1 ᠰᠠᠷ᠎ᠠ ᠶᠢᠨ 5 ᠤ ᠡᠳᠤᠷ᠂ ᠠᠷᠤ ᠬᠤᠷᠴᠢᠨ ᠬᠤᠰᠢᠭᠤᠨ ᠤ ᠠᠬᠠᠮᠠᠳ ᠰᠣᠶᠣᠯ ᠤᠨ ᠵᠢᠳᠭᠦᠯᠲᠡᠨ | ᠰᠧᠷᠠᠩᠸᠡᠩᠵᠢᠯ ᠨᠠᠰᠤᠳᠠᠨ ᠤ 80 ᠨᠠᠰᠤᠨ ᠤ ᠪᠠᠶᠠᠷ ᠢ ᠪᠡᠯᠭᠡᠯᠡᠬᠦ ᠵᠢᠴᠢ ᠲᠡᠭᠦᠨ ᠤ ᠵᠣᠬᠢᠶᠠᠯ ᠪᠦᠲᠦᠭᠡᠯ ᠢ ᠶᠠᠷᠢᠯᠴᠠᠬᠤ | ᠰᠠᠭᠤᠳᠠᠯ ᠤᠨ ᠬᠤᠷᠠᠯ ᠬᠤᠰᠢᠭᠤᠨ ᠲᠥᠪ ᠴᠢᠪᠠᠭ᠎ᠠ ᠪᠠᠯᠭᠠᠰᠤᠨ᠎ᠠ ᠶᠠᠪᠤᠭᠳᠠᠪᠠ᠃ | | | | | | ᠰᠠᠭᠤᠳᠠᠯ ᠤᠨ ᠬᠤᠷᠠᠯ ᠢ ᠠᠷᠤ ᠬᠤᠷᠴᠢᠨ ᠬᠤᠰᠢᠭᠤᠨ ᠤ ᠮᠤᠩᠭᠤᠯ ᠲᠠᠤᠬᠡ ᠶᠢᠨ ᠨᠡᠶᠢᠭᠡᠮᠯᠢᠭ ᠭᠤᠣᠯᠯᠠᠨ | ᠡᠷᠬᠢᠯᠡᠵᠦ᠂ ᠠᠷᠤ ᠬᠤᠷᠴᠢᠨ ᠬᠤᠰᠢᠭᠤᠨ ᠤ ᠰᠤᠷᠭᠠᠨ ᠬᠥᠮᠤᠵᠢᠯ ᠤᠨ ᠲᠣᠪᠴᠢᠶ᠎ᠠ ᠬᠠᠮᠵᠢᠨ ᠵᠣᠬᠢᠶᠠᠨ ᠪᠠᠶᠢᠭᠤᠯᠵᠤ᠂ | ᠬᠤᠰᠢᠭᠤ ᠰᠤᠮᠤ ᠪᠠᠯᠭᠠᠰᠤ ᠶᠢᠨ ᠤᠳᠤᠷᠢᠳᠤᠯᠭ᠎ᠠ ᠵᠢᠴᠢ ᠬᠦᠷᠰᠢ ᠠᠶᠢᠮᠠᠭ ᠬᠤᠳᠠ ᠶᠢᠨ ᠮᠤᠩᠭᠤᠯ ᠲᠠᠤᠬᠡ ᠶᠢᠨ | ᠨᠡᠶᠢᠭᠡᠮᠯᠢᠭ ᠤᠨ ᠬᠢᠨ ᠪᠣᠯᠣᠨ ᠠᠷᠤ ᠬᠤᠷᠴᠢᠨ ᠬᠤᠰᠢᠭᠤᠨ ᠤ ᠰᠣᠶᠣᠯ ᠲᠠᠤᠬᠡ᠂ ᠰᠤᠷᠭᠠᠨ ᠬᠦᠮᠣᠵᠢᠯ ᠤᠨ | ᠹᠷᠤᠨᠲ ᠤᠨ ᠬᠢᠨ᠂ ᠨᠣᠮ ᠤᠨ ᠬᠠᠨᠢᠲᠠᠳ ᠢ ᠬᠠᠮᠤᠷᠤᠭᠰᠠᠨ ᠨᠡᠶᠢᠳᠠ ᠵᠢᠷᠡ ᠰᠢᠬᠠᠮ ᠬᠦᠮᠤᠰ ᠣᠷᠤᠯᠴᠠᠭᠰᠠᠨ | ᠪᠠᠶᠢᠨ᠎ᠠ᠃ | | | | | | ᠬᠤᠷᠠᠯ ᠳᠤ᠂ ᠰᠧᠷᠠᠩᠸᠠᠩᠵᠢᠯ ᠠᠬᠠᠮᠠᠳ ᠤᠨ ᠠᠷᠤ ᠬᠤᠷᠴᠢᠨ ᠬᠤᠰᠢᠭᠤᠨ ᠤ ᠰᠤᠷᠭᠠᠨ ᠬᠦᠮᠤᠵᠢᠯ ᠤᠨ | ᠦᠢᠯᠡᠰ ᠲᠤ ᠦᠵᠡᠭᠦᠯᠦᠭᠰᠡᠨ ᠭᠠᠪᠢᠶ᠎ᠠ ᠵᠢᠳᠭᠦᠯ ᠬᠢᠭᠡᠳ ᠰᠤᠮᠤ ᠪᠠᠯᠭᠠᠰᠤ ᠶᠢᠨ ᠣᠶᠢᠯᠠᠯᠭ᠎ᠠ ᠨᠤᠭᠤᠳ ᠢ ᠪᠢᠴᠢᠭᠰᠡᠨ | ᠲᠤᠬᠠᠢ ᠵᠢᠴᠢ ᠣᠪᠤᠭ ᠠᠶᠢᠮᠠᠭ ᠤᠨ ᠰᠤᠳᠤᠯᠭᠠᠨ ᠳᠤ ᠦᠵᠡᠭᠦᠯᠦᠭᠰᠡᠨ ᠨᠦᠯᠥᠭᠡ ᠲᠤᠰᠬᠠᠯ ᠵᠡᠷᠭᠡ ᠲᠠᠯ᠎ᠠ ᠠᠴᠠ | ᠲᠡᠭᠦᠨ ᠤ ᠵᠣᠬᠢᠶᠠᠯ ᠪᠦᠲᠦᠭᠡᠯ ᠤᠨ ᠲᠣᠭᠤᠷᠢᠨ ᠳᠤ ᠶᠠᠷᠢᠯᠴᠠᠭ᠎ᠠ ᠦᠷᠨᠢᠭᠦᠯᠦᠨ᠂ ᠲᠡᠭᠦᠨ ᠤ ᠠᠷᠤ ᠬᠤᠷᠴᠢᠨ | ᠬᠤᠰᠢᠭᠤᠨ ᠤ ᠰᠤᠷᠭᠠᠨ ᠬᠦᠮᠥᠵᠢᠯ ᠪᠣᠯᠣᠨ ᠰᠣᠶᠣᠯ ᠲᠡᠤᠬᠡ ᠶᠢᠨ ᠦᠢᠯᠡᠰ ᠲᠤ ᠦᠵᠡᠭᠦᠯᠦᠭᠰᠡᠨ ᠬᠤᠪᠢ | ᠨᠡᠮᠡᠭᠦᠷᠢ ᠶᠢᠨ ᠬᠢᠨᠢ ᠲᠤᠬᠠᠢ ᠪᠣᠳᠤᠯ ᠰᠠᠨᠠᠯ ᠢᠶᠠᠨ ᠬᠤᠪᠢᠶᠠᠯᠴᠠᠵᠤ ᠬᠦᠨᠳᠤᠳᠭᠡᠯ ᠲᠡᠪᠰᠢᠭᠦᠯᠦᠭᠰᠠᠨ ᠪᠠᠶᠢᠨ᠎ᠠ᠃ ︵ | ᠨᠠᠳᠮᠢᠳᠰᠡᠷᠡᠩ︶ | | | | | | | | | | | | | | | | | | | |