S28 ᠪᠣᠷᠣᠬᠤᠲᠠ ᠠᠴᠠ ᠴᠢᠪᠠᠭ᠎ᠠ ᠬᠦᠷᠬᠦ ᠲᠦᠷᠭᠡᠨ ᠤ ᠵᠠᠰᠠᠮᠠᠯ ᠵᠠᠮ ᠤᠨ ᠪᠠᠷᠢᠯᠭ᠎ᠠ ᠶᠢᠨ ᠠᠵᠢᠯ ᠤᠨ | ᠲᠣᠬᠢᠷᠠᠭᠤᠯᠤᠯᠲᠠ ᠶᠢ ᠦᠨᠳᠦᠰᠦᠯᠡᠪᠠᠯ ᠣᠳᠣᠬᠠᠨ ᠳᠤ ᠲᠤᠰ ᠲᠥᠷᠥᠯ ᠵᠦᠢᠯ ᠤᠨ K110 + 639.5 ᠬᠡᠲᠦ | ᠠᠴᠢᠶᠠᠨ ᠤ ᠵᠠᠮ ᠤᠨ ᠰᠠᠯᠭᠠᠬᠤ ᠬᠡᠯᠪᠡᠷᠢ ᠶᠢᠨ ᠵᠥᠷᠢᠯᠢᠭ ᠬᠥᠭᠦᠷᠭᠡ ︵X195 ᠱᠤᠭᠤᠮ ᠤᠨ ᠬᠡᠲᠦ ᠠᠴᠢᠶᠠᠨ ᠤ | ᠵᠠᠮ ᠯᠤᠭ᠎ᠠ ᠶᠢᠨ ᠠᠭᠤᠯᠵᠠᠷ︶ ᠳᠤ ᠪᠠᠷᠢᠯᠭ᠎ᠠ ᠶᠢᠨ ᠠᠵᠢᠯ ᠬᠢᠬᠦ ᠴᠢᠬᠤᠯᠠᠲᠠᠶ ᠪᠠᠶᠢᠨ᠎ᠠ᠃ ᠪᠠᠷᠢᠯᠭ᠎ᠠ ᠶᠢᠨ ᠠᠮᠤᠷ | ᠲᠦᠪᠰᠢᠨ ᠢ ᠪᠠᠲᠤᠯᠠᠵᠤ᠂ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠤᠷᠤᠭᠰᠢᠲᠠᠶ ᠶᠠᠪᠤᠭᠳᠠᠬᠤ ᠶᠢ | ᠪᠠᠲᠤᠯᠠᠬᠤ ᠶᠢᠨ ᠲᠥᠯᠥᠭᠡ᠂ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠮ ᠬᠠᠷᠢᠯᠴᠠᠭᠠᠨ ᠤ ᠠᠮᠤᠷ | ᠲᠦᠪᠰᠢᠨ ᠤ ᠬᠠᠤᠯᠢ︾ ᠶᠢᠨ ᠭᠤᠴᠢ ᠶᠢᠰᠦᠳᠦᠭᠡᠷ ᠵᠦᠢᠯ ᠤᠨ ᠲᠣᠭᠲᠠᠭᠠᠯ ᠢ ᠦᠨᠳᠦᠰᠦᠯᠡᠨ 2025 ᠣᠨ ᠤ 4 | ᠰᠠᠷ᠎ᠠ ᠶᠢᠨ 24 ᠤ ᠡᠳᠦᠷ ᠠᠴᠠ ᠡᠬᠢᠯᠡᠨ 2025 ᠣᠨ ᠤ 8 ᠰᠠᠷ᠎ᠠ ᠶᠢᠨ 1 ᠤ ᠡᠳᠦᠷ ᠪᠣᠯᠲᠠᠯ᠎ᠠ S28 | ᠲᠦᠷᠭᠡᠨ ᠤ ᠵᠠᠰᠠᠮᠠᠯ ᠵᠠᠮ ᠬᠢᠭᠡᠳ ᠬᠡᠲᠦ ᠠᠴᠢᠶᠠᠨ ᠤ ᠵᠠᠮ ᠤᠨ ᠠᠭᠤᠯᠵᠠᠷ ᠲᠤ ᠵᠠᠮ ᠬᠠᠷᠢᠯᠴᠠᠭᠠᠨ ᠤ ᠵᠢᠯᠣᠭᠤᠳᠤᠮᠵᠢ | ᠶᠠᠪᠤᠭᠤᠯᠬᠤ ᠪᠠᠷ ᠲᠣᠭᠲᠠᠪᠠ᠃ ᠡᠬᠢᠯᠡᠯᠲᠡ ᠶᠢᠨ ᠴᠡᠭ ᠢ X195 ᠱᠤᠭᠤᠮ ᠤᠨ K118 + 850 ᠭᠠᠵᠠᠷ ᠲᠤ | ᠪᠠᠶᠢᠷᠢᠯᠠᠭᠤᠯᠣᠨ᠂ ᠲᠡᠭᠦᠰᠬᠡᠯ ᠤᠨ ᠴᠡᠭ ᠢ X195 ᠱᠤᠭᠤᠮ ᠤᠨ K118 + 950 ᠭᠠᠵᠠᠷ ᠲᠤ | ᠪᠠᠶᠢᠷᠢᠯᠠᠭᠤᠯᠵᠤ᠂ ᠪᠢᠲᠡᠭᠦᠮᠵᠢᠯᠡᠭᠰᠡᠨ ᠬᠡᠯᠪᠡᠷᠢ ᠶᠢᠨ ᠪᠠᠷᠢᠯᠭ᠎ᠠ ᠶᠢᠨ ᠠᠵᠢᠯ ᠬᠢᠬᠦ ᠪᠠᠷ ᠪᠣᠢ᠃ | ᠪᠣᠳᠠᠲᠠᠶ ᠵᠠᠷᠯᠠᠯ ᠨᠢ ᠳᠠᠷᠠᠭᠠᠬᠢ ᠮᠡᠲᠦ᠄ | ᠳᠡᠭᠡᠷᠡᠬᠢ ᠵᠠᠮ ᠤᠨ ᠬᠡᠰᠡᠭ ᠲᠤ ᠪᠦᠬᠦᠨ ᠢ ᠪᠢᠲᠡᠭᠦᠮᠵᠢᠯᠡᠭᠰᠡᠨ ᠬᠡᠯᠪᠡᠷᠢ ᠪᠠᠷ ᠪᠠᠷᠢᠯᠭ᠎ᠠ ᠬᠢᠵᠦ᠂ ᠠᠯᠢᠪᠠ | ᠲᠡᠷᠭᠡ ᠬᠥᠰᠬᠡ ᠪᠣᠯᠤᠨ ᠶᠠᠪᠠᠭᠠᠨ ᠬᠥᠮᠦᠨ ᠤ ᠲᠤᠰ ᠣᠷᠣᠨ ᠤ ᠳᠣᠲᠣᠷ᠎ᠠ ᠨᠡᠪᠲᠡᠷᠡᠬᠦ ᠶᠢ ᠴᠠᠭᠠᠵᠠᠯᠠᠨ᠎ᠠ ᠨᠠᠭᠠᠰᠢ | ᠴᠠᠭᠠᠰᠢ ᠥᠩᠭᠡᠷᠡᠬᠦ ᠲᠡᠷᠭᠡ ᠬᠥᠰᠭᠡ ᠶᠠᠪᠠᠭᠠᠨ ᠬᠥᠮᠦᠨ ᠲᠣᠭᠤᠷᠢᠵᠤ ᠶᠠᠪᠤᠬᠤ ᠲᠡᠮᠳᠡᠭ ᠢᠶᠠᠷ ᠤᠷᠢᠳᠴᠢᠯᠠᠨ | ᠲᠣᠭᠤᠷᠢᠵᠤ ᠵᠠᠮᠴᠢᠯᠠᠭᠤᠷ ᠤᠨ ᠥᠭᠡᠷᠡᠴᠢᠯᠡᠬᠦ ᠲᠥᠭᠦᠮ ᠵᠠᠮ ᠢᠶᠠᠷ ᠶᠠᠪᠤᠭᠠᠷᠠᠶ᠃ ᠪᠠᠷᠢᠯᠭ᠎ᠠ ᠶᠢᠨ ᠠᠵᠢᠯ ᠤᠨ | ᠬᠤᠭᠤᠴᠠᠭᠠᠨ ᠳᠤ ᠵᠠᠮ ᠳᠠᠭᠠᠤ ᠶᠢᠨ ᠰᠠᠭᠤᠭᠠᠯᠢ ᠠᠷᠠᠳ ᠤᠨ ᠦᠢᠯᠡᠣᠡᠪᠣᠷᠢᠯᠡᠯ ᠠᠮᠢᠳᠤᠷᠠᠯ ᠪᠣᠯᠤᠨ ᠶᠠᠪᠤᠵᠤ | ᠰᠠᠭᠤᠬᠤ ᠳᠤ ᠳᠥᠭᠦᠮ ᠦᠭᠡᠢ ᠪᠣᠯᠤᠭᠰᠠᠨ ᠳᠤ ᠠᠭᠤᠴᠢᠯᠠᠬᠤ ᠪᠤᠯᠪᠡᠦ᠃ | | ᠠᠷᠤ ᠬᠤᠷᠴᠢᠨ ᠬᠤᠰᠢᠭᠤᠨ ᠤ ᠵᠠᠮ ᠬᠠᠷᠢᠯᠴᠠᠭᠠᠨ ᠤ ᠵᠠᠮ ᠲᠡᠭᠡᠭᠡᠪᠦᠷᠢ ᠶᠢᠨ ᠲᠣᠪᠴᠢᠶ᠎ᠠ | ᠠᠷᠤ ᠬᠤᠷᠴᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ | ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠭᠢ | 2025 ᠣᠨ ᠤ 4 ᠰᠠᠷ᠎ᠠ ᠶᠢᠨ 23 ᠤ ᠡᠳᠦᠷ |