ᠰᠢᠨ᠎ᠡ ᠵᠢᠯ ᠴᠠᠭᠠᠨ ᠰᠠᠷ᠎ᠠ ᠬᠦᠷᠴᠦ ᠢᠷᠡᠬᠦ ᠲᠠᠰᠢᠷᠠᠮ ᠢᠶᠠᠷ᠂ ᠬᠤᠰᠢᠭᠤᠨ ᠨᠠᠮ ᠤᠨ ᠬᠤᠷᠢᠶᠠᠨ ᠤ ᠱᠦᠵᠢ | ᠸᠧᠶ ᠪᠢᠯᠢᠭ᠂ ᠬᠤᠰᠢᠭᠤᠨ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤᠨ ᠳᠠᠷᠤᠭ᠎ᠠ ᠴᠧᠨ ᠬᠤ᠋ ᠨᠠᠨ᠂ | ᠬᠤᠰᠢᠭᠤᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠡᠷᠬᠢᠯᠡᠭᠴᠢ ᠵᠠᠩ | ᠬᠤᠩ ᠰᠢᠨ᠂ ᠬᠤᠰᠢᠭᠤᠨ ᠤᠯᠤᠰ ᠲᠥᠷᠥ ᠶᠢᠨ ᠵᠥᠪᠯᠡᠯᠭᠡᠨ ᠤ ᠲᠡᠷᠢᠭᠦᠯᠡᠭᠴᠢ ᠰᠡᠷᠭᠦᠯᠡᠩ ᠵᠡᠷᠭᠡ ᠰᠢᠶᠠᠨ | ᠭᠠᠵᠠᠷ ᠤᠨ ᠳᠡᠰ ᠤᠨ ᠤᠳᠤᠷᠢᠳᠤᠯᠭ᠎ᠠ ᠵᠠᠯᠭᠠᠭ᠎ᠠ ᠪᠠᠷ ᠴᠠᠭᠠᠨ ᠰᠠᠷ᠎ᠠ ᠶᠢᠨ ᠲᠣᠬᠤᠨᠢᠭᠤᠯᠭ᠎ᠠ ᠶᠢᠨ ᠠᠵᠢᠯᠯᠠᠭ᠎ᠠ | ᠥᠷᠨᠢᠭᠦᠯᠵᠦ᠂ ᠠᠬᠠᠮᠠᠳ ᠺᠠᠳ᠋ᠷ᠂ ᠠᠬᠠᠮᠠᠳ ᠨᠠᠮ ᠤᠨ ᠭᠡᠰᠢᠭᠦᠨ᠂ ᠬᠦᠴᠢᠷᠳᠡᠯᠲᠡᠶ ᠨᠠᠮ ᠤᠨ ᠭᠡᠰᠢᠭᠦᠨ᠂ | ᠬᠦᠴᠢᠷᠳᠡᠯᠲᠡᠶ ᠤᠯᠠᠨ ᠲᠦᠮᠡᠨ ᠳᠤ ᠨᠠᠮ ᠪᠠ ᠵᠠᠰᠠᠭ ᠤᠨ ᠣᠷᠳᠣᠨ ᠤ ᠬᠠᠶᠢᠷ᠎ᠠ ᠬᠠᠯᠠᠮᠵᠢ ᠶᠢ ᠬᠦᠷᠭᠡᠬᠦ ᠶᠢᠨ ᠬᠠᠮᠲᠤ | ᠲᠡᠳᠡᠨ ᠳᠤ ᠰᠢᠨ᠎ᠡ ᠵᠢᠯ ᠴᠠᠭᠠᠨ ᠰᠠᠷ᠎ᠠ ᠶᠢᠨ ᠰᠠᠶᠢᠨ ᠰᠠᠶᠢᠬᠠᠨ ᠢᠷᠦᠭᠡᠯ ᠵᠥᠩᠨᠡᠯ ᠳᠡᠪᠰᠢᠭᠦᠯᠪᠡ᠃ | | | | ᠸᠧᠶ ᠪᠢᠯᠢᠭ ᠲᠢᠶᠠᠡᠱᠠᠡᠺᠸᠣ ᠪᠠᠯᠭᠠᠰᠤ ᠶᠢᠨ ᠪᠧᠶ ᠭᠸᠦ ᠲᠣᠰᠬᠤᠨ᠂ ᠶᠡᠭᠡ ᠬᠤᠸᠠᠩ ᠶᠠᠩ ᠸᠠ | ᠲᠣᠰᠬᠤᠨ ᠳᠤ ᠬᠦᠷᠴᠦ᠂ ᠠᠬᠠᠮᠠᠳ ᠨᠠᠮ ᠤᠨ ᠭᠡᠰᠢᠭᠦᠨ ᠸᠠᠩ ᠹᠧᠩ ᠰᠢᠶᠣᠤ᠂ ᠬᠦᠴᠢᠷᠳᠡᠯᠲᠡᠶ ᠨᠠᠮ ᠤᠨ ᠭᠡᠰᠢᠭᠦᠨ | ᠵᠢᠶᠠ ᠬᠦᠶ᠂ ᠬᠦᠴᠢᠷᠳᠡᠯᠲᠡᠶ ᠣᠯᠠᠨ ᠲᠦᠮᠡᠨ ᠯᠢᠦ ᠶᠤᠸᠠᠢ ᠯᠠᠨ ᠲᠠᠢ ᠳᠣᠲᠣᠨᠣ ᠪᠠᠷ ᠶᠠᠷᠢᠯᠴᠠᠵᠤ᠂ ᠣᠷᠣᠯᠭ᠎ᠠ | ᠵᠠᠷᠤᠯᠭ᠎ᠠ᠂ ᠡᠪᠡᠳᠴᠢᠨ ᠦᠵᠡᠭᠦᠯᠵᠦ ᠡᠮᠨᠡᠭᠦᠯᠬᠦ ᠠᠮᠢᠳᠤᠷᠠᠯ ᠤᠨ ᠬᠢᠨᠢ ᠪᠠᠶᠢᠳᠡᠯ ᠤᠨ ᠲᠤᠬᠠᠶ ᠨᠠᠷᠢᠨ ᠤᠶᠢᠯᠠᠭᠠᠵᠤ᠂ | ᠠᠮᠢᠳᠤᠷᠠᠯ ᠳᠤᠮᠳᠠ ᠪᠠᠰᠠ ᠶᠠᠮᠠᠷ ᠶᠠᠮᠠᠷ ᠬᠦᠴᠢᠷᠳᠡᠯ ᠣᠷᠣᠰᠢᠵᠤ ᠪᠠᠶᠢᠬᠤ ᠶᠢ ᠬᠠᠯᠠᠮᠵᠢᠯᠠᠨ ᠠᠰᠠᠭᠤᠬᠤ ᠶᠢᠨ ᠬᠠᠮᠲᠤ | ᠲᠡᠳᠡᠨ ᠢ ᠢᠲᠡᠭᠡᠯ ᠵᠣᠷᠢᠭ ᠢᠶᠠᠨ ᠪᠠᠲᠤᠳᠬᠠᠨ᠂ ᠡᠶᠡᠷᠭᠦ ᠪᠠᠶᠠᠰᠤᠩᠭᠤᠶ ᠰᠡᠳᠬᠢᠯᠭᠡ ᠲᠠᠢ ᠪᠠᠶᠢᠵᠤ᠂ ᠨᠠᠮ ᠪᠣᠯᠤᠨ | ᠵᠠᠰᠠᠭ ᠤᠨ ᠣᠷᠳᠣᠨ ᠤ ᠬᠠᠪᠰᠤᠷᠤᠯᠭ᠎ᠠ ᠳᠤᠤᠷ᠎ᠠ ᠵᠣᠷᠢᠭᠲᠠᠶ ᠲᠡᠮᠡᠴᠡᠨ ᠠᠮᠢᠳᠤᠷᠠᠯ ᠢᠶᠠᠨ ᠥᠭᠡᠳᠡᠯᠡᠭᠦᠯᠦᠨ | ᠰᠠᠶᠢᠵᠢᠷᠠᠭᠤᠯᠬᠤ ᠶᠢ ᠵᠣᠷᠢᠭᠵᠢᠭᠤᠯᠪᠠ᠃ ᠸᠧᠶ ᠪᠢᠯᠢᠭ ᠴᠢᠬᠤᠯᠠᠴᠢᠯᠠᠭᠰᠠᠨ ᠨᠢ ᠰᠢᠨ᠎ᠡ ᠵᠢᠯ ᠴᠠᠭᠠᠨ ᠰᠠᠷ᠎ᠠ ᠤᠳᠠᠯ | ᠦᠭᠡᠢ ᠬᠦᠷᠴᠦ ᠢᠷᠡᠬᠦ ᠪᠣᠯᠤᠨ᠎ᠠ᠂ ᠡᠯ᠎ᠡ ᠱᠠᠳᠣ ᠡᠯ᠎ᠡ ᠰᠠᠯᠠᠭ᠎ᠠ ᠮᠥᠴᠢᠷ ᠤᠨ ᠬᠢᠨ ᠣᠯᠠᠨ ᠲᠦᠮᠡᠨ ᠤ ᠠᠮᠢᠳᠤᠷᠠᠯ ᠢ | ᠠᠩᠬᠠᠷᠤᠨ ᠬᠠᠯᠠᠮᠵᠢᠯᠠᠵᠤ᠂ ᠪᠣᠳᠠᠲᠠᠶ ᠠᠰᠠᠭᠤᠳᠠᠯ ᠢ ᠦᠨᠡᠨ ᠰᠡᠳᠬᠢᠯ ᠠᠴᠠ ᠪᠠᠨ ᠰᠢᠢᠳᠪᠦᠷᠢᠯᠡᠵᠦ᠂ ᠬᠠᠪᠰᠤᠷᠤᠨ | ᠲᠡᠳᠬᠦᠵᠦ ᠠᠪᠤᠷᠠᠨ ᠲᠤᠰᠠᠯᠠᠬᠤ ᠲᠥᠷᠥ ᠶᠢᠨ ᠪᠣᠳᠣᠯᠭ᠎ᠠ ᠶᠢ ᠨᠠᠷᠢᠨ ᠨᠢᠮᠪᠠᠶ ᠨᠠᠶᠢᠳᠠᠪᠤᠷᠢᠵᠢᠭᠤᠯᠵᠤ᠂ ᠠᠷᠠᠳ ᠤᠨ | ᠠᠮᠢᠳᠤᠷᠠᠯ ᠤᠨ ᠦᠨᠳᠦᠰᠦᠨ ᠬᠤᠷᠢᠭ᠎ᠠ ᠱᠤᠭᠤᠮ ᠢ ᠪᠠᠲᠤ ᠰᠠᠬᠢᠵᠤ᠂ ᠪᠠᠶᠠᠷ ᠤᠨ ᠡᠳᠦᠷ ᠤᠨ ᠬᠤᠭᠤᠴᠠᠭᠠᠨ ᠳᠠᠬᠢ | ᠠᠷᠠᠳ ᠤᠨ ᠠᠮᠢᠳᠤᠷᠠᠯ ᠤᠨ ᠪᠠᠲᠤᠯᠠᠭ᠎ᠠ᠂ ᠦᠨ᠎ᠡ ᠬᠠᠩᠰᠢ ᠶᠢ ᠲᠣᠭᠲᠠᠪᠤᠷᠢᠵᠢᠭᠤᠯᠤᠨ ᠬᠠᠩᠭᠠᠯᠭ᠎ᠠ ᠶᠢ ᠪᠠᠲᠤᠯᠠᠬᠤ᠂ | ᠠᠮᠤᠷ ᠲᠦᠪᠰᠢᠨ ᠲᠣᠭᠲᠠᠭᠤᠨ ᠢ ᠪᠠᠲᠤᠯᠠᠬᠤ ᠵᠡᠷᠭᠡ ᠡᠯ᠎ᠡ ᠵᠦᠢᠯ ᠤᠨ ᠠᠵᠢᠯ ᠢ ᠰᠠᠶᠢᠲᠤᠷ ᠬᠢᠵᠦ᠂ ᠣᠯᠠᠨ | ᠲᠦᠮᠡᠨ ᠤ ᠠᠮᠤᠷ ᠠᠮᠤᠭᠤᠯᠠᠩ ᠥᠯᠵᠡᠢ ᠪᠡᠯᠭᠡᠲᠦ ᠪᠠᠶᠠᠷ ᠪᠠᠶᠠᠰᠬᠤᠯᠠᠩᠲᠤ ᠴᠠᠭᠠᠨ ᠰᠠᠷ᠎ᠠ ᠪᠠᠨ ᠥᠩᠭᠡᠷᠡᠭᠦᠯᠬᠦ ᠶᠢ | ᠪᠠᠲᠤᠯᠠᠬᠤ ᠬᠡᠷᠡᠭᠲᠡᠶ ᠭᠡᠵᠡᠶ᠃ | | | | ᠴᠧᠨ ᠬᠤ᠋ ᠨᠠᠨ ᠵᠢᠭᠠᠰᠤᠲᠠᠢ ᠪᠠᠯᠭᠠᠰᠤ ᠶᠢᠨ ᠠᠭᠳᠠᠨᠬᠤᠸᠠ ᠭᠠᠴᠠᠭ᠎ᠠ ᠪᠣᠯᠤᠨ ᠴᠠᠭᠠᠨᠨᠠᠭᠤᠷ ᠭᠠᠴᠠᠭ᠎ᠠ ᠳᠤ | ᠭᠦᠡᠵᠡᠭᠡᠶᠢᠷᠡᠨ ᠶᠠᠳᠠᠭᠤ ᠬᠦᠴᠢᠷᠳᠡᠯᠲᠡᠶ ᠨᠠᠮ ᠤᠨ ᠭᠡᠰᠢᠭᠦᠨ ᠪᠣᠯᠤᠨ ᠣᠯᠠᠨ ᠲᠦᠮᠡᠨ ᠢ ᠲᠣᠬᠤᠨᠢᠭᠤᠯᠵᠤ᠂ | ᠲᠡᠳᠡᠨ ᠳᠤ ᠲᠣᠬᠤᠨᠢᠭᠤᠯᠭ᠎ᠠ ᠶᠢᠨ ᠮᠥᠩᠭᠦ ᠪᠣᠯᠤᠨ ᠲᠣᠬᠤᠨᠢᠭᠤᠯᠭ᠎ᠠ ᠶᠢᠨ ᠪᠣᠳᠠᠰ ᠬᠦᠷᠭᠡᠪᠡ᠃ ᠶᠠᠳᠠᠭᠤ | ᠬᠦᠴᠢᠷᠳᠡᠯᠲᠡᠶ ᠨᠠᠮ ᠤᠨ ᠭᠡᠰᠢᠭᠦᠨ ᠪᠠᠭᠠᠲᠤᠷ ᠤᠨ ᠬᠢᠨ ᠳᠤ᠂ ᠴᠧᠨ ᠬᠤ᠋ ᠨᠠᠨ ᠨᠠᠰᠤᠲᠠᠨ ᠲᠠᠢ ᠵᠣᠭᠤᠭ ᠳᠡᠯᠭᠡᠨ | ᠠᠮᠢᠳᠤᠷᠠᠯ ᠢ ᠨᠢ ᠬᠠᠯᠠᠮᠵᠢᠯᠠᠵᠤ᠂ ᠪᠡᠶ᠎ᠡ ᠮᠠᠬᠠᠪᠣᠳ ᠤᠨ ᠪᠠᠶᠢᠳᠡᠯ᠂ ᠡᠳᠦᠷ ᠲᠣᠲᠤᠮ ᠤᠨ ᠠᠮᠢᠳᠤᠷᠠᠯ ᠤᠨ ᠪᠠᠶᠢᠳᠡᠯ | ᠵᠡᠷᠭᠡ ᠶᠢ ᠨᠢ ᠬᠠᠯᠠᠮᠵᠢᠯᠠᠨ ᠠᠰᠠᠭᠤᠵᠤ᠂ ᠠᠬᠠᠮᠠᠳ ᠨᠠᠮ ᠤᠨ ᠭᠡᠰᠢᠭᠦᠨ ᠦᠨᠳᠦᠰᠦᠨ ᠱᠠᠲᠤᠨ ᠳᠤ ᠦᠨᠳᠦᠰᠦᠯᠡᠵᠦ᠂ | ᠤᠯᠠᠨ ᠲᠦᠮᠡᠨ ᠳᠤ ᠦᠢᠯᠡᠴᠢᠯᠡᠬᠦ ᠨᠢ ᠨᠠᠮ ᠪᠣᠯᠤᠨ ᠤᠯᠤᠰ ᠤᠨ ᠡᠷᠬᠢᠮ ᠨᠠᠨᠳᠢᠨ ᠥᠪ ᠬᠥᠷᠥᠩᠭᠡ ᠮᠥᠨ᠂ | ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠢᠨ ᠨᠠᠮ ᠤᠨ ᠵᠣᠬᠢᠶᠠᠨ ᠪᠠᠶᠢᠭᠤᠯᠤᠯᠲᠠ ᠶᠢᠨ ᠬᠠᠯᠠᠮᠵᠢᠯᠠᠯ ᠢ ᠦᠨᠡᠨᠬᠦ | ᠪᠣᠳᠠᠲᠠᠶ ᠳᠤ ᠨᠠᠶᠢᠳᠠᠪᠤᠷᠢᠵᠢᠭᠤᠯᠵᠤ᠂ ᠠᠬᠠᠮᠠᠳ ᠨᠠᠮ ᠤᠨ ᠭᠡᠰᠢᠭᠦᠨ ᠳᠤ ᠵᠣᠯ ᠵᠢᠷᠭᠠᠯ ᠲᠠᠢ ᠥᠲᠡᠯᠦᠭᠡ ᠨᠠᠰᠤ ᠶᠢ | ᠡᠳ᠋ᠯᠡᠭᠦᠯᠬᠦ ᠬᠡᠷᠡᠭᠲᠡᠶ ᠭᠡᠵᠦ ᠴᠢᠬᠤᠯᠠᠴᠢᠯᠠᠪᠠ᠃ ᠶᠠᠳᠠᠭᠤ ᠬᠦᠴᠢᠷᠳᠡᠯᠲᠡᠶ ᠡᠷᠦᠬᠡ ᠪᠥᠭᠡᠪᠠᠶᠠᠷ ᠤᠨ ᠬᠢᠨ ᠳᠤ᠂ ᠴᠧᠨ | ᠬᠣ᠋ ᠨᠠᠨ ᠭᠡᠷ ᠪᠦᠯᠢ ᠶᠢᠨ ᠣᠷᠣᠯᠭ᠎ᠠ᠂ ᠦᠷ᠎ᠡ ᠬᠡᠦᠬᠡᠳ ᠤᠨ ᠬᠢᠨᠢ ᠠᠵᠢᠯ ᠣᠯᠭᠤᠯᠲᠠ ᠵᠡᠷᠭᠡ ᠪᠠᠶᠢᠳᠡᠯ ᠢ ᠨᠠᠷᠢᠨ | ᠤᠶᠢᠯᠠᠭᠠᠬᠤ ᠶᠢᠨ ᠬᠠᠮᠲᠤ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠢᠨ ᠳᠤ ᠶᠠᠳᠠᠭᠤ ᠬᠦᠴᠢᠷᠳᠡᠯᠲᠡᠶ ᠣᠯᠠᠨ | ᠲᠦᠮᠡᠨ ᠢ ᠴᠠᠭ ᠢᠮᠠᠭᠲᠠ ᠠᠩᠬᠠᠷᠤᠨ ᠬᠠᠯᠠᠮᠵᠢᠯᠠᠵᠤ ᠰᠡᠳᠬᠢᠯ ᠳᠡᠭᠡᠨ ᠪᠣᠳᠣᠵᠤ᠂ ᠬᠠᠪᠰᠤᠷᠤᠨ ᠲᠡᠳᠬᠦᠬᠦ ᠠᠷᠭ᠎ᠠ | ᠬᠡᠮᠵᠢᠶ᠎ᠡ ᠶᠢ ᠶᠡᠷᠣᠩᠬᠡᠶᠢᠯᠡᠨ ᠠᠪᠴᠤ᠂ ᠪᠣᠳᠠᠲᠠᠶ ᠬᠦᠴᠢᠷᠳᠡᠯ ᠢ ᠨᠢ ᠦᠨᠡᠨᠬᠦ ᠰᠢᠢᠳᠪᠦᠷᠢᠯᠡᠨ ᠥᠭᠴᠦ᠂ ᠣᠯᠠᠨ ᠤ | ᠬᠥᠭᠡᠭᠡ ᠡᠪᠦᠯ ᠢ ᠬᠠᠯᠠᠭᠤᠨ ᠳᠤᠯᠠᠭᠠᠨ ᠥᠩᠭᠡᠷᠡᠭᠦᠯᠵᠦ᠂ ᠪᠠᠶᠠᠷ ᠤᠨ ᠡᠳᠦᠷ ᠢ ᠵᠢᠷᠭᠠᠯᠲᠠᠶ ᠰᠠᠶᠢᠬᠠᠨ | ᠥᠩᠭᠡᠷᠡᠭᠦᠯᠬᠦ ᠶᠢ ᠪᠠᠲᠤᠯᠠᠬᠤ ᠬᠡᠷᠡᠭᠲᠡᠶ ᠭᠡᠵᠦ ᠵᠠᠬᠢᠪᠠ᠃ | | | | ᠵᠠᠩ ᠬᠤᠩ ᠰᠢᠨ ᠤᠷᠢᠳ ᠬᠤᠵᠢᠳ ᠱᠤᠤ ᠪᠠᠯᠭᠠᠰᠤ ᠶᠢᠨ ᠬᠥᠭᠡᠭᠡᠷ ᠭᠠᠴᠠᠭ᠎ᠠ᠂ ᠴᠢᠩ ᠾᠧ ᠽᠢ | ᠭᠠᠴᠠᠭ᠎ᠠ ᠶᠢᠨ ᠠᠬᠠᠮᠠᠳ ᠨᠠᠮ ᠤᠨ ᠭᠡᠰᠢᠭᠦᠨ ᠪᠣᠯᠤᠨ ᠶᠠᠳᠠᠭᠤ ᠬᠦᠴᠢᠷᠳᠡᠯᠲᠡᠶ ᠨᠠᠮ ᠤᠨ ᠭᠡᠰᠢᠭᠦᠨ ᠤ ᠭᠡᠷ ᠲᠤ | ᠭᠦᠡᠵᠡᠭᠡᠶᠢᠷᠡᠵᠤ᠂ ᠲᠡᠳᠡᠨ ᠤ ᠪᠡᠶ᠎ᠡ ᠮᠠᠬᠠᠪᠣᠳ ᠤᠨ ᠪᠠᠶᠢᠳᠡᠯ᠂ ᠭᠡᠷ ᠪᠦᠯᠢ ᠶᠢᠨ ᠪᠠᠶᠢᠳᠡᠯ᠂ ᠡᠮ ᠡᠮᠨᠡᠯᠭᠡ ᠶᠢᠨ | ᠪᠠᠲᠤᠯᠠᠭ᠎ᠠ ᠪᠠ ᠪᠣᠳᠠᠲᠠᠶ ᠬᠡᠷᠡᠭᠴᠡᠭᠡ ᠶᠢ ᠨᠠᠷᠢᠨ ᠤᠶᠢᠯᠠᠭᠠᠵᠣ᠂ ᠲᠡᠳᠡᠨ ᠳᠤ ᠪᠡᠶ᠎ᠡ ᠪᠠᠨ ᠰᠠᠶᠢᠳᠣᠷ ᠭᠠᠮᠨᠠᠬᠤ ᠶᠢ | ᠰᠠᠨᠠᠭᠤᠯᠤᠨ᠂ ᠪᠠᠯᠭᠠᠰᠤ ᠲᠣᠰᠬᠤᠨ ᠬᠤᠶᠠᠷ ᠱᠠᠲᠤᠨ ᠤ ᠬᠠᠷᠢᠭᠤᠴᠠᠯᠭᠠᠲᠠᠳ ᠲᠤ ᠣᠯᠠᠨ ᠲᠦᠮᠡᠨ ᠤ | ᠦᠢᠯᠡᠣᠡᠪᠣᠷᠢᠯᠡᠯ ᠠᠮᠢᠳᠤᠷᠠᠯ ᠢ ᠦᠷᠭᠦᠯᠵᠢᠯᠡᠨ ᠬᠠᠯᠠᠮᠵᠢᠯᠡᠵᠤ᠂ ᠡᠯ᠎ᠡ ᠵᠦᠢᠯ ᠤᠨ ᠪᠠᠲᠤᠯᠠᠭ᠎ᠠ ᠶᠢᠨ ᠠᠷᠭ᠎ᠠ | ᠬᠡᠮᠵᠢᠶ᠎ᠡ ᠶᠢ ᠰᠠᠶᠢᠳᠣᠷ ᠨᠠᠶᠢᠳᠠᠪᠤᠷᠢᠵᠢᠭᠤᠯᠤᠨ᠂ ᠬᠠᠷᠢᠭᠤᠴᠠᠯᠭ᠎ᠠ ᠡᠭᠦᠷᠭᠡᠯᠡᠯ ᠢᠶᠠᠨ ᠴᠢᠩᠭᠠᠳᠬᠠᠵᠤ᠂ ᠣᠯᠠᠨ | ᠲᠦᠮᠡᠨ ᠢ ᠬᠠᠯᠠᠮᠵᠢᠯᠠᠬᠤ ᠶᠢ ᠪᠣᠳᠠᠲᠠᠶᠢᠵᠢᠭᠤᠯᠤᠨ ᠨᠠᠶᠢᠳᠠᠪᠤᠷᠢᠵᠢᠭᠤᠯᠵᠤ᠂ ᠣᠯᠠᠨ ᠤ ᠪᠠᠶᠠᠷ ᠤᠨ ᠡᠳᠦᠷ ᠢᠶᠠᠨ ᠪᠠᠶᠠᠷ | ᠵᠢᠷᠭᠠᠯ ᠲᠠᠢ ᠥᠩᠭᠡᠷᠡᠭᠦᠯᠬᠦ ᠳᠤ ᠲᠤᠰᠠᠯᠠᠨ ᠦᠢᠯᠡᠴᠢᠯᠡᠬᠦ ᠬᠡᠷᠡᠭᠲᠡᠶ ᠭᠡᠵᠦ ᠵᠠᠬᠢᠪᠠ᠃ | | | | ᠪᠠᠶ᠋ᠬᠠᠦ᠋ᠡᠳᠣᠷ ᠰᠤᠮᠤ ᠶᠢᠨ ᠢᠳᠠᠭᠤᠲᠤ ᠭᠠᠴᠠᠭ᠎ᠠ ᠶᠢᠨ ᠮᠠᠯᠴᠢᠨ ᠬᠤᠷᠴᠠᠪᠠᠲᠤ᠂ ᠬᠡᠰᠢᠭ ᠤᠨ ᠬᠢ ᠪᠣᠯᠤᠨ | ᠲᠠᠯ᠎ᠠ ᠶᠢᠨ ᠬᠤᠸᠠ ᠭᠠᠴᠠᠭ᠎ᠠ ᠶᠢᠨ ᠮᠠᠯᠴᠢᠨ ᠰᠡᠴᠡᠨᠪᠦ᠋ᠬᠡ ᠪᠣᠯᠤᠨ ᠪᠣᠶ᠋ᠬᠠᠦ᠋ᠯᠵᠢ ᠶᠢᠨ ᠬᠢᠨ ᠳᠤ᠂ ᠰᠡᠷᠭᠦᠯᠡᠩ | ᠲᠡᠳᠡᠨ ᠲᠠᠢ ᠳᠣᠲᠣᠨᠣ ᠪᠠᠷ ᠶᠠᠷᠢᠯᠴᠠᠵᠤ᠂ ᠲᠡᠳᠡᠨ ᠤ ᠦᠢᠯᠡᠣᠡᠪᠣᠷᠢᠯᠡᠯ ᠠᠮᠢᠳᠤᠷᠠᠯ᠂ ᠭᠡᠷ ᠪᠦᠯᠢ ᠶᠢᠨ ᠣᠷᠣᠯᠭ᠎ᠠ | ᠵᠠᠷᠤᠯᠭ᠎ᠠ᠂ ᠦᠷ᠎ᠡ ᠬᠡᠦᠬᠡᠳ ᠤᠨ ᠬᠢᠨᠢ ᠰᠤᠷᠤᠯᠭ᠎ᠠ ᠬᠢᠴᠢᠶᠡᠯ ᠤᠨ ᠪᠠᠶᠢᠳᠡᠯ ᠢ ᠨᠠᠷᠢᠨ ᠤᠶᠢᠯᠠᠭᠠᠵᠤ᠂ ᠬᠤᠯᠪᠣᠭᠳᠠᠯ | ᠪᠦᠬᠦᠢ ᠰᠠᠯᠠᠭ᠎ᠠ ᠮᠥᠴᠢᠷ᠂ ᠰᠤᠮᠤ ᠪᠣᠯᠤᠨ ᠭᠠᠴᠠᠭ᠎ᠠ ᠳᠤ ᠵᠠᠬᠢᠬᠤ ᠳᠤ ᠪᠠᠨ᠂ ᠬᠦᠴᠢᠷᠳᠡᠯᠲᠡᠶ ᠣᠯᠠᠨ ᠲᠦᠮᠡᠨ ᠢ | ᠬᠠᠯᠠᠮᠵᠢᠯᠠᠨ ᠬᠠᠶᠢᠷᠠᠯᠠᠵᠤ᠂ ᠲᠡᠳᠡᠨ ᠤ ᠬᠡᠷᠡᠭᠴᠡᠭᠡ ᠱᠠᠭᠠᠷᠳᠠᠯᠭ᠎ᠠ ᠶᠢ ᠴᠠᠭ ᠲᠤᠬᠠᠶ ᠳᠤᠨᠢ ᠣᠶᠢᠯᠠᠭᠠᠵᠤ ᠠᠷᠠᠳ ᠲᠤ | ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ ᠶᠢ ᠦᠨᠡᠨᠬᠦ ᠪᠣᠳᠠᠲᠠᠶ ᠳᠤ ᠨᠠᠶᠢᠳᠡᠪᠣᠷᠢᠵᠢᠭᠤᠯᠵᠤ᠂ ᠲᠡᠳᠡᠨ ᠳᠤ | ᠢᠯᠡᠭᠦᠬᠡᠨ ᠪᠣᠳᠠᠲᠠᠶ ᠶᠠᠪᠤᠳᠠᠯ ᠬᠢᠵᠦ᠂ ᠬᠦᠴᠢᠷᠳᠡᠯ ᠢ ᠨᠢ ᠰᠢᠢᠳᠪᠦᠷᠢᠯᠡᠨ ᠥᠭᠴᠦ᠂ ᠰᠠᠶᠢᠨ ᠶᠠᠪᠤᠳᠠᠯ ᠬᠢᠵᠦ ᠦᠭᠬᠦ | ᠬᠡᠷᠡᠭᠲᠡᠶ ᠭᠡᠪᠡ᠃ | ᠵᠢᠶᠠ ᡁᠢ ᠬᠤᠩ᠂ ᠭᠦᠸᠧ ᠯᠦ ᠮᠧᠩ᠂ ᠸᠠᠩ ᠶᠤᠸᠠᠨ ᠪᠢᠨ᠂ ᠭᠦᠸᠧ ᠶᠦᠩ ᠮᠢᠩ᠂ ᠸᠧᠢ ᠰᠢᠨ | ᠢᠦᠶ ᠂ ᠸᠠᠩ ᠰᠢᠨ ᠾᠦᠢ᠂ ᠭᠦᠸᠧ ᠹᠧᠩ᠂ ᠬᠠᠨ ᠵᠢᠶᠧ᠂ ᠰᠦᠩ ᠵᠢᠶᠠᠨ ᠹᠧᠩ᠂ ᠸᠠᠩ ᡁᠢ ᠶᠦᠩ᠂ ᠶᠠᠩ | ᠵᠢᠶᠧ ᠵᠡᠷᠭᠡ ᠰᠢᠶᠠᠨ ᠭᠠᠵᠠᠷ ᠤᠨ ᠳᠡᠰ ᠤᠨ ᠤᠳᠤᠷᠢᠳᠤᠯᠭ᠎ᠠ ᠨᠠᠷ ᠴᠤ ᠡᠯ᠎ᠡ ᠭᠠᠵᠠᠷ ᠢᠶᠠᠷ ᠭᠦᠡᠵᠡᠭᠡᠶᠢᠷᠡᠨ ᠴᠠᠭᠠᠨ | ᠰᠠᠷ᠎ᠠ ᠶᠢᠨ ᠲᠣᠬᠤᠨᠢᠭᠤᠯᠭ᠎ᠠ ᠶᠢᠨ ᠠᠵᠢᠯᠯᠠᠭ᠎ᠠ ᠥᠷᠨᠢᠭᠦᠯᠪᠡ᠃ ︵ᠯᠢ ᠬᠤᠸᠠᠨ ᠢᠦᠢ ᠰᠠᠶᠢᠬᠠᠡᠬᠤᠸᠠᠷ︶ |