ᠲᠠᠪᠢᠭᠠᠳ ᠵᠢᠯ ᠤᠨ ᠡᠮᠦᠨ᠎ᠡ᠂ ᠨᠢᠭᠡ ᠪᠦᠯᠦᠭ ᠬᠦᠰᠡᠯᠡᠩ ᠮᠥᠷᠥᠭᠡᠳᠦᠯ ᠡᠪᠦᠷᠯᠡᠭᠰᠡᠨ ᠮᠦᠭᠳᠡᠨ ᠤ | ᠵᠠᠯᠠᠭᠤᠴᠤᠳ ᠥᠪᠥᠷ ᠮᠣᠩᠭᠤᠯ ᠤᠨ ᠠᠷᠤ ᠬᠤᠷᠴᠢᠨ ᠬᠤᠰᠢᠭᠤᠨ ᠳᠤ ᠬᠦᠷᠴᠦ᠂ 60 ᠲᠣᠰᠬᠤᠨ ᠳᠤ | ᠵᠠᠯᠠᠭᠤᠴᠤᠳ ᠤᠨ ᠴᠡᠭ ᠪᠠᠶᠢᠭᠤᠯᠵᠤ᠂ ᠬᠠᠯᠠᠭᠤᠨ ᠴᠢᠰᠤ ᠬᠠᠷ᠎ᠠ ᠬᠥᠯᠥᠰᠥ ᠪᠠᠷ ᠢᠶᠠᠨ ᠡᠨᠡᠬᠦ ᠰᠠᠶᠢᠬᠠᠨ ᠨᠤᠲᠤᠭ ᠲᠤ | ᠥᠪᠡᠷ ᠤᠨ ᠤᠯᠠ ᠮᠥᠷ ᠢᠶᠠᠨ ᠦᠯᠡᠳᠡᠭᠰᠡᠨ ᠪᠢᠯᠡ᠃ 4 ᠰᠠᠷ᠎ᠠ ᠶᠢᠨ 19 ᠤ ᠡᠳᠦᠷ᠂ 80 ᠭᠠᠷᠤᠶ ᠠᠬᠠᠮᠠᠳ | ᠰᠡᠬᠡᠭᠡᠲᠡᠳ ᠬᠠᠭᠠᠰ ᠵᠠᠭᠤᠨ ᠤ ᠴᠠᠭ ᠮᠥᠴᠡ ᠶᠢ ᠥᠩᠭᠡᠷᠡᠭᠡᠳ᠂ ︽ᠬᠤᠶᠠᠳᠤᠭᠠᠷ ᠨᠤᠲᠤᠭ︾ ᠠᠷᠤ | ᠬᠤᠷᠴᠢᠨ ᠳᠤ ᠪᠠᠨ ᠪᠤᠴᠠᠨ ᠢᠷᠡᠵᠦ᠂ ᠣᠨᠴᠠᠭᠠᠶ ᠬᠡᠯᠪᠡᠷᠢ ᠪᠠᠷ ᠲᠠᠯ᠎ᠠ ᠨᠤᠲᠤᠭ ᠲᠠᠭᠠᠨ ᠭᠦᠨ ᠵᠤᠵᠠᠭᠠᠨ ᠬᠠᠶᠢᠷᠠᠳᠠᠢ | ᠪᠠᠶᠢᠬᠤ ᠪᠠᠨ ᠪᠢᠴᠢᠭᠯᠡᠵᠡᠶ᠃ | | | | ᠤᠷᠢᠬᠠᠨ ᠬᠠᠪᠤᠷ ᠤᠨ ᠵᠥᠭᠡᠯᠡᠨ ᠰᠠᠯᠬᠢ ᠲᠠᠯ᠎ᠠ ᠨᠤᠲᠤᠭ ᠢ ᠢᠯᠪᠢᠬᠦᠶ᠎ᠡ ᠰᠠᠨᠴᠢᠭ ᠤᠨ ᠦᠰᠦ ᠨᠢ | ᠪᠤᠭᠤᠷᠤᠯᠳᠤᠭᠰᠠᠨ ᠰᠡᠬᠡᠭᠡᠲᠡᠳ ᠨᠤᠲᠤᠭ ᠢᠶᠠᠨ ᠮᠥᠷᠥᠭᠡᠳᠦᠨ ᠰᠠᠨᠠᠭᠠᠯᠵᠠᠵᠤ ᠪᠤᠴᠠᠵᠤ ᠢᠷᠡᠪᠡ᠃ ᠮᠣᠳᠣ ᠲᠠᠷᠢᠬᠤ | ᠲᠤᠬᠠᠶ ᠶᠢᠨ ᠲᠠᠯᠠᠪᠠᠢ ᠳᠤ᠂ ᠨᠠᠰᠤᠨ ᠰᠡᠭᠦᠳᠡᠷ ᠳᠤᠮᠳᠠᠴᠢ ᠪᠠᠷ ᠲᠠᠯ᠎ᠠ ᠰᠢᠬᠠᠭᠰᠠᠨ ᠨᠠᠰᠣᠳᠠᠶᠢᠴᠤᠤᠨ ᠬᠦᠷᠵᠡ | ᠡᠷᠭᠢᠭᠦᠯᠦᠨ ᠰᠢᠷᠣᠶ ᠮᠠᠯᠲᠠᠵᠤ᠂ ᠴᠢᠬᠢ ᠮᠣᠳᠣ ᠪᠠᠨ ᠰᠢᠷᠣᠶ ᠳᠤ ᠰᠠᠭᠤᠯᠭᠠᠬᠤ᠂ ᠴᠢᠬᠢ ᠮᠣᠳᠣ ᠤᠰᠤᠯᠠᠬᠤ ᠵᠡᠷᠭᠡ | ᠠᠵᠢᠯ ᠤᠳ ᠢ ᠨᠠᠷᠢᠨ ᠨᠢᠮᠪᠠᠶ ᠬᠢᠵᠡᠬᠡᠨᠡ᠃ ︽ᠲᠤᠬᠠᠶ ᠶᠢᠨ ᠵᠢᠯ ᠤᠨ ᠮᠠᠨ ᠤ ᠲᠠᠷᠢᠭᠰᠠᠨ ᠤᠯᠢᠶᠠᠰᠤᠨ ᠮᠣᠳᠣ ᠣᠳᠣ | ᠪᠦᠷ ᠪᠦᠳᠦᠭᠦᠷᠡᠴᠢᠬᠡᠵᠡᠶ᠂ ᠥᠨᠥᠳᠦᠷ ᠪᠠᠰᠠ ︿ᠰᠡᠬᠡᠭᠡᠲᠡᠳ ᠤᠨ ᠣᠢ﹀ ᠶᠢ ᠲᠠᠷᠢᠵᠤ᠂ ᠰᠡᠬᠡᠭᠡᠲᠡᠨ ᠪᠣᠯᠤᠨ ᠲᠠᠯ᠎ᠠ | ᠨᠤᠲᠤᠭ ᠯᠤᠭ᠎ᠠ ᠶᠢᠨ ᠬᠤᠪᠢ ᠪᠠᠷᠢᠯᠳᠤᠯᠭ᠎ᠠ ᠪᠠᠨ ᠬᠤᠶᠢᠴᠢ ᠦᠶ᠎ᠡ ᠶᠢᠨ ᠬᠢᠨ ᠳᠤ ᠪᠠᠨ ᠴᠡᠭᠡᠵᠢᠯᠡᠭᠦᠯᠦᠨ᠎ᠡ︾ ᠭᠡᠨ᠎ᠡ᠃ | ᠰᠡᠬᠦᠶᠢᠨ ᠰᠦᠨᠳᠡᠷᠯᠡᠭᠰᠡᠨ ᠵᠤᠯᠵᠠᠭ᠎ᠠ ᠮᠣᠳᠣ ᠥᠩ ᠰᠢᠮᠡᠯᠢᠭ ᠬᠥᠷᠥᠰᠥᠨ ᠳᠤ ᠦᠨᠳᠦᠰᠦᠯᠡᠭᠳᠡᠭᠰᠡᠨ ᠨᠢ | ᠰᠡᠬᠡᠭᠡᠲᠡᠳ ᠤᠨ ᠵᠠᠯᠠᠭᠤ ᠨᠠᠰᠤᠨ ᠤ ᠤᠯᠠ ᠮᠥᠷ ᠰᠢᠭ ᠢᠯᠡᠭᠡᠨ ᠵᠣᠷᠠᠶᠢᠨᠠ᠃ | | | | | | ᠮᠦᠽᠧᠶ ᠳᠤ᠂ ᠴᠠᠭᠠᠰᠤ ᠨᠢ ᠰᠢᠷᠠᠯᠠᠭᠰᠠᠨ ᠬᠥᠳᠡᠯᠮᠦᠷᠢ ᠶᠢᠨ ᠭᠠᠷ ᠳᠡᠪᠲᠡᠷ ᠬᠠᠭᠤᠴᠢᠷᠬᠠᠰᠡᠨ ᠣᠰᠤᠨ | ᠳᠡᠪᠦᠷ᠎ᠡ᠂ ᠥᠩᠭᠡ ᠨᠢ ᠬᠤᠶᠢᠭᠰᠠᠨ ᠰᠡᠬᠡᠭᠡᠲᠡᠳ ᠤᠨ ᠡᠳᠦᠷ ᠤᠨ ᠲᠡᠮᠳᠡᠭᠯᠡᠯ ᠤᠨ ᠳᠡᠪᠲᠡᠷ ᠵᠡᠷᠭᠡ ᠲᠡᠦᠬᠡ ᠶᠢᠨ | ᠳᠤᠷᠠᠰᠬᠠᠯᠲᠤ ᠵᠦᠢᠯᠡᠰ ᠲᠤ ᠣᠨ ᠰᠠᠷ᠎ᠠ ᠶᠢᠨ ᠦᠯᠢᠭᠡᠷ ᠤᠳ ᠢ ᠤᠴᠢᠷᠯᠠᠨ᠎ᠠ᠃ ︽ ᠡᠳᠡᠭᠡᠷ ᠵᠦᠢᠯ ᠪᠣᠯ ᠮᠠᠨ | ᠤ ︿ᠵᠠᠯᠠᠭᠤ ᠨᠠᠰᠤᠨ ᠤ ᠳᠠᠩᠰᠠ ᠡᠪᠬᠡᠮᠡᠯ﹀ ᠪᠣᠯᠬᠤᠷ ᠲᠡᠷᠡ ᠦᠶ᠎ᠡ ᠶᠢᠨ ᠬᠥᠮᠦᠰ ᠤᠨ ᠠᠮᠢᠳᠤᠷᠠᠯ ᠲᠡᠮᠡᠴᠡᠯ | ᠪᠣᠯᠤᠨ ᠦᠰᠦᠨ ᠪᠤᠶᠢᠵᠢᠯᠲᠠ ᠶᠢ ᠨᠠᠩ ᠣᠯᠠᠨ ᠬᠥᠮᠦᠨ ᠳᠤ ᠦᠵᠡᠭᠦᠯᠬᠦ ᠶᠣᠰᠣᠲᠠᠶ︾ ᠭᠡᠵᠦ ᠬᠠᠭᠤᠴᠢᠨ ᠭᠡᠷᠡᠯ | ᠵᠢᠷᠤᠭ ᠢ ᠲᠦᠭᠦᠷᠡᠲᠡᠯ᠎ᠡ ᠨᠠᠭᠠᠭᠰᠠᠨ ᠲᠡᠮᠳᠡᠭᠯᠡᠯ ᠤᠨ ᠳᠡᠪᠲᠡᠷ ᠢ ᠪᠡᠯᠡᠭᠯᠡᠭᠴᠢ ᠰᠡᠬᠡᠭᠡᠲᠡᠨ ᠳᠡᠪᠲᠡᠷ ᠢᠶᠠᠨ ᠬᠥᠩᠭᠡᠭᠡᠨ | ᠢᠯᠪᠢᠵᠦ ᠬᠡᠯᠡᠨ᠎ᠡ᠃ ᠥᠨᠥᠳᠦᠷ ᠤᠨ ᠠᠷᠤ ᠬᠤᠷᠴᠢᠨ ᠬᠤᠰᠢᠭᠤ ᠪᠠᠷ ᠠᠯᠬᠤᠯᠠᠬᠤ ᠳᠤ ᠪᠠᠨ ᠨᠠᠰᠤᠲᠠᠳ᠄ ︽ᠣᠳᠣ | ᠪᠦᠷᠢᠮᠦᠰᠦᠨ ᠬᠤᠪᠢᠷᠠᠵᠡᠶ᠂ ᠴᠡᠪᠡᠷ ᠴᠡᠮᠴᠡᠭᠡᠷ ᠵᠠᠮ ᠲᠡᠭᠰᠢ ᠰᠠᠶᠢᠬᠠᠨ ᠥᠨᠳᠥᠷ ᠠᠰᠠᠷ᠂ ᠪᠠᠰᠠ ᠨᠣᠮ ᠤᠨ ᠥᠷᠥᠭᠡ᠂ | ᠪᠡᠶ᠎ᠡ ᠴᠢᠭᠢᠷᠠᠭᠵᠢᠭᠤᠯᠬᠤ ᠥᠷᠥᠭᠡ︾ ᠭᠡᠬᠦ ᠵᠡᠷᠭᠡ ᠭᠡᠵᠦ ᠰᠡᠳᠬᠢᠯ ᠳᠣᠭᠳᠣᠯᠤᠨ ᠶᠠᠷᠢᠵᠤ ᠪᠠᠶᠢᠯ᠎ᠠ᠃ ᠠᠬᠠᠮᠠᠳ | ᠰᠡᠬᠡᠭᠡᠲᠡᠳ ᠠᠷᠤ ᠬᠤᠷᠴᠢᠨ ᠤ ᠯᠤᠲᠤ ᠶᠡᠭᠡ ᠬᠥᠭᠵᠢᠯᠲᠡ ᠬᠤᠪᠢᠷᠠᠯᠲᠠ ᠶᠢ ᠪᠠᠶᠢᠨ ᠳᠠᠬᠢᠨ ᠮᠠᠭᠲᠠᠵᠤ ᠪᠠᠶᠢᠯ᠎ᠠ᠃ | ᠣᠶᠢᠯᠠᠭᠠᠡᠡᠰᠡᠨ ᠢᠶᠠᠷ᠂ ᠲᠤᠰ ᠤᠳᠠᠭᠠᠨ ᠤ ᠰᠡᠬᠡᠭᠡᠲᠡᠳ ᠤᠨ ᠠᠵᠢᠯᠯᠠᠭ᠎ᠠ ᠨᠢ ᠪᠠᠰᠠ ᠶᠢᠰᠦᠨ ᠵᠢᠯ ᠤᠨ ᠳᠦᠷᠢᠮᠲᠦ | ᠰᠤᠷᠭᠠᠭᠤᠯᠢ᠂ ᠠᠷᠤ ᠬᠤᠷᠴᠢᠨ ᠬᠤᠰᠢᠭᠤᠨ ᠤ ᠨᠣᠮ ᠤᠨ ᠰᠠᠩ ᠳᠠᠩᠰᠠ ᠡᠪᠬᠡᠮᠡᠯ ᠤᠨ ᠣᠷᠳᠣᠨ ᠳᠤ ᠨᠣᠮ ᠪᠢᠴᠢᠭ | ᠬᠠᠨᠳᠢᠪᠯᠠᠵᠠᠶ᠃ ︵ᠯᠢ ᠬᠤᠸᠠᠨ ᠢᠦᠶ᠂ ᠰᠠᠷᠠᠡᠬᠤᠸᠠᠷ︶ | | | | | | |