ᠱᠤᠤ ᠨᠢᠭᠡᠳᠦᠭᠡᠷ ᠪᠠᠭ᠎ᠠ ᠰᠤᠷᠭᠠᠭᠤᠯᠢ ︽6·1︾ ᠤ ᠪᠠᠶᠠᠷ ᠢᠶᠠᠨ ᠪᠡᠯᠭᠡᠯᠡᠬᠦ ᠲᠠᠮᠢᠷ ᠤᠷᠠᠯᠢᠭ ᠤᠨ ᠨᠠᠶᠢᠷ ᠡᠷᠬᠢᠯᠡᠪᠡ
ᠨᠡᠶᠢᠲᠡᠯᠡᠭᠰᠡᠨ ᠴᠠᠭ᠄
2025/5/30
       ᠳᠡᠯᠡᠬᠡᠶ ᠶᠢᠨ ᠬᠡᠦᠬᠡᠳ ᠤᠨ ᠪᠠᠶᠠᠷ ᠬᠦᠷᠴᠦ ᠢᠷᠡᠬᠦ ᠪᠠᠷ ᠪᠥᠮᠪᠥᠷᠴᠡᠭ ᠤᠨ ᠥᠨᠴᠥᠭ ᠪᠣᠯᠤᠩ ᠪᠦᠷᠢ ᠳᠤ ᠪᠠᠶᠠᠰᠤᠯ ᠤᠨ ᠳᠠᠭᠤ ᠬᠠᠩᠭᠢᠨᠠᠨ᠂ ᠴᠡᠴᠡᠭ ᠪᠥᠵᠢᠭ ᠤᠨ ᠳᠡᠪᠵᠢᠶᠠᠨ ᠪᠣᠯᠵᠤ ᠪᠠᠶᠢᠭ᠎ᠠ ᠡᠨᠡᠬᠦ ᠰᠠᠶᠢᠬᠠᠨ ᠮᠥᠴᠡ ᠪᠠᠷ᠂ 5 ᠰᠠᠷ᠎ᠠ ᠶᠢᠨ 30 ᠤ ᠡᠳᠦᠷ ᠱᠤᠤ ᠨᠢᠭᠡᠳᠦᠭᠡᠷ ᠪᠠᠭ᠎ᠠ ᠰᠤᠷᠭᠠᠭᠤᠯᠢ ︽6 · 1︾ ᠤ ᠳᠡᠯᠡᠬᠡᠶ ᠶᠢᠨ ᠬᠡᠦᠬᠡᠳ ᠤᠨ ᠪᠠᠶᠠᠷ ᠢᠶᠠᠨ ᠪᠡᠯᠭᠡᠯᠡᠬᠦ ᠲᠠᠮᠢᠷ ᠤᠷᠠᠯᠢᠭ ᠤᠨ ᠨᠠᠶᠢᠷ ᠡᠷᠬᠢᠯᠡᠨ ᠶᠠᠪᠤᠭᠳᠠᠭᠤᠯᠪᠠ᠃
       ᠲᠤᠰ ᠠᠵᠢᠯᠯᠠᠭᠠᠨ ᠳᠤ᠂ ᠱᠤᠤ ᠪᠠᠯᠭᠠᠰᠤ ᠶᠢᠨ ᠬᠠᠮᠢᠶ᠎ᠠ ᠪᠦᠬᠦᠢ ᠤᠳᠤᠷᠢᠳᠤᠯᠭ᠎ᠠ ᠴᠢᠪᠠᠭ᠎ᠠ ᠮᠣᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ ᠶᠢᠨ ᠤᠳᠤᠷᠢᠳᠤᠯᠭ᠎ᠠ᠂ ᠱᠤᠤ ᠪᠠᠯᠭᠠᠰᠤ ᠶᠢᠨ ᠬᠡᠰᠡᠭ ᠭᠠᠴᠠᠭᠠᠨ ᠤ ᠭᠠᠴᠠᠭᠠᠨ ᠳᠠᠷᠤᠭ᠎ᠠ᠂ ᠠᠵᠢᠯᠯᠠᠭᠠᠨ ᠢ ᠬᠠᠯᠠᠭᠤᠨ ᠰᠡᠳᠬᠢᠯ ᠢᠶᠠᠷ ᠬᠠᠯᠠᠮᠵᠢᠯᠠᠨ ᠳᠡᠮᠵᠢᠭᠰᠡᠨ ᠠᠵᠤ ᠠᠬᠤᠶᠢᠯᠠᠯᠳᠠᠤᠨ ᠵᠢᠴᠢ ᠱᠣᠣ ᠨᠢᠭᠡᠳᠦᠭᠡᠷ ᠪᠠᠭ᠎ᠠ ᠰᠤᠷᠭᠠᠭᠤᠯᠢ ᠶᠢᠨ ᠠᠵᠢᠯ ᠠᠴᠠ ᠪᠠᠨ ᠳᠠᠷᠬᠠᠯᠠᠭᠳᠠᠭᠰᠠᠨ ᠠᠬᠠᠮᠠᠳ ᠪᠠᠭᠰᠢ ᠨᠠᠷ ᠮᠣᠷᠢᠯᠠᠨ ᠰᠠᠭᠠᠲᠠᠵᠤ᠂ ᠰᠤᠷᠤᠭᠴᠢᠳ ᠲᠤ ᠪᠠᠶᠠᠷ ᠤᠨ ᠡᠳᠦᠷ ᠤᠨ ᠬᠠᠯᠠᠭᠤᠨ ᠮᠡᠨᠳᠦ ᠬᠦᠷᠭᠡᠵᠦ᠂ ᠬᠦᠰᠡᠯ ᠵᠥᠩᠨᠡᠯ ᠳᠡᠪᠰᠢᠭᠦᠯᠦᠨ᠂ ᠪᠠᠭᠰᠢ ᠰᠤᠷᠤᠭᠴᠢᠳ ᠲᠠᠢ ᠬᠠᠮᠲᠤ ᠪᠠᠷ ︽6·1︾ ᠤ ᠪᠠᠶᠠᠷ ᠲᠡᠮᠳᠡᠭᠯᠡᠯ᠎ᠡ᠃ ᠰᠤᠷᠭᠠᠭᠤᠯᠢ ᠶᠢᠨ ᠲᠠᠯ᠎ᠠ ᠠᠴᠠ ᠬᠠᠯᠠᠭᠤᠨ ᠭᠠᠷ ᠢᠶᠠᠨ ᠰᠤᠩᠭᠠᠵᠤ ᠠᠵᠢᠯᠯᠠᠭᠠᠨ ᠢ ᠳᠡᠮᠵᠢᠭᠰᠡᠨ ᠬᠥᠮᠦᠰ ᠲᠤ ᠭᠠᠷ ᠤᠨ ᠪᠡᠯᠡᠭ ᠬᠦᠷᠭᠡᠨ ᠬᠠᠷᠢᠭᠤ ᠲᠠᠯᠠᠷᠬᠠᠯ ᠳᠡᠪᠰᠢᠭᠦᠯᠦᠨ‌ᠠᠵᠢᠯ ᠠᠴᠠ ᠪᠠᠨ ᠳᠠᠷᠬᠠᠯᠠᠭᠳᠠᠭᠰᠠᠨ ᠠᠬᠠᠮᠠᠳ ᠪᠠᠭᠰᠢ ᠨᠠᠷ ᠲᠤ ᠪᠠᠨ ᠬᠤᠸᠠᠷ ᠵᠡᠭᠦᠯᠭᠡᠨ ᠬᠦᠨᠳᠦᠳᠬᠡᠯ ᠢᠯᠡᠷᠬᠡᠶᠢᠯᠡᠬᠦ ᠶᠢᠨ ᠬᠠᠮᠲᠤ ᠰᠤᠷᠭᠠᠭᠤᠯᠢ ᠶᠢᠨ ᠢᠶᠠᠨ ᠬᠥᠭᠵᠢᠯᠲᠡ ᠬᠤᠪᠢᠷᠠᠯᠲᠠ ᠶᠢᠨ ᠪᠠᠶᠢᠳᠡᠯ ᠢ ᠲᠣᠭᠤᠷᠢᠨ ᠦᠵᠡᠭᠦᠯᠦᠭᠰᠡᠨ ᠪᠠ ᠠᠬᠠᠮᠠᠳ ᠪᠠᠭᠰᠢ ᠨᠠᠷ ᠠᠴᠠ ᠡᠷᠬᠢᠮ ᠨᠠᠨᠳᠢᠨ ᠰᠠᠨᠠᠯ ᠵᠥᠪᠯᠡᠯᠭᠡ ᠪᠠᠨ ᠳᠡᠪᠰᠢᠭᠦᠯᠵᠡᠶ᠃
       ᠲᠤᠰ ᠠᠵᠢᠯᠯᠠᠭᠠᠨ ᠢᠶᠠᠷ ᠪᠠᠰᠠ ᠲᠤᠰ ᠰᠤᠷᠭᠠᠭᠤᠯᠢ ᠶᠢᠨ ᠳᠠᠪᠤᠨ ᠬᠤᠰᠢᠭᠤ ᠮᠠᠯ ᠢ ᠡᠵᠡᠩᠨᠡᠵᠦ ᠪᠠᠶᠢᠭ᠎ᠠ ᠡᠷᠦᠬᠡ ᠳᠤ ᠰᠤᠷᠭᠠᠭᠤᠯᠢ ᠶᠢᠨ ︽ᠬᠥᠳᠡᠯᠮᠦᠷᠢ ᠦᠢᠯᠡᠳᠣᠯᠭᠡ ᠶᠢᠨ ᠰᠠᠭᠤᠷᠢᠨ ᠭᠠᠵᠠᠷ︾ ᠤᠨ ᠫᠠᠶᠢᠰᠡ  ᠢᠯᠡᠷᠬᠡᠶᠢᠯᠡᠯ ᠣᠯᠭᠤᠭᠰᠠᠨ ᠪᠠᠶᠢᠨ᠎ᠠ᠃ ᠲᠤᠰ ᠤᠳᠠᠭᠠᠨ ᠤ ᠠᠵᠢᠯᠯᠠᠭᠠᠨ ᠢᠶᠠᠷ ᠰᠤᠷᠭᠠᠭᠤᠯᠢ ᠶᠢᠨ ᠪᠦᠬᠦ ᠰᠤᠷᠤᠭᠴᠢ ᠬᠡᠦᠬᠡᠳ ᠲᠤ ᠪᠠᠨ ᠪᠠᠶᠠᠷ ᠤᠨ ᠡᠳᠦᠷ ᠤᠨ ᠪᠡᠯᠡᠭ ᠬᠦᠷᠭᠡᠨ᠂ ᠱᠠᠩᠨᠠᠵᠤ ᠬᠥᠬᠢᠭᠦᠯᠬᠦ᠂ ᠬᠤᠰᠢᠭᠤᠴᠢ ᠠᠩᠭᠢ ᠶᠢᠨ ᠭᠡᠰᠢᠭᠦᠨ ᠡᠯᠰᠡᠬᠦ ᠵᠢᠴᠢ ᠰᠤᠷᠤᠭᠴᠢᠳ ᠤᠨ ᠤᠷᠠᠨ ᠰᠠᠶᠢᠬᠠᠨ ᠤ ᠲᠣᠭᠯᠠᠯᠲᠠ ᠬᠢᠭᠡᠳ ᠬᠦᠨᠳᠦ ᠬᠥᠩᠭᠡᠨ ᠪᠡᠶ᠎ᠡ ᠶᠢᠨ ᠲᠠᠮᠢᠷ ᠤᠨ ᠤᠷᠤᠯᠳᠤᠭᠠᠨ ᠵᠡᠷᠭᠡ ᠪᠠᠶᠠᠯᠢᠭ ᠠᠭᠤᠯᠭ᠎ᠠ ᠪᠠᠷ ᠶᠠᠪᠤᠭᠳᠠᠵᠠᠶ᠃
       ᠲᠠᠮᠢᠷ ᠤᠷᠠᠯᠢᠭ ᠤᠨ ᠨᠠᠶᠢᠷ ᠢᠶᠠᠷ ᠳᠠᠮᠵᠢᠭᠤᠯᠤᠨ᠂ ᠰᠤᠷᠤᠭᠴᠢᠳ ᠲᠤ ᠤᠷ᠎ᠠ ᠠᠪᠢᠶᠠᠰ ᠢᠶᠠᠨ ᠰᠣᠷᠢᠵᠤ᠂ ᠣᠬᠠᠭᠠᠨ ᠪᠢᠯᠢᠭ ᠢᠶᠠᠨ ᠬᠤᠷᠴᠠᠯᠠᠬᠤ ᠠᠵᠠ ᠵᠠᠪᠰᠢᠶᠠᠨ ᠣᠯᠭᠤᠨ ᠮᠣᠷᠠᠯ᠂ ᠰᠤᠷᠤᠯᠭ᠎ᠠ᠂ ᠠᠮᠢᠳᠤᠷᠠᠯ᠂ ᠬᠥᠳᠡᠯᠮᠦᠷᠢ ᠵᠡᠷᠭᠡ ᠪᠦᠬᠦ ᠲᠠᠯ᠎ᠠ ᠪᠠᠷ ᠬᠥᠭᠵᠢᠭᠰᠡᠨ ᠰᠢᠨ᠎ᠡ ᠴᠠᠭ ᠤᠨ ᠰᠣᠳᠣᠨ ᠬᠡᠦᠬᠡᠳ ᠢ ᠬᠥᠮᠦᠵᠢᠭᠦᠯᠬᠦ ᠳᠤ ᠨᠢᠭᠡ ᠤᠳᠠᠭᠠᠨ ᠤ ᠤᠷᠮᠠᠰᠢᠭᠤᠯᠤᠯ ᠵᠣᠷᠢᠭᠵᠢᠭᠤᠯᠤᠯ ᠪᠣᠯᠤᠭᠰᠠᠨ ᠢᠶᠠᠷ ᠦᠯᠦ ᠪᠠᠷᠠᠮ ᠲᠡᠳᠡᠨ ᠤ ᠠᠮᠢᠳᠤᠷᠠᠯ ᠰᠤᠷᠤᠯᠭ᠎ᠠ ᠳᠤ ᠨᠢ ᠬᠥᠷ ᠪᠠᠶᠠᠷ ᠨᠡᠮᠡᠷᠢᠯᠡᠨ᠂ ᠬᠦᠰᠡᠯ ᠲᠡᠮᠡᠣᠯᠡᠯ ᠣᠯᠭᠤᠵᠤ᠂ ᠤᠨᠠᠭᠠᠨ ᠪᠠᠭ᠎ᠠ ᠨᠠᠰᠤᠨ ᠳᠤ ᠨᠢ ᠮᠥᠩᠬᠡ ᠶᠢᠨ ᠳᠤᠷᠠᠳᠬᠠᠯ ᠦᠯᠡᠳᠡᠭᠡᠬᠦ ᠨᠢᠭᠡᠨ ᠤᠳᠬ᠎ᠠ  ᠠᠭᠤᠯᠭ᠎ᠠ ᠪᠦᠬᠦᠢ  ᠪᠠᠶᠠᠷ ᠤᠨ  ᠡᠳᠦᠷ ᠢ  ᠲᠡᠮᠳᠡᠭᠯᠡᠨ  ᠥᠭᠭᠦᠭᠰᠡᠨ  ᠪᠠᠶᠢᠨ᠎ᠠ᠃   ︵ᠦᠯᠵᠡᠶᠢᠬᠡᠰᠢᠭ︶
 
ᠢᠷᠡᠯᠲᠡ᠄ ᠠᠷᠣ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号