ᠶᠡᠭᠡ ᠰᠠᠯᠬᠢᠨ ᠤ ᠬᠥᠬᠡ ᠥᠩᠭᠡ ᠶᠢᠨ ᠰᠡᠷᠡᠮᠵᠢ ᠶᠢᠨ ᠳᠣᠬᠢᠶ᠎ᠠ
ᠨᠡᠶᠢᠲᠡᠯᠡᠭᠰᠡᠨ ᠴᠠᠭ᠄
2025/5/8
       ᠠᠷᠤ ᠬᠤᠷᠴᠢᠨ ᠬᠤᠰᠢᠭᠤᠨ ᠤ ᠴᠠᠭ ᠠᠭᠤᠷ ᠤᠨ ᠬᠤᠷᠢᠶ᠎ᠠ 2025 ᠣᠨ ᠤ 05 ᠰᠠᠷ᠎ᠠ ᠶᠢᠨ 08 ᠤ ᠡᠳᠦᠷ ᠤᠨ 09 ᠴᠠᠭ 02 ᠮᠢᠨᠦ᠋ᠲ ᠲᠤ ᠨᠡᠶᠢᠳᠡᠯᠡᠭᠰᠡᠨ ᠶᠡᠭᠡ ᠰᠠᠯᠬᠢᠨ ᠤ ᠬᠥᠬᠡ ᠥᠩᠭᠡ ᠶᠢᠨ ᠰᠡᠷᠡᠮᠵᠢ ᠶᠢᠨ ᠲᠣᠬᠢᠶ᠎ᠠ᠄        ᠢᠷᠡᠬᠦ 24 ᠴᠠᠭ ᠲᠤ ᠠᠷᠤ ᠬᠤᠷᠴᠢᠨ ᠬᠤᠰᠢᠭᠤᠨ ᠤ ᠶᠡᠬᠡᠩᠬᠡᠢ ᠬᠡᠰᠡᠭ ᠭᠠᠵᠠᠷ ᠣᠷᠣᠨ ᠶᠡᠭᠡ ᠰᠠᠯᠬᠢᠨ ᠤ ᠨᠥᠯᠥᠭᠡ ᠶᠢ ᠬᠦᠷᠲᠡᠵᠦ ᠮᠡᠳᠡᠨ᠎ᠡ᠂ ᠳᠤᠮᠳᠠᠴᠢ ᠰᠠᠯᠬᠢᠨ ᠤ ᠬᠦᠴᠦ 6 ᠳᠡᠰ ᠢ ᠳᠠᠪᠠᠭ᠋ᠤ ᠪᠤᠶᠤ  ᠬᠡᠰᠡᠭ ᠲᠤ ᠪᠠᠨ 7 ᠳᠡᠰ ᠢ ᠲᠠᠪᠠᠨ᠎ᠠ᠃ ᠬᠠᠮᠢᠶ᠎ᠠ ᠪᠦᠬᠦᠢ ᠪᠠᠶᠢᠭᠤᠯᠭ᠎ᠠ ᠨᠢᠭᠡᠴᠡ ᠪᠠ ᠬᠥᠮᠦᠰ ᠰᠡᠷᠭᠡᠶᠢᠯᠡᠯᠳᠡ ᠶᠢᠨ ᠠᠵᠢᠯ ᠢ ᠰᠠᠶᠢᠳᠣᠷ ᠬᠢᠭᠡᠷᠡᠶ᠃       ᠰᠡᠷᠭᠡᠶᠢᠯᠡᠯᠲᠡ ᠶᠢᠨ ᠵᠦᠭᠯᠡᠭᠦᠷ᠄        1.  ᠵᠠᠰᠠᠭ ᠤᠨ ᠣᠷᠳᠣᠨ ᠵᠢᠴᠢ ᠬᠤᠯᠪᠣᠭᠳᠠᠯ ᠪᠦᠬᠦᠢ ᠰᠠᠯᠠᠭ᠎ᠠ ᠮᠥᠴᠢᠷ ᠡᠭᠦᠷᠭᠡ ᠬᠠᠷᠢᠭᠤᠴᠠᠯᠭ᠎ᠠ ᠶᠢᠨ ᠢᠶᠠᠨ ᠶᠣᠰᠣᠭᠠᠷ ᠶᠡᠭᠡ ᠰᠠᠯᠬᠢᠨ ᠠᠴᠠ ᠰᠡᠷᠭᠡᠶᠢᠯᠡᠬᠦ ᠠᠵᠢᠯ ᠢ ᠰᠠᠶᠢᠲᠤᠷ ᠬᠢᠬᠦ ᠬᠡᠷᠡᠭᠲᠡᠶ︔        2. ᠡᠭᠦᠳᠡ ᠴᠣᠩᠬᠤ ᠪᠠᠨ ᠰᠠᠶᠢᠲᠤᠷ ᠬᠠᠭᠠᠵᠤ᠂ ᠬᠠᠰᠢᠯᠭ᠎ᠠ ᠶᠢᠨ ᠬᠠᠪᠳᠠᠰᠤ᠂ ᠰᠠᠷᠠᠪᠴᠢ ᠲᠠᠯᠪᠢᠭᠤᠷ᠂ ᠵᠠᠷ ᠮᠡᠳᠡᠭᠡᠨ ᠤ ᠫᠠᠶᠢᠰᠡ ᠵᠡᠷᠭᠡ ᠰᠠᠯᠬᠢᠨ ᠳᠤ ᠠᠮᠠᠷᠬᠠᠨ ᠦᠯᠢᠶᠡᠭᠲᠡᠨ ᠬᠥᠳᠡᠯᠬᠦ ᠪᠡᠷᠢᠯᠭ᠎ᠠ ᠶᠢᠨ ᠵᠦᠢᠯ ᠢ ᠰᠠᠶᠢᠳᠣᠷ ᠪᠠᠬᠢᠯᠡᠨ᠂ ᠶᠡᠭᠡ ᠰᠠᠯᠬᠢᠨ ᠤ ᠨᠥᠯᠥᠭᠡ ᠶᠢ ᠬᠢᠯᠪᠠᠷᠬᠠᠨ ᠬᠦᠷᠲᠡᠬᠦ ᠭᠡᠷ ᠤᠨ ᠭᠠᠳᠠᠨᠠᠬᠢ ᠡᠳ᠋ ᠪᠣᠳᠠᠰ ᠢᠶᠠᠨ ᠲᠣᠬᠢᠲᠠᠶ ᠬᠤᠷᠢᠶᠠᠨ ᠲᠦᠪᠬᠢᠨᠡᠭᠦᠯᠵᠤ᠂ ᠪᠠᠷᠢᠯᠭ᠎ᠠ ᠶᠢᠨ ᠡᠳ᠋ ᠪᠣᠳᠠᠰ ᠢ ᠪᠦᠲᠡᠭᠡᠵᠦ ᠲᠠᠯᠪᠢᠭᠠᠷᠠᠶ᠃        3. ᠭᠠᠳᠠᠭᠰᠢ ᠭᠠᠷᠬᠤ ᠳᠠᠭᠠᠨ ᠠᠮᠤᠷ ᠲᠦᠪᠰᠢᠨ ᠢ ᠠᠩᠬᠠᠷᠴᠤ᠂ ᠳᠤᠭᠤᠶ ᠲᠡᠷᠭᠡ ᠣᠨᠤᠵᠤ ᠶᠠᠪᠤᠬᠤ ᠠᠴᠠ ᠠᠯᠢ ᠴᠢᠳᠠᠬᠤ ᠪᠠᠷ ᠵᠠᠶᠢᠯᠠᠰᠬᠢᠵᠤ᠂ ᠰᠠᠯᠬᠢ ᠲᠠᠢ ᠦᠶᠡᠰ ᠵᠠᠷ ᠮᠡᠳᠡᠭᠡᠨ ᠤ ᠫᠠᠶᠢᠰᠡ᠂ ᠲᠦᠷ ᠪᠠᠷᠢᠭᠰᠠᠨ ᠪᠠᠷᠢᠯᠭ᠎ᠠ ᠶᠢᠨ ᠳᠤᠤᠷ᠎ᠠ ᠪᠢᠲᠡᠭᠡᠶ ᠵᠣᠭᠰᠣᠭᠠᠷᠠᠶ︔        4. ᠬᠤᠯᠪᠣᠭᠳᠠᠯ ᠪᠦᠬᠦᠢ ᠰᠠᠯᠠᠭ᠎ᠠ ᠮᠥᠴᠢᠷ ᠪᠣᠯᠤᠨ ᠪᠠᠶᠢᠭᠤᠯᠭ᠎ᠠ ᠨᠢᠭᠡᠴᠡ ᠣᠢ ᠰᠢᠭᠤᠶ᠂ ᠨᠤᠲᠤᠭ ᠪᠡᠯᠴᠢᠭᠡᠷ ᠵᠡᠷᠭᠡ ᠶᠢᠨ ᠭᠠᠯ ᠤᠨ ᠰᠡᠷᠭᠡᠶᠢᠯᠡᠯᠳᠡ ᠶᠢ ᠠᠩᠬᠠᠷᠬᠤ ᠬᠡᠷᠡᠭᠲᠡᠶ᠃              
 
ᠢᠷᠡᠯᠲᠡ᠄ ᠠᠷᠣ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号