1 ᠰᠠᠷ᠎ᠠ ᠶᠢᠨ 21 ᠤ ᠡᠳᠦᠷ᠂ ᠠᠷᠤ ᠬᠤᠷᠴᠢᠨ ᠬᠤᠰᠢᠭᠤᠨ ᠤ ᠠᠷᠪᠠᠨ ᠨᠠᠢᠮᠠᠳᠤᠭᠠᠷ ᠬᠤᠭᠤᠴᠠᠭᠠᠨ ᠤ | ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠠᠪᠤᠳᠤᠭᠠᠷ ᠬᠤᠷᠠᠯᠳᠤᠭᠠᠨ ᠤ ᠲᠡᠷᠢᠭᠦᠯᠡᠭᠴᠢᠳ ᠤᠨ ᠪᠦᠯᠬᠦᠮ | ᠬᠤᠶᠠᠳᠤᠭᠠᠷ ᠤᠳᠠᠭ᠎ᠠ ᠶᠢᠨ ᠬᠤᠷᠠᠯ ᠬᠤᠷᠠᠯᠳᠤᠭᠤᠯᠪᠠ᠃ | | | | | ᠲᠡᠷᠢᠭᠦᠯᠡᠭᠴᠢᠳ ᠤᠨ ᠪᠦᠯᠬᠦᠮ ᠤᠨ ᠪᠠᠶᠢᠩᠭᠤ ᠶᠢᠨ ᠲᠡᠷᠢᠭᠦᠯᠡᠭᠴᠢ᠂ ᠭᠦᠢᠴᠡᠳᠬᠡᠭᠴᠢ ᠲᠡᠷᠢᠭᠦᠯᠡᠭᠴᠢ ᠸᠧᠶ ᠪᠢᠯᠢᠭ᠂ | ᠵᠠᠩ ᠬᠤᠩ ᠰᠢᠨ᠂ ᠬᠥᠬᠡᠪᠡᠷᠰ᠂ ᠶᠠᠩ ᠡᠾᠦ᠋ᠢ ᠶᠠᠨ᠂ ᠴᠢᠨ ᠶᠤᠸᠠᠢ ᠭᠦᠸᠧ᠂ ᠵᠠᠩ ᠰᠢᠤᠢ ᠫᠧᠩ ᠵᠢᠴᠢ | ᠲᠡᠷᠢᠭᠦᠯᠡᠭᠴᠢᠳ ᠤᠨ ᠪᠦᠯᠬᠦᠮ ᠤᠨ ᠪᠤᠰᠤᠳ ᠪᠦᠷᠢᠯᠳᠦᠬᠦᠨ ᠨᠡᠶᠢᠲᠡ 36 ᠬᠥᠮᠦᠨ ᠬᠤᠷᠠᠯ ᠳᠤ ᠣᠷᠣᠯᠴᠠᠵᠠᠶ᠃ ᠵᠠᠩ | ᠰᠢᠤᠢ ᠫᠧᠩ ᠬᠤᠷᠠᠯ ᠢ ᠡᠷᠬᠢᠯᠡᠪᠡ᠃ | ᠬᠤᠷᠠᠯ ᠠᠴᠠ ᠰᠠᠨᠠᠯ ᠵᠥᠪᠯᠡᠯᠭᠡ ᠶᠢ ᠬᠢᠨᠠᠨ ᠪᠠᠶᠢᠴᠠᠭᠠᠭᠰᠠᠨ ᠪᠠᠶᠢᠳᠡᠯ ᠤᠨ ᠲᠤᠬᠠᠶ ᠮᠡᠳᠡᠭᠦᠯᠦᠯᠲᠡ ᠶᠢ ᠰᠣᠨᠣᠰᠪᠠ︔ | ᠡᠯ᠎ᠡ ᠵᠦᠢᠯ ᠤᠨ ᠮᠡᠳᠡᠭᠦᠯᠦᠯᠲᠡ᠂ ᠰᠢᠢᠳᠪᠦᠷᠢ ᠶᠢ ᠳᠤᠭᠤᠶᠢᠯᠠᠩ ᠬᠤᠪᠢᠶᠠᠨ ᠬᠢᠨᠠᠨ ᠵᠥᠪᠯᠡᠭᠰᠡᠨ ᠪᠠᠶᠢᠳᠡᠯ ᠤᠨ | ᠮᠡᠳᠡᠭᠦᠯᠦᠯᠲᠡ ᠶᠢ ᠰᠣᠨᠣᠰᠪᠠ︔ ᠬᠤᠰᠢᠭᠤᠨ 2024 ᠣᠨ ᠤ ᠤᠯᠤᠰ ᠠᠷᠠᠳ ᠤᠨ ᠠᠵᠤ ᠠᠬᠤᠶ ᠪᠠ ᠨᠡᠶᠢᠭᠡᠮ ᠤᠨ | ᠬᠥᠭᠵᠢᠭᠦᠯᠦᠯᠲᠡ ᠶᠢᠨ ᠲᠥᠯᠥᠪᠯᠡᠭᠡ ᠶᠢ ᠬᠡᠷᠡᠭᠵᠢᠭᠦᠯᠦᠭᠰᠡᠨ ᠪᠠᠶᠢᠳᠡᠯ ᠵᠢᠴᠢ 2025 ᠣᠨ ᠤ ᠤᠯᠤᠰ ᠠᠷᠠᠳ ᠤᠨ ᠠᠵᠤ | ᠠᠬᠤᠶ ᠪᠠ ᠨᠡᠶᠢᠭᠡᠮ ᠤᠨ ᠬᠥᠭᠵᠢᠭᠦᠯᠦᠯᠲᠡ ᠶᠢᠨ ᠲᠥᠯᠥᠪᠯᠡᠭᠡ ︵ᠲᠥᠰᠦᠯ︶ ᠶᠢᠨ ᠮᠡᠳᠡᠭᠦᠯᠦᠯᠲᠡ᠂ ᠬᠤᠰᠢᠭᠤᠨ 2024 | ᠣᠨ ᠤ ᠡᠳ᠋ ᠤᠨ ᠵᠠᠰᠠᠭ ᠤᠨ ᠲᠥᠰᠦᠪ ᠢ ᠭᠦᠢᠴᠡᠳᠬᠡᠭᠰᠡᠨ ᠪᠠᠶᠢᠳᠡᠯ ᠪᠠ 2025 ᠣᠨ ᠤ ᠡᠳ᠋ ᠤᠨ ᠵᠠᠰᠠᠭ ᠤᠨ ᠲᠥᠰᠦᠪ | ︵ᠲᠥᠰᠦᠯ︶ ᠤᠨ ᠮᠡᠳᠡᠭᠦᠯᠦᠯᠲᠡ ᠶᠢ ᠬᠢᠨᠠᠨ ᠪᠠᠶᠢᠴᠠᠭᠠᠭᠰᠠᠨ ᠪᠠᠶᠢᠳᠡᠯ ᠤᠨ ᠲᠤᠬᠠᠶ ᠮᠡᠳᠡᠭᠦᠯᠦᠯᠲᠡ ᠶᠢ ᠰᠣᠨᠣᠰᠪᠠ︔ | ᠰᠣᠩᠭᠤᠭᠤᠯᠢ ᠶᠢᠨ ᠠᠷᠭ᠎ᠠ ︵ᠲᠥᠰᠦᠯ︶ ᠪᠠ ᠵᠢᠱᠢᠭᠳᠡᠭᠰᠡᠳ ᠢ ᠶᠠᠷᠢᠯᠴᠠᠨ ᠵᠥᠪᠳᠡᠯᠴᠡᠭᠰᠡᠨ ᠪᠠᠶᠢᠳᠡᠯ ᠤᠨ ᠲᠤᠬᠠᠶ | ᠮᠡᠳᠡᠭᠦᠯᠦᠯᠲᠡ ᠶᠢ ᠰᠣᠨᠣᠰᠴᠤ ᠵᠢᠩᠬᠢᠨᠢ ᠵᠢᠱᠢᠭᠳᠡᠭᠰᠡᠳ ᠤᠨ ᠨᠡᠷᠡᠰ ᠢ ᠲᠣᠭᠲᠠᠭᠠᠪᠠ︔ ᠡᠯ᠎ᠡ ᠵᠦᠢᠯ ᠤᠨ ᠰᠢᠢᠳᠪᠦᠷᠢ | ︵ᠲᠥᠰᠦᠯ︶ ᠶᠢ ᠪᠠᠲᠤᠯᠠᠪᠠ︔ ᠪᠠᠲᠤᠯᠠᠭᠰᠠᠨ᠂ ᠦᠨᠡᠯᠡᠨ ᠲᠣᠭᠲᠠᠭᠠᠭᠰᠠᠨ ᠦᠷ᠎ᠡ ᠳ᠋ᠦᠩ ᠤᠨ ᠬᠠᠷᠢᠭᠤ ᠮᠡᠳᠡᠭᠦᠯᠦᠯᠲᠡ ᠶᠢ | ᠰᠣᠨᠣᠰᠪᠠ︔ ᠠᠷᠠᠳ ᠤᠨ ᠠᠮᠢᠳᠤᠷᠠᠯ ᠤᠨ ᠪᠣᠳᠠᠲᠤ ᠶᠠᠪᠤᠳᠠᠯ ᠤᠨ ᠲᠥᠷᠥᠯ ᠵᠦᠢᠯ ᠤᠨ ᠨᠡᠷᠡᠰ ᠢ ᠪᠠᠲᠤᠯᠠᠪᠠ᠃ | ︵ᠰᠠᠶᠢᠬᠠᠠᠬᠤᠸᠠᠷ ᠯᠢᠦ ᠰᠢᠨ ᠲᠢᠩ ᠯᠢ ᠴᠦᠨ ᠢᠦᠢ︶ | | |