ ᠳᠡᠭᠡᠷ᠎ᠡ ᠨᠢ ᠬᠦᠴᠦᠯᠡᠨ᠎ᠡ︔ ᠭᠤᠷᠪᠠ ᠳᠤ᠂ ᠭᠤᠤᠯ ᠭᠤᠭᠴᠤᠭ᠎ᠠ ᠶᠢ ᠡᠵᠡᠮᠳᠡᠵᠦ᠂ ᠬᠠᠮᠲᠤ ᠶᠢᠨ ᠲᠠᠨᠢᠯᠲᠠ ᠶᠢ ᠥᠷᠭᠡᠨ ᠢᠶᠠᠷ ᠨᠢᠭᠲᠠᠷᠠᠭᠤᠯᠬᠤ ᠲᠠᠯ᠎ᠠ ᠪᠠᠷ ᠥᠷᠭᠦᠯᠵᠢᠯᠡᠨ ᠬᠦᠴᠦᠯᠡᠨ᠎ᠡ︔ ᠳᠥᠷᠪᠡ ᠳᠤ᠂ ᠣᠨᠴᠠᠯᠢᠭᠲᠤ ᠲᠥᠷᠥᠯ ᠲᠡᠮᠳᠡᠭ ᠢ ᠭᠡᠷᠡᠯᠲᠦᠭᠦᠯᠦᠨ᠂ ᠡᠭᠦᠷᠭᠡ ᠲᠤᠰᠢᠶᠠᠯ ᠢᠶᠠᠨ ᠭᠦᠢᠴᠡᠣᠡᠭᠡᠬᠦ ᠴᠢᠨᠠᠷ ᠴᠢᠨᠰᠠᠭ᠎ᠠ ᠦᠷ᠎ᠡ ᠠᠰᠢᠭ ᠢ ᠳᠡᠭᠡᠭᠰᠢᠯᠡᠭᠦᠯᠬᠦ ᠲᠠᠯ᠎ᠠ ᠪᠠᠷ ᠠᠮᠢᠵᠢᠷᠠᠯ ᠤᠨ ᠬᠦᠴᠦᠨ ᠢ ᠬᠦᠭᠵᠢᠭᠡᠨ᠎ᠡ︔ ᠲᠠᠪᠤ ᠳᠤ᠂ ᠲᠤᠰ ᠪᠡᠶ᠎ᠡ ᠶᠢᠨ ᠪᠠᠶᠢᠭᠤᠯᠤᠯᠲᠠ ᠪᠠᠨ ᠴᠢᠩᠭᠠᠳᠬᠠᠵᠤ᠂ ᠠᠵᠢᠯ ᠢᠶᠠᠨ ᠪᠠᠲᠤᠳᠬᠠᠭᠰᠠᠨ ᠰᠠᠭᠤᠷᠢᠨ ᠳᠡᠭᠡᠷ᠎ᠡ ᠳᠠᠯᠳᠠ ᠬᠦᠴᠦᠨ ᠢ ᠭᠦᠨᠵᠡᠭᠡᠶ ᠠᠭᠤᠳᠠᠯᠯᠠᠨ ᠪᠠᠳᠠᠷᠠᠭᠤᠯᠤᠨ᠎ᠠ ᠭᠡᠵᠡᠶ᠃
       ᠬᠤᠷᠠᠯ ᠠᠴᠠ ᠭᠤᠷᠪᠠᠳᠤᠭᠠᠷ ᠬᠤᠷᠠᠯᠳᠤᠭᠠᠨ ᠠᠴᠠ ᠨᠠᠭᠠᠰᠢᠬᠢ ᠰᠠᠨᠠᠯ ᠳᠤᠷᠠᠳᠤᠯᠭ᠎ᠠ ᠶᠢᠨ ᠠᠵᠢᠯ ᠤᠨ ᠪᠠᠶᠢᠳᠡᠯ ᠤᠨ ᠲᠤᠬᠠᠶ ᠤᠯᠤᠰ ᠲᠥᠷᠥ ᠶᠢᠨ ᠵᠥᠪᠯᠡᠯᠭᠡᠨ ᠤ ᠠᠷᠤ ᠬᠤᠷᠴᠢᠨ ᠬᠤᠰᠢᠭᠤᠨ ᠤ ᠠᠷᠪᠠᠨ ᠲᠠᠪᠤᠳᠤᠭᠠᠷ ᠬᠤᠭᠤᠴᠠᠭᠠᠨ ᠤ ᠬᠤᠷᠢᠶ᠎ᠠ ᠶᠢᠨ ᠪᠠᠶᠢᠩᠭᠤ ᠶᠢᠨ ᠬᠤᠷᠢᠶᠠᠨ ᠤ ᠮᠡᠳᠡᠭᠦᠯᠦᠯᠲᠡ ᠶᠢ ᠪᠢᠴᠢᠭ ᠤᠨ ᠬᠡᠯᠪᠡᠷᠢ ᠪᠠᠷ ᠬᠢᠨᠠᠨ ᠶᠠᠷᠢᠯᠴᠠᠪᠠ᠃
       ᠶᠡᠭᠡ ᠬᠤᠷᠠᠯ ᠤᠨ ᠶᠠᠷᠢᠶ᠎ᠠ ᠲᠠᠯᠪᠢᠬᠤ ᠭᠤᠭᠴᠤᠭ᠎ᠠ ᠳᠤ᠂ ᠬᠤᠰᠢᠭᠤᠨ ᠤᠯᠤᠰ ᠲᠥᠷᠥ ᠶᠢᠨ ᠵᠥᠪᠯᠡᠯᠭᠡᠨ ᠤ ᠭᠡᠰᠢᠭᠦᠨ ᠵᠣᠤ ᠢᠦᠶ ᠢᠩ᠂ ᠯᠢ ᠸᠧᠨ ᠵᠢᠶᠦ᠋ᠨ᠂ ᠹᠧᠩ ᠵᠢᠶ ᠳ᠋ᠦᠩ᠂ ᠸᠠᠩ ᠹᠧᠢ᠂ ᠴᠧᠨ ᠸᠧᠶ ᠶᠣᠣ᠂ ᠢᠳᠡᠷᠭᠦᠤ᠂ ᠰᠢᠤᠢ ᠫᠧᠩ ᠰᠢᠨ ᠵᠡᠷᠭᠡ 7 ᠬᠥᠮᠦᠨ ᠮᠠᠯᠴᠢᠨ ᠲᠠᠷᠢᠶᠠᠴᠢᠨ ᠤ ᠣᠷᠣᠯᠭ᠎ᠠ ᠶᠢ ᠨᠡᠮᠡᠭᠳᠡᠭᠦᠯᠬᠦ᠂ ᠣᠢ ᠰᠢᠭᠤᠶ ᠵᠢᠮᠢᠰ ᠤᠨ ᠠᠵᠤ ᠦᠢᠯᠡᠰ ᠤᠨ ᠬᠡᠪᠴᠢᠶ᠎ᠡ ᠶᠢ ᠥᠷᠭᠡᠳᠬᠡᠬᠦ᠂ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠢ ᠬᠥᠭᠵᠢᠭᠦᠯᠬᠦ᠂ ᠨᠤᠲᠤᠭ ᠤᠨ ᠪᠣᠯᠬᠢ ᠰᠤᠷᠲᠠᠯ ᠢ ᠲᠡᠪᠴᠢᠨ ᠪᠣᠯᠪᠠᠰᠤᠨ ᠢ ᠡᠷᠬᠢᠮᠯᠡᠬᠦ᠂ ᠰᠤᠷᠭᠠᠨ ᠬᠥᠮᠦᠵᠢᠯ ᠤᠨ ᠦᠢᠯᠡᠰ ᠢ ᠵᠣᠯᠭᠠᠭᠤᠯᠬᠤ᠂ ᠮᠣᠩᠭᠤᠯ ᠡᠮ ᠡᠮᠨᠡᠯᠭᠡ ᠶᠢ ᠤᠯᠠᠮᠵᠢᠯᠠᠬᠤ ᠪᠠ ᠬᠠᠮᠠᠭᠠᠯᠠᠬᠤ᠂ ᠠᠳᠠᠯ ᠠᠬᠤᠶ ᠶᠢᠨ ᠬᠠᠮᠢᠶᠠᠷᠤᠯᠲᠠ ᠵᠡᠷᠭᠡ ᠭᠤᠤᠯ ᠰᠡᠳᠦᠪ ᠤᠨ ᠲᠤᠬᠠᠶ ᠤᠷᠢᠳ ᠬᠤᠵᠢᠳ ᠶᠠᠷᠢᠶ᠎ᠠ ᠲᠠᠯᠪᠢᠪᠠ᠃ ᠬᠤᠰᠢᠭᠤᠨ ᠰᠢᠭᠤᠳ ᠬᠠᠷᠢᠶ᠎ᠠ ᠡᠯ᠎ᠡ ᠬᠡᠯᠲᠡᠰ ᠵᠥᠪᠯᠡᠯ ᠠᠯᠪᠠᠨ ᠭᠡᠷ ᠲᠣᠪᠴᠢᠶ᠎ᠠ᠂ ᠲᠥᠪ ᠣᠷᠣᠨ ᠬᠤᠲᠠ ᠶᠢᠨ ᠰᠢᠭᠤᠳ ᠬᠠᠷᠢᠶ᠎ᠠ ᠨᠢᠭᠡᠴᠡ᠂ ᠤᠯᠤᠰ ᠤᠨ ᠥᠮᠴᠢᠯᠡᠯᠲᠦ ᠭᠤᠤᠯᠳᠠᠯᠭ᠎ᠠ ᠲᠠᠢ ᠠᠵᠤ ᠠᠬᠤᠶᠢᠯᠠᠯ᠂ ᠰᠤᠷᠭᠠᠭᠤᠯᠢ ᠡᠮᠨᠡᠯᠭᠡ ᠶᠢᠨ ᠬᠤᠷᠢᠶ᠎ᠠ᠂ ᠮᠥᠩᠭᠦᠨ  ᠭᠦᠢᠯᠭᠡᠭᠡ ᠳᠠᠭᠠᠳᠬᠠᠯ᠂ ᠰᠢᠤᠳᠠᠨ ᠤ ᠶᠠᠪᠤᠳᠠᠯ ᠴᠢᠮᠡᠭᠡ ᠬᠤᠯᠪᠣᠭ᠎ᠠ ᠵᠢᠴᠢ ᠰᠣᠨᠢᠨ ᠮᠡᠳᠡᠭᠡᠨ ᠤ ᠨᠢᠭᠡᠴᠡ ᠶᠢᠨ ᠬᠠᠷᠢᠭᠤᠴᠠᠯᠭᠠᠲᠠᠨ ᠤᠷᠢᠯᠭ᠎ᠠ ᠪᠠᠷ ᠬᠤᠷᠠᠯ ᠳᠤ ᠰᠤᠯᠠ ᠣᠷᠣᠯᠴᠠᠪᠠ᠃ ︵ᠬᠠᠮ ᠵᠠᠭᠤᠴᠢᠯᠠᠭᠤᠷ ᠤᠨ ᠲᠥᠪ ᠤᠨ ᠪᠦᠬᠦ ᠰᠤᠷᠪᠤᠯᠵᠢᠯᠠᠭᠴᠢ︶
 
ᠢᠷᠡᠯᠲᠡ᠄ ᠠᠷᠣ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号