ᠬᠠᠪᠤᠷ ᠴᠠᠭ ᠭᠡᠭᠴᠢ ᠡᠰᠡᠨᠢᠯ ᠠᠮᠢᠯᠠᠯ ᠤᠨ ᠤᠯᠠᠷᠢᠯ ᠪᠢᠯᠡ᠃ ᠠᠷᠤ ᠬᠤᠷᠴᠢᠨ ᠤ ᠮᠠᠯᠴᠢᠳ ᠲᠥᠯ | ᠲᠤᠰᠴᠤ ᠪᠤᠶᠢᠵᠢᠭᠤᠯᠬᠤ ᠠᠵᠢᠯ ᠳᠤ ᠶᠠᠭᠠᠷᠠᠯᠳᠤᠵᠤ᠂ ᠨᠢᠯᠬ᠎ᠠ ᠲᠥᠯ ᠤᠨ ᠮᠠᠶᠢᠯᠡᠨ ᠮᠥᠭᠡᠷᠡᠬᠦ ᠳᠠᠭᠤᠨ ᠮᠠᠯᠴᠢᠳ ᠲᠤ | ᠬᠢᠵᠠᠭᠠᠯᠠᠰᠢ ᠦᠭᠡᠢ ᠬᠦᠰᠡᠯ ᠡᠷᠡᠮᠡᠯᠵᠡᠯ ᠬᠢᠭᠡᠳ ᠠᠮᠢᠵᠢᠷᠠᠯ ᠤᠨ ᠬᠦᠴᠦᠨ ᠨᠡᠮᠡᠷᠢᠯᠡᠨ᠎ᠡ᠃ | | | | ᠡᠨᠡ ᠬᠡᠳᠦᠨ ᠡᠳᠦᠷ᠂ ᠬᠠᠨᠰᠦ᠋ᠮ᠎ᠡ ᠰᠤᠮᠤ ᠶᠢᠨ ᠤᠷᠢᠳᠤᠬᠦ᠋ᠪ ᠭᠠᠴᠠᠭᠠᠨ ᠤ ᠮᠠᠯᠴᠢᠨ ᠬᠠᠶᠢᠲᠠᠩ ᠡᠷ᠎ᠡ | ᠡᠮ᠎ᠡ ᠬᠤᠶᠠᠭᠤᠯᠠ ᠦᠬᠡᠷ ᠲᠤ ᠪᠠᠨ ᠰᠢᠮ᠎ᠡ ᠲᠡᠵᠢᠭᠡᠯᠲᠦ ᠪᠣᠷᠳᠤᠭ᠎ᠠ ᠨᠡᠮᠡᠬᠦ ᠪᠠᠷ ᠶᠠᠭᠠᠷᠠᠯᠳᠤᠵᠤ ᠪᠠᠶᠢᠯ᠎ᠠ᠂ ᠬᠡᠳᠦ᠋ᠢᠪᠡᠷ | ᠡᠳᠦᠷ ᠪᠣᠯᠭᠠᠨ ᠥᠷ ᠴᠠᠶᠢᠬᠤ ᠠᠴᠠ ᠡᠮᠦᠨ᠎ᠡ ᠪᠣᠰᠴᠤ ᠡᠳᠦᠷ ᠤᠨ ᠠᠵᠢᠯ ᠳᠤ ᠪᠠᠨ ᠶᠠᠭᠠᠷᠠᠳᠠᠭ ᠪᠠᠶᠢᠭᠰᠠᠨ ᠴᠤ | ᠲᠡᠳᠡᠨ ᠤ ᠴᠢᠷᠠᠶ ᠳᠤ ᠢᠨᠢᠶᠡᠳᠦ ᠪᠠᠶᠠᠷ ᠲᠣᠳᠣᠷᠠᠨ᠎ᠠ᠃ ᠲᠡᠳᠡᠨᠠᠶᠢᠬᠢᠨ ᠳᠤ 100 ᠭᠠᠷᠤᠶ ᠡᠬᠡ ᠮᠠᠯ ᠲᠠᠢ᠂ ᠣᠳᠣ | 40 ᠭᠠᠷᠤᠶ ᠨᠢ ᠲᠤᠭᠤᠯᠯᠠᠵᠤ᠂ 20 ᠭᠠᠷᠤᠶ ᠨᠢ ᠪᠠᠰᠠ ᠲᠤᠭᠤᠯᠯᠠᠭᠠᠳᠤᠶ ᠪᠠᠶᠢᠡᠡᠰᠠᠭᠠᠷ᠃ ᠬᠠᠪᠤᠷ ᠤᠨ ᠤᠯᠠᠷᠢᠯ ᠤᠨ | ᠬᠤᠷᠠᠭ᠎ᠠ ᠲᠤᠰᠬᠤ ᠠᠵᠢᠯ ᠤᠨ ᠤᠷᠤᠭᠰᠢᠲᠠᠶ ᠶᠠᠪᠤᠭᠳᠠᠬᠤ ᠶᠢ ᠪᠠᠲᠤᠯᠠᠬᠤ ᠶᠢᠨ ᠲᠥᠯᠥᠭᠡ᠂ ᠡᠪᠦᠯ ᠣᠷᠣᠬᠤ ᠠᠴᠠ | ᠡᠮᠦᠨ᠎ᠡ ᠬᠠᠶᠢᠲᠠᠩ 18 ᠲᠦᠮᠡᠨ ᠵᠢᠩ ᠡᠪᠡᠰᠦ ᠪᠣᠷᠳᠤᠭ᠎ᠠ᠂ 10 ᠲᠦᠮᠡᠨ ᠵᠢᠩ ᠨᠣᠭᠤᠭᠠᠨ ᠳᠠᠷᠤᠰᠢ | ᠨᠥᠭᠡᠴᠡᠯᠡᠭᠰᠡᠨ ᠪᠥᠭᠡᠳ ᠲᠤᠰᠬᠠᠶ ᠮᠠᠰᠢᠨ ᠢᠶᠠᠷ ᠡᠪᠡᠰᠦ ᠪᠣᠷᠳᠣᠭᠠᠨ ᠤ ᠰᠢᠮ᠎ᠡ ᠲᠡᠵᠢᠭᠡᠯ ᠢ ᠰᠢᠨᠵᠢᠯᠡᠬᠦ | ᠤᠬᠠᠭᠠᠨᠴᠢ ᠪᠠᠷ ᠨᠠᠶᠢᠷᠠᠭᠤᠯᠵᠤ᠂ ᠲᠤᠭᠤᠯ ᠤᠨ ᠡᠪᠡᠰᠦ ᠪᠣᠷᠳᠣᠭᠠᠨ ᠤ ᠰᠢᠮ᠎ᠡ ᠲᠡᠵᠢᠭᠡᠯ ᠢ ᠲᠡᠩᠴᠡᠭᠦᠷᠢᠲᠡᠶ | ᠪᠠᠶᠢᠯᠭᠠᠬᠤ ᠶᠢ ᠪᠠᠲᠤᠯᠠᠭᠰᠠᠨ ᠪᠠᠶᠢᠨ᠎ᠠ᠃ | | | | ᠰᠤᠷᠪᠤᠯᠵᠢᠯᠠᠭᠴᠢ ᠬᠠᠨᠰᠦ᠋ᠮ᠎ᠡ ᠰᠤᠮᠤ ᠶᠢᠨ ᠬᠤᠰᠤᠳᠤᠪᠤᠯᠠᠭ ᠭᠠᠴᠠᠭ᠎ᠠ ᠶᠢᠨ ᠡᠬᠡ ᠪᠠᠶᠢᠭᠠᠯᠢ ᠲᠡᠵᠢᠭᠡᠨ | ᠦᠷᠡᠵᠢᠭᠦᠯᠬᠦ ᠬᠤᠷᠰᠢᠶᠠᠵᠢᠯ ᠳᠤ ᠬᠦᠷᠬᠦ ᠳᠤ᠂ ᠰᠠᠶ᠋ᠢ ᠲᠥᠷᠥᠭᠰᠡᠨ ᠬᠤᠷᠠᠭ᠎ᠠ ᠢᠰᠢᠭᠡ ᠳᠤᠯᠠᠭᠠᠨ ᠰᠠᠷᠠᠪᠴᠢᠨ ᠳᠤ | ᠡᠬᠡ ᠪᠠᠨ ᠨᠠᠯᠠᠨ ᠬᠡᠪᠲᠡᠵᠦ᠂ ᠠᠵᠢᠯᠲᠠᠳ ᠨᠢᠯᠨᠠ ᠲᠥᠯ ᠢᠶᠠᠨ ᠶᠠᠭᠠᠷᠠᠯᠳᠠᠶᠢᠬᠠᠨ ᠠᠷᠠᠴᠢᠯᠠᠵᠤ ᠪᠠᠶᠢᠯ᠎ᠠ᠃ ᠡᠨᠡ | ᠬᠡᠳᠦᠨ ᠡᠳᠦᠷ ᠬᠤᠷᠰᠢᠶᠠᠵᠢᠯ 800 ᠭᠠᠷᠤᠶ ᠬᠤᠨᠢ ᠠᠴᠠ ᠪᠠᠨ 300 ᠭᠠᠷᠤᠶ ᠲᠥᠯ ᠲᠤᠰᠴᠤ᠂ ᠪᠠᠷᠤᠭ 450 | ᠭᠠᠷᠤᠶ ᠬᠠᠪᠤᠷ ᠤᠨ ᠲᠥᠯ ᠲᠤᠰᠬᠤ ᠪᠠᠷ ᠪᠡᠯᠡᠳᠬᠡᠵᠦ ᠪᠤᠢ᠃ ᠬᠤᠷᠰᠢᠶᠠᠵᠢᠯ ᠮᠠᠯ ᠰᠦᠷᠦᠭ ᠲᠤ ᠪᠠᠨ ᠲᠠᠰᠤᠷᠠᠯᠲᠠ | ᠥᠬᠡᠶ ᠲᠣᠬᠢᠷᠠᠭᠤᠯᠤᠯᠲᠠ ᠬᠢᠵᠦ᠂ ᠣᠳᠣ ᠶᠢᠨ ᠪᠠᠶᠢᠭ᠎ᠠ 500 ᠭᠠᠷᠤᠶ ᠦᠬᠡᠷ ᠢᠶᠠᠨ ᠪᠦᠬᠦᠨ ᠢ ᠵᠠᠬ᠎ᠠ ᠳᠤ | ᠭᠠᠷᠭᠠᠵᠤ᠂ ᠣᠷᠳᠣᠰ ᠠᠴᠠ ᠪᠠᠰᠠ 1200 ᠭᠠᠷᠤᠶ ᠨᠣᠣᠯᠣᠭᠤᠷ ᠤᠨ ᠢᠮᠠᠭ᠎ᠠ ᠬᠤᠳᠠᠯᠳᠤᠨ ᠠᠪᠴᠢᠷᠠᠵᠤ᠂ ᠣᠳᠣ | ᠪᠣᠯᠬᠤ ᠳᠤ 1500 ᠭᠠᠷᠤᠶ ᠨᠣᠣᠯᠣᠭᠤᠷ ᠤᠨ ᠢᠮᠠᠭ᠎ᠠ ᠲᠠᠢ ᠪᠣᠯᠵᠠᠶ᠃ | | | | ᠣᠶᠢᠷ᠎ᠠ ᠶᠢᠨ ᠵᠢᠯ᠂ ᠠᠷᠤ ᠬᠤᠷᠴᠢᠨ ᠬᠤᠰᠢᠭᠤ ᠮᠠᠯ ᠠᠵᠤ ᠠᠬᠤᠶ ᠶᠢᠨ ᠬᠡᠯᠪᠡᠷᠢ ᠪᠠᠨ ᠬᠤᠪᠢᠷᠠᠭᠤᠯᠤᠨ | ᠳᠡᠰ ᠳᠡᠪᠰᠢᠬᠦ ᠶᠢ ᠲᠥᠷᠭᠡᠳᠬᠡᠵᠦ᠂ ᠡᠯ᠎ᠡ ᠲᠥᠷᠥᠯ ᠤᠨ ᠲᠥᠷᠥ ᠶᠢᠨ ᠪᠣᠳᠣᠯᠭ᠎ᠠ ᠲᠥᠷᠥᠯ ᠵᠦᠢᠯ ᠢᠶᠠᠷ | ᠳᠠᠮᠵᠢᠭᠤᠯᠤᠨ᠂ ᠮᠠᠯ ᠠᠵᠤ ᠠᠬᠤᠶ ᠶᠢᠨ ᠰᠠᠭᠤᠷᠢ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠪᠠ ᠡᠪᠡᠰᠦ | ᠪᠣᠷᠳᠤᠭ᠎ᠠ ᠨᠥᠭᠡᠴᠡᠯᠡᠬᠦ ᠵᠡᠷᠭᠡ ᠠᠵᠢᠯ ᠢ ᠴᠢᠩᠭᠠᠳᠬᠠᠵᠤ ᠪᠠᠰᠠ ᠮᠡᠷᠭᠡᠵᠢᠯ ᠤᠨ ᠵᠢᠯᠣᠭᠤᠳᠣᠯᠭ᠎ᠠ᠂ ᠲᠣᠬᠠᠶᠢᠯᠬᠠᠰᠡᠨ | ᠠᠵᠢᠯ ᠤᠨ ᠪᠣᠯᠪᠠᠰᠤᠷᠠᠯ ᠢᠶᠠᠷ ᠳᠠᠮᠵᠢᠨ ᠥᠷᠭᠡᠨ ᠣᠯᠠᠨ ᠮᠠᠯᠴᠢᠨ ᠲᠦᠮᠡᠨ ᠤ ᠰᠢᠨᠵᠢᠯᠡᠬᠦ ᠤᠬᠠᠭᠠᠨᠴᠢ ᠪᠠᠷ | ᠲᠣᠬᠢᠷᠠᠭᠤᠯᠤᠨ ᠲᠡᠵᠢᠭᠡᠯ ᠨᠥᠬᠦᠪᠥᠷᠢᠯᠡᠬᠦ᠂ ᠡᠬᠡ ᠮᠠᠯ ᠤᠨ ᠭᠡᠭᠡᠯ ᠲᠠᠢ ᠬᠤᠭᠤᠴᠠᠭᠠᠨ ᠤ ᠬᠠᠮᠢᠶᠠᠷᠤᠯᠲᠠ᠂ ᠬᠤᠷᠠᠭ᠎ᠠ | ᠢᠰᠢᠭᠡᠨ ᠳᠤ ᠪᠠᠶᠢᠩᠭᠤ ᠲᠣᠬᠢᠶᠠᠯᠳᠤᠳᠠᠭ ᠭᠡᠮ ᠬᠢᠵᠢᠭ ᠢ ᠰᠡᠷᠭᠡᠶᠢᠯᠡᠨ ᠵᠠᠰᠠᠬᠤ ᠵᠡᠷᠭᠡ ᠲᠠᠯ᠎ᠠ ᠶᠢᠨ ᠶᠡᠷᠦ ᠶᠢᠨ | ᠮᠡᠳᠡᠯᠭᠡ ᠶᠢ ᠳᠡᠭᠡᠭᠰᠢᠯᠡᠭᠦᠯᠵᠦ᠂ ᠪᠠᠷᠢᠮᠵᠢᠶᠡᠵᠢᠭᠰᠡᠨ᠂ ᠬᠡᠪᠴᠢᠶᠡᠵᠢᠭᠰᠡᠨ᠂ ᠨᠠᠷᠢᠯᠢᠭᠵᠢᠭᠤᠯᠤᠭᠰᠠᠨ ᠲᠡᠵᠢᠭᠡᠨ | ᠦᠷᠡᠵᠢᠭᠦᠯᠦᠯᠲᠡ ᠶᠢ ᠶᠡᠭᠡ ᠪᠠᠷ ᠲᠦᠯᠬᠢᠨ ᠠᠬᠢᠭᠤᠯᠵᠤ᠂ ᠮᠠᠯ ᠠᠵᠤ ᠠᠬᠤᠶ ᠶᠢᠨ ᠭᠠᠮᠰᠢᠭ ᠠᠴᠠ ᠰᠡᠷᠭᠡᠶᠢᠯᠡᠨ | ᠭᠠᠮᠰᠢᠭ ᠢ ᠪᠠᠭᠠᠰᠬᠠᠬᠤ ᠴᠢᠳᠠᠪᠤᠷᠢ ᠶᠢ ᠶᠡᠭᠡ ᠪᠠᠷ ᠳᠡᠭᠡᠭᠰᠢᠯᠡᠭᠦᠯᠵᠦ᠂ ᠪᠥᠬᠦ ᠬᠤᠰᠢᠭᠤᠨ ᠤ ᠲᠥᠯ ᠲᠤᠰᠴᠤ | ᠪᠤᠶᠢᠵᠢᠭᠤᠯᠬᠤ ᠠᠵᠢᠯ ᠤᠨ ᠤᠷᠤᠭᠰᠢᠲᠠᠶ ᠪᠥᠭᠡᠳ ᠡᠮᠬᠢ ᠵᠢᠷᠤᠮ ᠲᠠᠢ ᠶᠠᠪᠤᠭᠳᠠᠬᠤ ᠶᠢ ᠪᠠᠲᠤᠯᠠᠭᠰᠠᠨ ᠪᠠᠶᠢᠨ᠎ᠠ᠃ | ᠣᠳᠣᠬᠠᠨ ᠳᠤ᠂ ᠠᠷᠤ ᠬᠤᠷᠴᠢᠨ ᠬᠤᠰᠢᠭᠤᠨ ᠤ ᠬᠠᠪᠤᠷ ᠤᠨ ᠲᠥᠯ ᠲᠤᠰᠴᠤ ᠪᠤᠶᠢᠵᠢᠭᠤᠯᠬᠤ ᠠᠵᠢᠯ ᠡᠮᠬᠢ | ᠲᠢᠭᠯᠢᠮ ᠲᠠᠢ ᠶᠠᠪᠤᠭᠳᠠᠵᠤ᠂ 4.15 ᠲᠦᠮᠡᠨ ᠲᠤᠭᠤᠯ ᠪᠣᠯᠤᠨ 26.4 ᠲᠦᠮᠡᠨ ᠬᠤᠷᠠᠭ᠎ᠠ ᠲᠤᠰᠴᠤ | ᠤᠨᠳᠤᠷᠤᠯᠲᠠ ᠶᠢᠨ ᠨᠣᠷᠮ᠎ᠠ ᠲᠤᠰ ᠲᠤᠰ 95% ᠠᠴᠠ ᠳᠡᠭᠡᠭᠰᠢ ᠪᠣᠯᠤᠨ 96% ᠶᠢ ᠳᠠᠪᠠᠵᠠᠶ᠃ ︵ ᠶᠢᠨ ᠵᠦ︶ | | |