ᠣᠶᠢᠷ᠎ᠠ ᠶᠢᠨ ᠡᠳᠦᠷ᠂ ᠠᠷᠤ ᠬᠤᠷᠴᠢᠨ ᠬᠤᠰᠢᠭᠤᠨ ᠤ ᠳᠥᠷᠪᠡᠨ ᠤᠲᠠᠰᠤᠲᠤ ᠬᠤᠭᠤᠷᠴᠢᠳ ᠤᠨ | ᠨᠡᠶᠢᠭᠡᠮᠯᠢᠭ ᠤᠨ ︽ᠲᠡᠮᠦᠷ ᠬᠡᠦᠬᠡᠨ᠂ ᠡᠷᠦᠬᠡ ᠶᠢᠨ ᠴᠡᠷᠢᠭ ᠤᠨ ᠬᠤᠪᠢᠶᠠᠷᠢ ᠨᠡᠶᠢᠭᠡᠮᠯᠢᠭ︾ ᠪᠠᠶᠢᠭᠤᠯᠤᠭᠳᠠᠬᠤ | ᠶᠣᠰᠣᠯᠠᠯ ᠵᠢᠴᠢ ︽ᠲᠡᠮᠦᠷ ᠬᠡᠦᠬᠡᠨᠴᠦᠳ︾ ᠤᠨ ᠠᠩᠬᠠᠳᠤᠭᠠᠷ ᠤᠳᠠᠭᠠᠨ ᠤ ︽ᠤᠯᠠᠭᠠᠨ ᠠᠨᠠᠷ︾ ᠬᠤᠨᠳᠠᠭᠠᠲᠤ | ᠤᠷ᠎ᠠ ᠠᠪᠢᠶᠠᠰ ᠤᠨ ᠤᠷᠤᠯᠳᠤᠭᠠᠨ ᠴᠢᠪᠠᠭ᠎ᠠ ᠪᠠᠯᠭᠠᠰᠤᠨ ᠳᠤ ᠶᠠᠪᠤᠭᠳᠠᠭᠰᠠᠨ ᠪᠠᠶᠢᠨ᠎ᠠ᠃ | | | | | | ᠤᠮᠠᠷᠠᠲᠤ ᠬᠢᠯᠢ ᠶᠢᠨ ᠰᠢᠯᠢᠳᠡᠭ ᠤᠯᠠᠮᠵᠢᠯᠠᠯᠲᠤ ᠰᠣᠶᠣᠯ ᠢᠶᠠᠨ ᠵᠠᠯᠭᠠᠮᠵᠢᠯᠠᠨ ᠬᠥᠭᠵᠢᠭᠦᠯᠵᠦ᠂ | ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠨ᠂ ᠣᠷᠣᠨ ᠨᠤᠲᠤᠭ | ᠤᠨ ᠢᠶᠠᠨ ᠬᠥᠭᠵᠢᠯ ᠪᠠᠳᠠᠷᠠᠯ ᠢ ᠮᠠᠭᠲᠠᠨ ᠳᠠᠭᠤᠯᠠᠬᠤ ᠵᠣᠷᠢᠯᠭ᠎ᠠ ᠲᠠᠢ ᠡᠨᠡᠬᠦ ᠤᠷ᠎ᠠ ᠠᠪᠢᠶᠠᠰ ᠤᠨ ᠤᠷᠤᠯᠳᠤᠭᠠᠨ ᠳᠤ | ᠴᠠᠶᠢᠳᠡᠮ ᠤᠨ ︽ᠲᠡᠮᠦᠷ ᠬᠡᠦᠬᠡᠨᠴᠦᠳ︾ ᠤᠨ ᠠᠬᠠᠯᠠᠭᠴᠢ ᠣᠳᠣᠨ ᠤ ᠲᠠᠭᠠᠭᠤᠯᠭ᠎ᠠ ᠪᠠᠷ ᠴᠠᠶᠢᠳᠠᠮ ᠤᠨ ︽ᠲᠡᠮᠦᠷ | ᠬᠡᠦᠬᠡᠨᠴᠦᠳ︾ ᠤᠨ ᠤᠷᠠᠯᠢᠭ ᠤᠨ ᠪᠦᠯᠬᠦᠮ ᠨᠢ ︽ᠠᠷᠤ ᠬᠤᠷᠴᠢᠨ ᠮᠢᠨᠢ ᠰᠠᠶᠢᠬᠠᠨ ᠭᠠᠵᠠᠷ︾᠂ ︽ᠲᠠᠪᠤᠨ | ᠣᠳᠣᠲᠠᠶ ᠤᠯᠠᠭᠠᠨ ᠲᠤᠭ ᠨᠠᠮᠢᠷᠠᠯᠠ︾ ᠭᠡᠬᠦ ᠬᠤᠶᠠᠷ ᠪᠥᠵᠢᠭ ᠢᠶᠠᠷ ᠢᠶᠠᠨ ᠦᠵᠡᠭᠰᠡᠨ ᠪᠦᠬᠦᠨ ᠤ ᠬᠠᠷᠠᠭ᠎ᠠ ᠶᠢ | ᠪᠠᠶᠠᠰᠬᠠᠨ᠂ ᠬᠢᠨᠠᠭᠴᠢ ᠪᠠᠭᠰᠢ ᠨᠠᠷ ᠤᠨ ᠥᠨᠳᠥᠷ ᠦᠨᠡᠯᠡᠯᠲᠡ ᠶᠢ ᠬᠦᠷᠲᠡᠵᠦ᠂ ᠨᠢᠭᠡᠳᠦᠭᠡᠷ ᠳᠡᠰ ᠲᠤ ᠲᠣᠳᠣᠷᠠᠨ | ᠠᠯᠲᠠᠨ ᠬᠤᠨᠳᠠᠭ᠎ᠠ ᠭᠠᠷᠳᠠᠵᠠᠶ᠃ | | | | | | ᠴᠠᠶᠢᠳᠠᠮ ᠤᠨ ︽ᠲᠡᠮᠦᠷ ᠬᠡᠦᠬᠡᠨᠴᠦᠳ︾ ᠤᠨ ᠤᠷᠠᠯᠢᠭ ᠤᠨ ᠪᠦᠯᠬᠦᠮ ᠨᠢ ᠬᠤᠰᠢᠭᠤ᠂ ᠬᠤᠲᠠ᠂ ᠣᠷᠣᠨ | ᠵᠢᠴᠢ ᠰᠢᠶᠠᠮᠧᠨ ᠬᠤᠲᠠ ᠬᠦᠷᠲᠡᠯ᠎ᠡ ᠣᠯᠠᠨ ᠭᠠᠵᠠᠷ ᠲᠤ ᠭᠤᠴᠣ ᠰᠠᠶᠢᠬᠠᠨ ᠲᠣᠭᠯᠠᠯᠲᠠ ᠪᠠᠷ ᠢᠶᠠᠨ ᠦᠵᠡᠭᠴᠢᠳ ᠤᠨ | ᠲᠠᠭᠠᠰᠢᠶᠠᠯ ᠢ ᠬᠦᠷᠳᠡᠵᠦ ᠶᠠᠪᠤᠭᠰᠠᠨ ᠮᠥᠷᠲᠡᠭᠡᠨ ᠤᠷᠤᠯᠳᠤᠭᠠᠨ ᠮᠥᠷᠦ᠋ᠢᠴᠡᠭᠡᠨ ᠢᠶᠠᠷ ᠴᠥᠭᠡᠨ ᠪᠤᠰᠤ ᠱᠠᠩᠨᠠᠯ | ᠬᠥᠬᠢᠭᠦᠯᠦᠯ ᠲᠣᠰᠣᠨ᠂ ᠨᠤᠲᠤᠭ ᠣᠰᠤᠨ ᠤ ᠪᠠᠨ ︽ᠲᠡᠮᠦᠷ ᠬᠡᠦᠬᠡᠨᠴᠦᠳ︾ ᠤᠨ ᠣᠮᠣᠭᠰᠢᠯ ᠪᠣᠯᠵᠤ᠂ ︽ᠲᠡᠮᠦᠷ | ᠬᠡᠦᠬᠡᠨᠴᠦᠳ︾ ᠤᠨ ᠤᠷᠠᠯᠢᠭ ᠤᠨ ᠪᠦᠯᠬᠦᠮ ᠤᠨ ᠠᠯᠳᠠᠷ ᠨᠡᠷ᠎ᠡ ᠪᠠᠨ ᠳᠠᠭᠤᠷᠢᠰᠤᠭᠤᠯᠵᠤ ᠶᠠᠪᠤᠭ᠎ᠠ ᠶᠤᠮ᠃ | | | | |