ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ | ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠣᠯᠭᠠᠵᠤ᠂ ᠨᠠᠮ ᠤᠨ ᠬᠤᠷᠢᠳᠤᠭᠠᠷ ᠶᠡᠭᠡ ᠬᠤᠷᠠᠯ ᠪᠣᠯᠤᠨ | ᠬᠤᠷᠢᠳᠤᠭᠠᠷ ᠬᠤᠭᠤᠴᠠᠭᠠᠨ ᠤ ᠬᠤᠶᠠᠳᠤᠭᠠᠷ᠂ ᠭᠤᠷᠪᠠᠳᠤᠭᠠᠷ ᠪᠥᠬᠦᠳᠡ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠶ | ᠲᠤᠭᠤᠰᠢᠯᠠᠭᠤᠯᠤᠨ ᠨᠠᠶᠢᠳᠡᠪᠣᠷᠢᠵᠢᠭᠤᠯᠵᠤ᠂ ᠪᠡᠭᠡᠵᠢᠩ ᠤᠨ ᠡᠪᠦᠯ ᠤᠨ ᠤᠯᠠᠷᠢᠯ ᠤᠨ ᠣᠯᠢᠮᠫᠢᠺ ᠤᠨ ᠲᠠᠮᠢᠷ ᠤᠨ | ᠴᠤᠭᠯᠠᠭᠠᠨ ᠤ ᠵᠣᠷᠢᠭ ᠰᠠᠨᠠᠭ᠎ᠠ ᠶᠢ ᠪᠠᠳᠠᠷᠠᠭᠤᠯᠵᠤ᠂ ᠣᠳᠣ ᠦᠶ᠎ᠡ ᠶᠢᠨ ᠮᠥᠰᠥ ᠴᠠᠰᠤᠨ ᠤ ᠦᠢᠯᠡᠰ ᠤᠨ | ᠰᠢᠰᠲ᠋ᠧᠮ ᠢ ᠲᠦᠷᠭᠡᠨ ᠪᠠᠶᠢᠭᠤᠯᠵᠤ᠂ ᠠᠷᠠᠳ ᠣᠯᠠᠨ ᠪᠣᠯᠤᠨ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠰᠣᠶᠣᠯ | ᠵᠢᠭᠤᠯᠴᠢᠯᠠᠯ ᠪᠡᠶ᠎ᠡ ᠶᠢᠨ ᠲᠠᠮᠢᠷ ᠤᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠬᠤ ᠪᠠᠷ ᠬᠦᠴᠦᠯᠡᠬᠦ ᠴᠡᠭ ᠪᠣᠯᠭᠠᠵᠤ᠂ | ᠮᠠᠨ ᠤ ᠬᠤᠰᠢᠭᠤᠨ ᠤ ᠡᠪᠦᠯ ᠤᠨ ᠤᠯᠠᠷᠢᠯ ᠤᠨ ᠵᠢᠭᠤᠯᠴᠢᠯᠠᠯ ᠤᠨ ᠬᠥᠭᠵᠢᠯᠲᠡ ᠶᠢ ᠠᠬᠢᠭᠤᠯᠤᠨ᠂ ᠠᠷᠤ ᠬᠤᠷᠴᠢᠨ | ᠬᠤᠰᠢᠭᠤᠨ ᠤ ᠨᠡᠷ᠎ᠡ ᠠᠯᠳᠠᠷᠰᠢᠯ ᠪᠣᠯᠤᠨ ᠨᠥᠯᠥᠭᠡᠯᠡᠬᠦ ᠬᠦᠴᠦᠨ ᠢ ᠳᠡᠭᠡᠭᠰᠢᠯᠡᠭᠦᠯᠬᠦ ᠵᠣᠷᠢᠯᠭ᠎ᠠ ᠪᠦᠬᠦᠢ ︽ | ᠠᠶᠠᠯᠭᠤᠲᠤ ᠵᠢᠭᠤᠯᠴᠢᠯᠠᠯ ᠥᠪᠥᠷ ᠮᠣᠩᠭᠤᠯ · ᠮᠥᠩᠭᠦᠨ ᠡᠪᠦᠯ ᠤᠨ ᠠᠷᠤ ᠬᠤᠷᠴᠢᠨ︾ ᠭᠤᠤᠯ ᠰᠡᠳᠦᠪᠲᠦ | ᠡᠪᠦᠯ ᠤᠨ ᠤᠯᠠᠷᠢᠯ ᠤᠨ ᠰᠢᠷᠢᠰ ᠠᠵᠢᠯᠯᠠᠭᠠᠨ ᠤ ᠨᠢᠭᠡ ᠪᠣᠯᠬᠤ ︽ᠬᠥᠬᠡ ᠯᠤᠤ ᠵᠢᠯ ᠤᠨ ᠮᠥᠩᠭᠦᠨ ᠡᠪᠦᠯ ᠤᠨ | ᠨᠠᠶᠢᠷ︾ 1 ᠰᠠᠷ᠎ᠠ ᠶᠢᠨ 8 ᠤ ᠡᠳᠦᠷ᠂ ᠠᠷᠤ ᠬᠤᠷᠴᠢᠨ ᠬᠤᠰᠢᠭᠤᠨ ᠤ ᠪᠠᠯᠴᠢᠷᠤᠳ ᠰᠤᠮᠤ ᠶᠢᠨ ᠪᠤᠯᠠᠭ | ᠨᠠᠭᠤᠷ ᠤᠨ ᠵᠡᠭᠦᠨ ᠳᠠᠨᠵᠢᠨ ᠳᠤ ᠨᠢᠵᠢᠭᠡᠷ ᠰᠠᠶᠢᠬᠠᠨ ᠶᠠᠪᠤᠭᠳᠠᠪᠠ᠃ | | | | ᠲᠤᠰ ᠨᠠᠶᠢᠷ ᠨᠢ᠂ 64 ᠬᠦᠴᠦᠲᠦ ᠪᠥᠬᠡ ᠶᠢᠨ ᠪᠠᠷᠢᠯᠳᠤᠭᠠᠨ᠂ ᠤᠯᠠᠮᠵᠢᠯᠠᠯᠲᠤ ᠡᠪᠡᠷ ᠨᠤᠮᠤ ᠶᠢᠨ ᠰᠤᠷ | ᠬᠠᠷᠪᠤᠯᠲᠠ ᠶᠢᠨ ᠤᠷᠤᠯᠳᠤᠭᠠᠨ᠂ ︵ᠠᠷᠪᠠᠨ ᠬᠤᠶᠠᠳᠤᠭᠠᠷ ᠬᠤᠭᠤᠴᠠᠭᠠᠨ ᠤ︶ ᠠᠷᠭᠠᠶ ᠨᠠᠭᠠᠳᠤᠮ᠂ ᠠᠮᠲᠠᠲᠤ | ᠢᠳᠡᠭᠡᠨ ᠤᠮᠳᠠᠭᠠᠨ ᠤ ᠰᠣᠶᠣᠯ ᠤᠨ ᠦᠵᠡᠭᠦᠯᠭᠡ ᠵᠡᠷᠭᠡ ᠳᠥᠷᠪᠡᠨ ᠶᠡᠭᠡ ᠠᠭᠤᠯᠭ᠎ᠠ ᠪᠠᠷ ᠶᠠᠪᠤᠭᠳᠠᠬᠤ ᠶᠢᠨ ᠬᠠᠮᠲᠤ᠂ | ᠮᠥᠰᠥᠨ ᠲᠡᠷᠭᠡᠨ ᠤ ᠤᠷᠤᠯᠳᠤᠭᠠᠨ ᠪᠣᠯᠤᠨ ᠬᠤᠷᠳᠤᠨ ᠮᠣᠷᠢᠨ ᠳᠡᠭᠡᠷ᠎ᠡ ᠠᠴᠠ ᠪᠢᠯᠠᠭᠤ ᠴᠣᠬᠢᠬᠤ ᠤᠷᠤᠯᠳᠤᠭᠠᠨ | ᠵᠢᠴᠢ ᠮᠥᠰᠥᠨ ᠳᠡᠭᠡᠷᠡᠬᠢ ᠡᠭᠡᠷᠡᠭᠦᠯ ᠤᠨ ᠦᠵᠡᠭᠦᠯᠭᠡ ᠵᠡᠷᠭᠡ ᠪᠠᠶᠠᠯᠢᠭ ᠠᠭᠤᠯᠭ᠎ᠠ ᠶᠢ ᠪᠠᠭᠲᠠᠭᠠᠨ᠂ ᠬᠦᠷᠦᠯᠴᠡᠨ | ᠢᠷᠡᠭᠰᠡᠨ ᠨᠠᠭᠠᠳᠤᠮᠴᠢᠳ ᠬᠢᠭᠡᠳ ᠵᠢᠭᠤᠯᠴᠢᠯᠠᠭᠰᠠᠳ ᠲᠤ ᠬᠥᠭᠡᠭᠡ ᠡᠪᠦᠯ ᠤᠨ ᠬᠦᠢᠲᠡᠨ ᠤ ᠡᠷᠴᠢ ᠶᠢ | ᠮᠠᠷᠲᠠᠭᠤᠯᠤᠮᠠ ᠰᠠᠶᠢᠬᠠᠨ ᠠᠵᠢᠯᠯᠠᠭᠠᠨ ᠪᠣᠯᠤᠭᠰᠠᠨ ᠪᠠᠶᠢᠨ᠎ᠠ᠃ | ᠠᠵᠢᠯᠯᠠᠭᠠᠨ ᠤ ᠡᠬᠢᠨ ᠳᠤ᠂ 2024 ᠣᠨ ᠤ ᠪᠥᠬᠡ ᠶᠢᠨ ᠰᠢᠯᠢᠳᠡᠭ ᠳᠠᠰᠬᠠᠯᠵᠢᠭᠤᠯᠤᠭᠴᠢ ᠲᠠᠯᠠᠨᠲᠠᠢ᠂ | ᠪᠦᠷᠢᠨᠪᠠᠶᠠᠷ ᠢ ᠤᠷᠮᠠᠰᠢᠭᠤᠯᠤᠨ ᠱᠠᠩᠨᠠᠭᠰᠠᠨ ᠪᠠ ᠪᠠᠶᠠᠨᠨᠠᠮᠤᠷ ︵ᠪᠠᠯᠴᠢᠷᠤᠳ ᠰᠤᠮᠤ︶᠂ ᠪᠣᠯᠣᠷ ︵ ᠰᠠᠶᠢᠬᠠᠡᠳᠠᠯᠠ | ᠰᠤᠮᠤ︶᠂ ᠰᠠᠴᠤᠷᠠᠯᠳᠤ ︵ᠪᠠᠶ᠋ᠬᠠᠦ᠋ᠡᠳᠣᠷ ᠰᠤᠮᠤ︶ ᠵᠡᠷᠭᠡ ᠭᠤᠷᠪᠠᠨ ᠵᠠᠯᠠᠭᠤ ᠪᠥᠬᠡ ᠪᠠᠨ ᠵᠠᠩᠭᠢᠶᠠᠯᠠᠵᠠᠶ᠃ | | | | ᠬᠤᠰᠢᠭᠤᠨ ᠨᠠᠮ ᠤᠨ ᠬᠤᠷᠢᠶᠠᠨ ᠤ ᠪᠠᠶᠢᠡᠭᠭᠤ ᠶᠢᠨ ᠭᠡᠰᠢᠭᠦᠨ᠂ ᠬᠤᠰᠢᠭᠤᠨ ᠵᠠᠰᠠᠭ ᠤᠨ ᠣᠷᠳᠣᠨ ᠤ | ᠳᠡᠳ᠋ ᠳᠠᠷᠤᠭ᠎ᠠ ᠸᠠᠩ ᠶᠤᠸᠠᠨ ᠪᠢᠨ ︽ᠠᠶᠠᠯᠭᠤᠲᠤ ᠵᠢᠭᠤᠯᠴᠢᠯᠠᠯ ᠥᠪᠥᠷ ᠮᠣᠩᠭᠤᠯ ᠮᠥᠩᠭᠦᠨ ᠡᠪᠦᠯ ᠤᠨ ᠠᠷᠤ | ᠬᠤᠷᠴᠢᠨ︾ ᠡᠪᠦᠯ ᠤᠨ ᠤᠯᠠᠷᠢᠯ ᠤᠨ ᠮᠥᠰᠥ ᠴᠠᠰᠤᠨ ᠤ ᠰᠢᠷᠢᠰ ᠠᠵᠢᠯᠯᠠᠭᠠᠨ ᠵᠢᠩᠬᠢᠨᠢ ᠪᠠᠷ ᠡᠬᠢᠯᠡᠭᠰᠡᠨ ᠢ | ᠵᠠᠷᠯᠠᠪᠠ᠃ | | | | ᠬᠦᠴᠦᠲᠦ 64 ᠪᠥᠬᠡ ᠶᠢᠨ ᠪᠠᠷᠢᠯᠳᠤᠭᠠᠨ ᠳᠤ ᠪᠠᠶᠠᠰᠬᠤᠯᠠᠩ ᠲᠡᠷᠢᠭᠦᠯᠡᠵᠦ ᠤᠯᠠᠮᠵᠢᠯᠠᠯᠲᠤ ᠡᠪᠡᠷ | ᠨᠤᠮᠤ ᠶᠢᠨ ᠰᠤᠷ ᠬᠠᠷᠪᠤᠯᠲᠠ ᠶᠢᠨ ᠤᠷᠤᠯᠳᠤᠭᠠᠨ ᠳᠤ ᠪᠠᠲᠤᠵᠢᠷᠭᠠᠯ ᠲᠡᠷᠢᠭᠦᠯᠡᠵᠦ᠂ ᠠᠷᠭᠠᠶ ᠨᠠᠭᠠᠳᠤᠮ ᠤᠨ | ᠠᠬᠠᠮᠠᠳ ᠤᠨ ᠳᠤᠭᠤᠶᠢᠯᠠᠩ ᠳᠤ ᠲᠣᠪᠳᠣᠡᠨᠢᠮᠡ ᠲᠡᠷᠢᠭᠦᠯᠡᠨ᠂ ᠵᠠᠯᠠᠭᠤᠴᠤᠳ ᠤᠨ ᠳᠤᠭᠤᠶᠢᠯᠠᠩ ᠳᠤ ᠬᠦᠰᠡᠯᠲᠦ | ᠲᠡᠷᠢᠭᠦᠯᠡᠪᠡ᠃ ᠭᠠᠭᠴᠠ ᠬᠥᠮᠦᠨ ᠤ 100 ᠮᠧᠲᠷ ᠤᠨ ᠮᠥᠰᠥᠨ ᠲᠡᠷᠭᠡᠨ ᠤ ᠤᠷᠤᠯᠳᠤᠭᠠᠨ ᠳᠤ ᠳᠣᠪᠳᠤᠨᠨᠢᠮᠠ | ᠲᠡᠷᠢᠭᠦᠯᠡᠵᠦ ᠬᠤᠷᠳᠤᠨ ᠮᠣᠷᠢᠨ ᠠᠴᠠ ᠪᠢᠯᠠᠭᠤ ᠰᠢᠳᠡᠬᠦ ᠤᠷᠤᠯᠳᠤᠭᠠᠨ ᠳᠤ ᠮᠣᠩᠭᠤᠯᠪᠠᠲᠠᠷᠠ ᠲᠡᠷᠢᠭᠦᠯᠡᠭᠰᠡᠨ | ᠪᠠᠶᠢᠨ᠎ᠠ᠃ | | | | | | ᠲᠤᠰ ᠤᠳᠠᠭᠠᠨ ᠤ ᠠᠵᠢᠯᠯᠠᠭᠠᠨ ᠳᠤ᠂ ᠬᠤᠰᠢᠭᠤᠨ ᠤᠳᠤᠷᠢᠳᠤᠯᠭ᠎ᠠ ᠸᠠᠩ ᠶᠤᠸᠠᠨ ᠪᠢᠨ᠂ ᠭᠦᠸᠧ ᠶᠦᠩ | ᠮᠢᠩ᠂ ᠬᠥᠬᠡᠪᠠᠷᠰ᠂ ᠴᠧᠨ ᠢᠦᠶ ᠮᠢᠩ ᠨᠡᠷ ᠣᠷᠣᠯᠴᠠᠭᠰᠠᠨ ᠪᠥᠭᠡᠳ ᠱᠠᠩᠨᠠᠯ ᠬᠦᠷᠲᠡᠭᠰᠡᠳ ᠲᠤ ᠱᠠᠩᠨᠠᠯ | ᠭᠠᠷᠳᠠᠭᠤᠯᠵᠠᠶ᠃ | | | | | | ᠠᠵᠢᠯᠯᠠᠭᠠᠨ ᠤ ᠠᠬᠤᠶ ᠲᠠᠯᠠᠪᠠᠢ ᠳᠤ ᠪᠠᠰᠠ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ | ᠴᠣᠭᠴᠠ ᠶᠢᠨ ᠤᠬᠠᠮᠰᠠᠷ ᠢ ᠪᠠᠲᠤᠳᠬᠠᠬᠤ ᠪᠠᠷ ᠭᠤᠤᠯ ᠰᠢᠵᠢᠮ ᠪᠣᠯᠭᠠᠭᠰᠠᠨ᠂ ᠠᠷᠤ ᠬᠤᠷᠴᠢᠨ ᠤ ᠡᠪᠦᠯ ᠤᠨ | ᠤᠯᠠᠷᠢᠯ ᠤᠨ ᠢᠳᠡᠭᠡᠨ ᠤᠮᠳᠠᠭᠠᠨ ᠤ ᠰᠣᠶᠣᠯ ᠢ ᠳᠡᠯᠭᠡᠨ ᠦᠵᠡᠭᠦᠯᠵᠦ ᠬᠠᠯᠠᠭᠤᠨ ᠲᠣᠭᠤᠭ᠎ᠠ᠂ ᠴᠠᠭᠠᠨ ᠢᠳᠡᠭᠡᠨ᠂ | ᠲᠠᠷᠢᠶᠠᠯᠠᠬᠤ ᠣᠷᠣᠨ ᠤ ᠭᠠᠭ᠋ᠠᠶ ᠶᠢᠨ ᠮᠢᠬ᠎ᠠ ᠲᠠᠢ ᠵᠠᠭᠤᠰᠢ᠂ ᠨᠠᠩᠭᠢ ᠪᠤᠤᠪᠤ ᠵᠡᠷᠭᠡ ᠠᠮᠲᠠᠲᠤ ᠢᠳᠡᠭᠡᠨ ᠤ | ᠦᠵᠡᠭᠦᠯᠭᠡ ᠶᠢᠨ ᠲᠣᠭᠤᠷᠢᠭ ᠪᠣᠯᠤᠨ ᠠᠮᠲᠠᠯᠠᠬᠤ ᠲᠣᠭᠤᠷᠢᠭ ᠭᠠᠷᠭᠠᠵᠤ᠂ ᠠᠮᠲᠠᠲᠤ ᠢᠳᠡᠭᠡᠨ ᠢ ᠪᠣᠯᠪᠠᠰᠤᠷᠠᠭᠤᠯᠤᠨ | ᠡᠳ᠋ᠰᠢᠭᠦᠯᠬᠦ ᠶᠠᠪᠤᠴᠠ ᠣᠨᠴᠠᠯᠢᠭ ᠢ ᠳᠡᠯᠭᠡᠨ ᠦᠵᠡᠭᠦᠯᠬᠦ ᠶᠢᠨ ᠬᠠᠮᠲᠤ ᠪᠡᠶᠡᠴᠢᠯᠡᠨ ᠣᠶᠢᠯᠠᠭᠠᠬᠤ ᠦᠢᠯᠡᠴᠢᠯᠡᠭᠡ | ᠬᠠᠩᠭᠠᠵᠤ᠂ ᠨᠠᠭᠠᠳᠤᠮᠴᠢᠨ ᠣᠯᠠᠨ ᠳᠤ ᠮᠠᠯᠵᠢᠬᠤ ᠲᠠᠷᠢᠶᠠᠯᠠᠬᠤ ᠣᠷᠣᠨ ᠤ ᠠᠮᠲᠠᠲᠤ ᠢᠳᠡᠭᠡᠨ ᠤ ᠷᠢᠳᠢ ᠰᠢᠳᠢ | ᠪᠣᠯᠤᠨ ᠭᠠᠶᠢᠬᠠᠮᠰᠢᠭ ᠢ ᠣᠶᠢᠯᠠᠭᠠᠭᠤᠯᠣᠡᠡᠰᠡᠨ ᠪᠠᠶᠢᠨ᠎ᠠ᠃ | | | | | | ᠳᠠᠭᠠᠯᠳᠤᠭᠤᠯᠤᠯ᠄ | ᠨᠢᠭᠡ᠂ 64 ᠬᠦᠴᠦᠲᠦ ᠪᠦᠬᠡ ᠶᠢᠨ ᠪᠠᠷᠢᠯᠳᠤᠭᠠᠨ | 1. ᠪᠠᠶᠠᠰᠬᠤᠯᠠᠩ ︵ᠪᠠᠯᠴᠢᠷᠤᠳ ᠰᠤᠮᠤ︶ | 2. ᠭᠡᠭᠡᠷᠡᠬᠦ ︵ᠪᠠᠭᠠᠷᠢᠨ ᠪᠠᠷᠠᠭᠤᠨ︶ | 3. ᠬᠤᠷᠸ᠎ᠠ ︵ᠱᠣᠣ ᠪᠠᠯᠭᠠᠰᠤ︶ | 4. ᠳᠦᠭᠦᠷᠡᠩ ︵ᠬᠤᠨᠳᠣ ᠪᠠᠯᠭᠠᠰᠤ︶ | 5. ᠨᠠᠴᠢᠨ ︵ᠪᠠᠯᠴᠢᠷᠤᠳ ᠰᠤᠮᠤ︶ | 6. ᠠᠭᠤᠳᠠᠮ ︵ᠬᠥᠯᠥᠨ ᠪᠣᠶᠢᠷ︶ | 7. ᠠᠷᠪᠠᠨᠳᠠᠪᠤᠨ ︵ᠱᠣᠣ ᠪᠠᠯᠭᠠᠰᠤ︶ | 8. ᠬᠥᠳᠡᠭᠡ ︵ᠱᠣᠣ ᠪᠠᠯᠭᠠᠰᠤ︶ | | | | ᠬᠤᠶᠠᠷ᠂ ᠤᠯᠠᠮᠵᠢᠯᠠᠯᠲᠤ ᠡᠪᠡᠷ ᠨᠤᠮᠤ ᠶᠢᠨ ᠰᠤᠷ ᠬᠠᠷᠪᠤᠯᠲᠠ ᠶᠢᠨ ᠤᠷᠤᠯᠳᠤᠭᠠᠨ | 1. ᠴᠠᠭᠠᠨᠪᠠᠷᠰ ︵ᠪᠠᠶ᠋ᠬᠠᠦ᠋ᠡᠳᠣᠷ ᠰᠤᠮᠤ︶ | 2. ᠰᠧᠷᠠᠨᠳᠣᠷᠵᠢ ︵ᠪᠠᠯᠴᠢᠷᠤᠳ ᠰᠤᠮᠤ︶ | 3. ᠡᠷᠳᠡᠮᠲᠦ ︵ᠪᠠᠯᠴᠢᠷᠤᠳ ᠰᠤᠮᠤ︶ | 4. ᠴᠠᠭᠠᠨᠰᠠᠷ᠎ᠠ ︵ᠬᠠᠨᠰᠦ᠋ᠮ᠎ᠡ ᠰᠤᠮᠤ︶ | 5. ᠲᠡᠭᠡᠳᠣᠠᠡᠮᠣᠭᠤᠯᠠᠩ ︵ᠪᠠᠯᠴᠢᠷᠤᠳ ᠰᠤᠮᠤ︶ | 6. ᠰᠢᠭᠤᠷᠭᠠᠨ ︵ᠱᠣᠣ ᠪᠠᠯᠭᠠᠰᠤ︶ | 7. ᠥᠯᠵᠡᠶᠢᠪᠠᠲᠤ ︵ᠪᠠᠯᠴᠢᠷᠤᠳ ᠰᠤᠮᠤ︶ | 8. ᠪᠤᠶᠠᠨᠳᠡᠯᠭᠡᠷ ︵ᠬᠠᠨᠰᠦ᠋ᠮ᠎ᠡ ᠰᠤᠮᠤ︶ | | | | | | ᠭᠤᠷᠪᠠ᠂ ᠠᠷᠭᠠᠶ ᠨᠠᠭᠠᠳᠤᠮ | ︵ᠨᠢᠭᠡ︶ ᠵᠠᠯᠠᠭᠤᠴᠤᠳ ᠤᠨ ᠠᠷᠭᠠᠶ ᠨᠠᠭᠠᠳᠤᠮ | 1. ᠬᠦᠰᠡᠯᠲᠦ | 2. ᠬᠡᠰᠢᠭᠲᠦ | 3. ᠰᠡᠴᠡᠨᠪᠢᠯᠢᠭ | 4. ᠰᠣᠶᠣᠯᠲᠤ | 5. ᠪᠠᠭ᠎ᠠ ᠬᠡᠰᠢᠭᠪᠦᠶᠠᠨ | 6. ᠲᠦᠮᠬᠠᠦ᠋ᠯᠵᠢ | 7. ᠦ᠋ ᠢ | 8. ᠪᠠᠶᠠᠨᠴᠠᠭᠠᠨ | ︵ᠬᠤᠶᠠᠷ︶ ᠠᠬᠠᠮᠠᠳ ᠤᠨ ᠠᠷᠭᠠᠶ ᠨᠠᠭᠠᠳᠤᠮ | 1. ᠳᠣᠪᠳᠤᠨᠨᠢᠮᠠ | 2. ᠰᠠᠶᠢᠡᠪᠠᠳᠤ | 3. ᠳ᠋ᠧᠯᠢᠭᠨᠢᠮᠡ | 4. ᠪᠤᠶᠠᠨᠲᠡᠭᠦᠰ | 5. ᠰᠠᠮᠪᠠᠯ | 6. ᠷᠠᠰᠢᠰᠤᠪᠬᠠ | 7. ᠷᠠᠰᠢᠳᠤᠩᠷᠤᠪ | 8. ᠰᠡᠴᠡᠨ | | | | | | ᠳᠥᠷᠪᠡ᠂ ᠭᠠᠭᠴᠠ ᠬᠥᠮᠦᠨ ᠤ 100 ᠮᠧᠲᠷ ᠤᠨ ᠮᠥᠰᠥᠨ ᠲᠡᠷᠭᠡᠨ ᠤ ᠤᠷᠤᠯᠳᠤᠭᠠᠨ ᠳᠤ᠄ | 1. ᠳᠣᠪᠳᠤᠨᠨᠢᠮᠠ | 2. ᠲᠦᠪᠰᠢᠨᠵᠢᠷᠭᠠᠯ | 3. ᠬᠦᠬᠡᠪᠠᠷᠰ | 4. ᠬᠡᠰᠢᠭᠲᠦ | 5. ᠦᠯᠵᠡᠶᠢᠳᠡᠯᠭᠡᠷ | 6. ᠴᠣᠭᠪᠠᠶᠠᠷ | 7. ᠡᠷᠳᠡᠨᠢᠭᠦᠦ | 8. ᠣᠣᠭᠠᠨ | | | | ᠲᠠᠪᠤ᠂ ᠬᠤᠷᠳᠤᠨ ᠮᠣᠷᠢᠨ ᠳᠡᠭᠡᠷ᠎ᠡ ᠠᠴᠠ ᠪᠢᠯᠠᠭᠤ ᠴᠣᠬᠢᠬᠤ ᠤᠷᠤᠯᠳᠤᠭᠠᠨ ᠳᠤ᠄ | 1. ᠮᠣᠩᠭᠤᠯᠪᠠᠲᠠᠷᠠ ︵ᠱᠤᠤ ᠪᠠᠯᠭᠠᠰᠤ︶ | 2. ᠠᠯᠳᠠᠨᠳᠣᠯᠭᠠᠭᠤᠷᠢ ︵ᠣᠩᠨᠢᠭᠤᠳ ᠬᠤᠰᠢᠭᠤ︶ | 3. ᠪᠤᠶᠠᠨ᠎ᠠ ︵ᠣᠩᠨᠢᠭᠤᠳ ᠬᠤᠰᠢᠭᠤ︶ | 4. ᠮᠥᠩᠬᠡ ︵ᠣᠩᠨᠢᠭᠤᠳ ᠬᠤᠰᠢᠭᠤ︶ | 5. ᠰᠡᠷᠭᠦᠯᠡᠩ ︵ᠱᠣᠣ ᠪᠠᠯᠭᠠᠰᠤ︶ | 6. ᠪᠠᠶᠠᠨᠨᠠᠮᠤᠷ ︵ᠣᠩᠨᠢᠭᠤᠳ ᠬᠤᠰᠢᠭᠤ︶ | 7. ᠴᠢ ᠱᠢ ᠰᠠᠨ ︵ᠴᠢᠪᠠᠭ᠎ᠠ ᠪᠠᠯᠭᠠᠰᠤ︶ | 8. ᠨᠠᠮᠵᠢᠯᠸᠠᠩᠴᠤᠭ ︵ᠣᠩᠨᠢᠭᠤᠳ ᠬᠤᠰᠢᠭᠤ︶ | | | | | | | | | | | | | | | | | | | |