ᠨᠠᠷᠠᠰᠢᠬᠤ | ᠨᠠᠷᠠᠰᠢᠬᠤ ᠬᠡᠳᠡᠭ ᠨᠢ ᠦᠨᠳᠦᠷ ᠬᠠᠯᠠᠭᠤᠨ ᠤᠷᠴᠢᠨ ᠳᠤ ᠪᠡᠶ᠎ᠡ ᠶᠢᠨ ᠳᠤᠯᠠᠭᠠᠨ ᠢ ᠳᠤᠬᠢᠷᠠᠭᠤᠯᠬᠤ ᠴᠢᠳᠠᠪᠬᠢ | ᠰᠠᠮᠠᠭᠤᠷᠠᠵᠤ᠂ ᠳᠦᠪ ᠮᠡᠳᠡᠷᠡᠯ ᠤᠨ ᠰᠢᠰᠲ᠋ᠧᠮ ᠪᠤᠯᠤᠨ ᠤᠷᠴᠢᠯ ᠤᠨ ᠰᠢᠰᠲ᠋ᠧᠮ ᠬᠠᠷᠰᠢᠯᠠᠭᠳᠠᠬᠤ ᠶᠢ ᠵᠢᠭᠠᠨ᠎ᠠ᠃ | ᠭᠤᠤᠯᠳᠠᠭᠤ ᠳᠤᠯᠤᠭᠠᠢ ᠡᠷᠬᠢᠬᠦ᠂ ᠳᠠᠮᠢᠷᠳᠠᠬᠤ᠂ ᠳᠤᠷ᠎ᠠ ᠪᠤᠯᠬᠢᠬᠤ᠂ ᠪᠦᠬᠡᠯᠵᠢᠬᠦ ᠪᠤᠶᠤ ᠴᠢᠨᠠᠭᠰᠢᠯᠠᠨ ᠮᠠᠨᠠᠷᠠᠬᠤ ᠵᠡᠷᠬᠡ | ᠡᠪᠡᠳᠴᠢᠨ ᠤ ᠢᠯᠡᠷᠡᠯ ᠲᠠᠢ᠃ | ᠰᠡᠷᠬᠡᠶᠢᠯᠡᠬᠦ ᠭᠤᠤᠯᠳᠠᠯᠭ᠎ᠠ | ● ᠵᠤᠨ ᠤ ᠴᠠᠭ ᠢᠯᠡᠬᠦᠬᠡᠨ ᠤᠰᠤ ᠤᠤᠭᠤᠵᠤ᠂ ᠨᠠᠷᠠᠰᠢᠬᠤ ᠠᠴᠠ ᠰᠡᠷᠬᠡᠶᠢᠯᠡᠨ᠂ ᠪᠡᠶ᠎ᠡ ᠶᠢᠨ ᠳᠤᠯᠠᠭᠠᠨ | ᠢᠶᠠᠨ ᠪᠠᠭᠤᠷᠠᠭᠤᠯᠬᠤ ᠶᠢ ᠠᠩᠬᠠᠷᠬᠤ ᠬᠡᠷᠡᠭᠳᠠᠢ᠃ | ● ᠬᠡᠷ ᠤᠨ ᠭᠠᠳᠠᠨ᠎ᠠ ᠤᠷᠳᠤ ᠬᠤᠭᠤᠴᠠᠭ᠎ᠠ ᠪᠠᠷ ᠨᠠᠷᠠᠨ ᠳᠤ ᠰᠢᠷᠠᠭᠳᠠᠬᠤ ᠠᠴᠠ ᠬᠢᠴᠢᠶᠡᠬᠦ ᠬᠡᠷᠡᠭᠳᠠᠢ᠃ | ᠠᠷᠭᠠᠴᠠᠭᠠᠬᠤ ᠠᠷᠭ᠎ᠠ | ● ᠡᠪᠡᠳᠴᠢᠳᠡᠨ ᠢ ᠰᠠᠯᠬᠢ ᠨᠡᠪᠳᠡᠷᠡᠳᠡᠭ ᠰᠡᠷᠢᠬᠦᠨ ᠭᠠᠵᠠᠷ ᠰᠢᠯᠵᠢᠬᠦᠯᠦᠨ᠂ ᠬᠡᠪᠳᠡᠬᠦᠯᠵᠦ ᠠᠮᠠᠷᠠᠭᠤᠯᠤᠨ᠎ᠠ᠃ | ᠬᠦᠢᠳᠡᠨ ᠠᠯᠴᠢᠭᠤᠷ ᠢᠶᠠᠷ ᠮᠠᠩᠨᠠᠢ ᠳᠡᠬᠡᠷ᠎ᠡ ᠨᠢ ᠵᠢᠩ ᠳᠠᠯᠪᠢᠬᠤ ᠶᠢᠨ ᠬᠠᠮᠳᠤ ᠪᠡᠶ᠎ᠡ ᠶᠢ ᠨᠢ ᠵᠦᠯᠬᠦᠵᠦ᠂ ᠬᠠᠯᠠᠭᠤᠨ | ᠢ ᠨᠢ ᠪᠠᠭᠤᠷᠠᠭᠤᠯᠤᠨ᠎ᠠ᠃ | ● ᠳᠠᠪᠤᠰᠤ ᠲᠠᠢ ᠤᠰᠤ ᠪᠤᠶᠤ ᠰᠡᠷᠢᠬᠦᠨ ᠴᠢᠨᠠᠷᠳᠠᠢ ᠤᠮᠳᠠᠭᠠᠨ ᠤᠤᠭᠤᠵᠤ᠂ ᠨᠤᠭᠤᠭᠠᠨ ᠪᠤᠷᠴᠠᠭ ᠤᠨ | ᠰᠢᠬᠦᠰᠦ ᠵᠡᠷᠬᠡ ᠶᠢ ᠤᠤᠭᠤᠵᠤ ᠪᠤᠯᠤᠨ᠎ᠠ᠃ | ● ᠨᠠᠷᠠᠰᠢᠵᠤ ᠮᠠᠨᠠᠷᠠᠭᠰᠠᠨ ᠦᠶᠡᠰ ᠬᠦᠮᠦᠨ ᠪᠠᠯᠴᠢᠷ ᠢ ᠨᠢ ᠰᠢᠬᠢᠳᠬᠢᠬᠦ ᠶᠢᠨ ᠬᠠᠮᠳᠤ ᠳᠠᠷᠤᠶᠢᠬᠠᠨ ᠡᠮᠨᠡᠯᠬᠡ | ᠳᠤ ᠬᠦᠷᠬᠡᠵᠦ ᠡᠮᠴᠢᠯᠡᠬᠦᠯᠦᠨ᠎ᠡ᠃ | | ᠤᠰᠤᠨ ᠳᠤ ᠴᠠᠴᠠᠬᠤ | ᠤᠰᠤᠨ ᠳᠤ ᠴᠠᠴᠠᠬᠤ ᠬᠡᠳᠡᠭ ᠨᠢ ᠤᠰᠤᠨ ᠳᠤ ᠵᠢᠪᠪᠦᠭᠰᠡᠨ ᠬᠦᠮᠦᠨ ᠤ ᠠᠮᠢᠰᠬᠤᠯ ᠤᠨ ᠵᠠᠮ ᠳᠤ ᠤᠰᠤ | ᠰᠢᠪᠠᠷ᠂ ᠡᠪᠡᠰᠦ ᠵᠡᠷᠬᠡ ᠰᠤᠷᠤᠭᠳᠠᠨ ᠤᠷᠤᠵᠤ ᠠᠮᠢᠰᠬᠤᠯ ᠢ ᠪᠦᠭᠯᠡᠷᠡᠬᠦᠯᠵᠦ ᠬᠦᠴᠢᠯᠳᠦᠷᠦᠭᠴᠢ ᠳᠤᠳᠠᠭᠳᠠᠬᠤ ᠶᠢ | ᠵᠢᠭᠠᠨ᠎ᠠ᠃ | ᠠᠷᠭᠠᠴᠠᠭᠠᠬᠤ ᠭᠤᠤᠯᠳᠠᠯᠭ᠎ᠠ | ● 120 ᠪᠠᠴᠢᠮ ᠠᠪᠤᠷᠠᠯᠳᠠ ᠳᠤ ᠤᠳᠠᠰᠤᠳᠠᠨ᠎ᠠ᠃ | ● ᠤᠰᠤᠨ ᠳᠤ ᠴᠠᠴᠠᠭᠰᠠᠨ ᠬᠦᠮᠦᠨ ᠢ ᠳᠠᠷᠤᠶᠢᠬᠠᠨ ᠤᠰᠤᠨ ᠠᠴᠠ ᠠᠪᠤᠷᠠᠵᠤ ᠭᠠᠷᠭᠠᠭᠰᠠᠨ ᠤ ᠳᠠᠷᠠᠭ᠎ᠠ | ᠭᠠᠵᠠᠷ ᠳᠡᠬᠡᠷ᠎ᠡ ᠳᠡᠭᠰᠢᠬᠡᠨ ᠬᠡᠪᠳᠡᠬᠦᠯᠵᠦ᠂ ᠠᠮᠠ ᠬᠠᠮᠠᠷ ᠲᠤ ᠤᠷᠤᠭᠰᠠᠨ ᠪᠤᠳᠠᠰ ᠤᠳ ᠢ ᠠᠷᠢᠯᠭᠠᠨ ᠭᠠᠷᠭᠠᠵᠤ᠂ | ᠠᠮᠢᠰᠬᠤᠯ ᠤᠨ ᠵᠠᠮ ᠢ ᠨᠢ ᠰᠢᠯᠤᠭᠤᠳᠬᠠᠨ᠎ᠠ᠃ | ● ᠤᠬᠠᠭᠠᠨ ᠮᠡᠳᠡᠷᠡᠯ ᠢᠶᠠᠨ ᠠᠯᠳᠠᠭᠰᠠᠨ ᠪᠠᠶᠢᠪᠠᠯ ᠬᠠᠵᠠᠭᠤ ᠳᠡᠶᠢᠰᠢ ᠬᠠᠨᠳᠤᠭᠤᠯᠤᠨ ᠬᠡᠪᠳᠡᠬᠦᠯᠬᠦ ᠶᠢᠨ | ᠬᠠᠮᠳᠤ ᠪᠡᠶ᠎ᠡ ᠶᠢᠨ ᠳᠤᠯᠠᠭᠠᠨ ᠢ ᠨᠢ ᠬᠠᠮᠠᠭᠠᠯᠠᠨ᠎ᠠ᠃ ᠠᠮᠢᠰᠬᠤᠯ ᠪᠠ ᠵᠢᠷᠦᠬᠡᠨ ᠴᠤᠬᠢᠯᠭ᠎ᠠ ᠵᠤᠭᠰᠤᠭᠰᠠᠨ ᠬᠦᠮᠦᠨ ᠳᠤ | ᠵᠢᠷᠦᠬᠡ ᠠᠭᠤᠰᠬᠢ ᠶᠢᠨ ᠠᠵᠢᠯᠯᠠᠭ᠎ᠠ ᠶᠢ ᠰᠡᠷᠬᠦᠬᠡᠬᠦ ᠠᠪᠤᠷᠠᠯᠳᠠ ᠬᠢᠨ᠎ᠡ᠃ | | ᠬᠤᠤᠷᠠᠳᠤ ᠮᠤᠭᠠᠢ ᠳᠤ ᠬᠠᠳᠬᠤᠭᠳᠠᠬᠤ | ᠬᠤᠤᠷᠠᠳᠤ ᠮᠤᠭᠠᠢ ᠳᠤ ᠬᠠᠳᠬᠤᠭᠳᠠᠪᠠᠯ ᠭᠤᠤᠯᠳᠠᠭᠤ ᠳᠤᠯᠤᠭᠠᠢ ᠡᠪᠡᠳᠬᠦ᠂ ᠳᠤᠯᠤᠭᠠᠢ ᠡᠷᠬᠢᠬᠦ᠂ ᠳᠤᠷ᠎ᠠ | ᠪᠤᠯᠬᠢᠬᠤ᠂ ᠪᠦᠬᠡᠯᠵᠢᠬᠦ᠂ ᠬᠦᠯᠦᠰᠦ ᠭᠠᠷᠬᠤ ᠵᠡᠷᠬᠡ ᠢᠯᠡᠷᠡᠯ ᠭᠠᠷᠳᠠᠭ᠃ | ᠠᠷᠭᠠᠴᠠᠭᠠᠬᠤ ᠭᠤᠤᠯᠳᠠᠯᠭ᠎ᠠ | ● ᠶᠠᠭᠠᠬᠢᠭᠰᠠᠨ ᠴᠦ ᠬᠦᠶᠦᠵᠦ ᠪᠤᠯᠬᠤ ᠦᠬᠡᠢ᠂ ᠬᠠᠳᠬᠤᠭᠳᠠᠭᠰᠠᠨ ᠬᠡᠰᠡᠭ ᠤᠨ ᠪᠠᠶᠢᠷᠢ ᠶᠢ ᠳᠤᠤᠷ᠎ᠠ | ᠪᠠᠶᠢᠯᠭᠠᠵᠤ᠂ ᠳᠡᠬᠡᠰᠦ ᠱᠠᠬᠠᠢ ᠶᠢᠨ ᠤᠭᠤᠰᠤᠷ᠂ ᠦᠮᠦᠳᠦᠨ ᠳᠡᠯᠡᠢ ᠵᠡᠷᠬᠡ ᠪᠠᠷ ᠰᠢᠷᠬ᠎ᠠ ᠶᠢᠨ ᠳᠡᠬᠡᠷ᠎ᠡ ᠳᠠᠯ᠎ᠠ ᠶᠢ | ᠪᠤᠭᠤᠵᠤ ᠤᠶᠠᠨ᠎ᠠ᠃ 15 — 30 ᠮᠢᠨᠦ᠋ᠲ ᠪᠤᠯᠬᠤ ᠪᠦᠷᠢ 1— 2 ᠮᠢᠨᠦ᠋ᠲ ᠰᠤᠯᠠᠯᠠᠵᠤ᠂ ᠴᠢᠰᠤ | ᠳᠤᠳᠠᠭᠳᠠᠵᠤ ᠮᠡᠳᠡᠷᠡᠯ ᠠᠯᠳᠠᠬᠤ ᠠᠴᠠ ᠰᠡᠷᠬᠡᠶᠢᠯᠡᠨ᠎ᠡ᠃ | ● ᠪᠤᠭᠤᠵᠤ ᠤᠶᠠᠭᠰᠠᠨ ᠤ ᠳᠠᠷᠠᠭ᠎ᠠ᠂ ᠬᠠᠳᠬᠤᠭᠳᠠᠭᠰᠠᠨ ᠰᠢᠷᠬ᠎ᠠ ᠶᠢ ︿+﹀ ᠬᠡᠯᠪᠡᠷᠢ ᠪᠤᠶᠤ ᠠᠰᠬᠠᠨ | ᠤᠭᠳᠤᠯᠵᠤ᠂ ᠬᠤᠤᠷᠠᠳᠤ ᠰᠢᠩᠬᠡᠨ ᠢ ᠰᠢᠬᠠᠵᠤ ᠭᠠᠷᠭᠠᠭᠠᠳ᠂ ᠰᠢᠷᠬ᠎ᠠ ᠶᠢ ᠴᠡᠪᠡᠷ ᠤᠰᠤ ᠪᠠᠷ ᠤᠬᠢᠶᠠᠨ ᠴᠡᠪᠡᠷᠯᠡᠨ᠎ᠡ | ᠃ ᠪᠤᠰᠤᠳ ᠬᠡᠷᠡᠭᠰᠡᠯ ᠪᠤᠶᠤ ᠠᠮᠠ ᠪᠠᠷ ᠢᠶᠠᠨ ᠬᠤᠤᠷᠠᠳᠤ ᠰᠢᠩᠬᠡᠨ ᠢ ᠰᠤᠷᠤᠵᠤ ᠬᠠᠶᠠᠵᠤ ᠪᠤᠯᠤᠨ᠎ᠠ᠂ ᠰᠢᠩᠬᠡᠨ ᠢ | ᠰᠤᠷᠤᠵᠤ ᠬᠠᠶᠠᠭᠰᠠᠨ ᠤ ᠳᠠᠷᠠᠭ᠎ᠠ ᠠᠮᠠ ᠪᠠᠨ ᠰᠠᠶᠢᠳᠤᠷ ᠵᠠᠶᠢᠯᠠᠬᠤ ᠬᠡᠷᠡᠭᠳᠠᠢ᠃ | ● ᠬᠤᠤᠷᠠᠳᠤ ᠰᠢᠩᠬᠡᠨ ᠢ ᠰᠢᠬᠠᠵᠤ ᠭᠠᠷᠭᠠᠭᠰᠠᠨ ᠤ ᠳᠠᠷᠠᠭ᠎ᠠ᠂ ᠰᠢᠷᠬᠠᠳᠤᠭᠰᠠᠨ ᠮᠦᠴᠢ ᠶᠢ 4 — 7 | 0C ᠬᠦᠢᠳᠡᠨ ᠤᠰᠤᠨ ᠳᠤ 3 ᠴᠠᠭ ᠳᠡᠪᠳᠦᠬᠡᠵᠦ᠂ ᠮᠦᠰᠦᠨ ᠤᠤᠭᠤᠳᠠ᠂ ᠬᠦᠢᠳᠡᠨ ᠠᠯᠴᠢᠭᠤᠷ ᠢᠶᠠᠷ ᠰᠢᠷᠬ᠎ᠠ | ᠶᠢᠨ ᠳᠤᠭᠤᠷᠢᠨ ᠳᠤ ᠬᠦᠢᠳᠡᠨ ᠵᠢᠩ ᠳᠠᠯᠪᠢᠨ᠎ᠠ᠃ | ● ᠰᠢᠷᠬᠠᠳᠤᠭᠰᠠᠨ ᠬᠦᠮᠦᠨ ᠤᠮᠳᠠᠭᠠᠰᠪᠠᠯ ᠤᠰᠤ ᠤᠤᠭᠤᠵᠤ ᠪᠤᠯᠤᠨ᠎ᠠ᠂ ᠠᠷᠢᠬᠢ ᠪᠤᠶᠤ ᠦᠳᠬᠡᠨ ᠴᠠᠢ᠂ | ᠺᠤᠹᠧ ᠵᠡᠷᠬᠡ ᠬᠦᠬᠡᠷᠦᠯᠳᠡ ᠶᠢᠨ ᠴᠢᠨᠠᠷᠳᠠᠢ ᠤᠮᠳᠠᠭᠠᠨ ᠢ ᠤᠤᠭᠤᠵᠤ ᠪᠤᠯᠬᠤ ᠦᠬᠡᠢ᠃ | |