ᠦᠷᠬᠦᠯᠵᠢ ᠳᠤᠬᠢᠶᠠᠯᠳᠤᠳᠠᠭ ᠰᠢᠷᠬ᠎ᠠ ᠪᠤᠶᠤ ᠡᠪᠡᠳᠴᠢᠨ ᠢ ᠡᠮᠨᠡᠬᠦ ᠶᠡᠷᠦ ᠶᠢᠨ ᠮᠡᠳᠡᠯᠬᠡ ︵ᠵᠢᠷᠭᠤᠭ᠎ᠠ︶
ᠨᠡᠶᠢᠲᠡᠯᠡᠭᠰᠡᠨ ᠴᠠᠭ᠄
2016/3/22
     ᠠᠷᠢᠶᠠᠳᠠᠨ ᠤ ᠳᠠᠭᠠᠷᠢᠯᠳᠠ ᠳᠤ ᠤᠴᠠᠷᠠᠬᠤ      ᠠᠷᠢᠶᠠᠳᠠᠨ ᠤ ᠳᠠᠭᠠᠷᠢᠯᠳᠠ ᠳᠤ ᠤᠴᠠᠷᠠᠬᠤ ᠬᠡᠳᠡᠭ ᠨᠢ ᠦᠨᠳᠦᠷ ᠠᠭᠤᠯᠠ᠂ ᠢᠭ᠌ᠴᠢ ᠤᠢ᠂ ᠬᠦᠮᠦᠨ ᠬᠠᠷ᠎ᠠ ᠴᠦᠬᠡᠨ ᠭᠠᠵᠠᠷ ᠲᠤ ᠪᠠᠭᠠᠪᠠᠭᠠᠢ᠂ ᠬᠡᠬᠡᠷ᠎ᠡ ᠶᠢᠨ ᠭᠠᠭ᠋ᠠᠢ᠂ ᠬᠡᠬᠡᠷ᠎ᠡ ᠶᠢᠨ ᠵᠠᠭᠠᠨ᠎ᠠ ᠮᠡᠳᠦ ᠶᠢᠨ ᠮᠤᠨᠳᠠᠭ ᠪᠡᠶ᠎ᠡ ᠲᠠᠢ ᠠᠮᠢᠳᠠᠨ ᠤ ᠳᠠᠭᠠᠷᠢᠯᠳᠠ ᠳᠤ ᠤᠴᠠᠷᠠᠬᠤ ᠶᠢ ᠵᠢᠭᠠᠨ᠎ᠠ᠃      ᠠᠷᠭᠠᠴᠠᠭᠠᠬᠤ ᠠᠷᠭ᠎ᠠ      ● ᠠᠷᠢᠶᠠᠳᠠᠨ ᠤ ᠳᠠᠭᠠᠷᠢᠯᠳᠠ ᠳᠤ ᠤᠴᠠᠷᠠᠬᠤ ᠦᠶᠡᠰ ᠪᠡᠶ᠎ᠡ ᠪᠠᠨ ᠳᠤᠭᠳᠠᠭᠤᠨ ᠪᠠᠶᠢᠯᠭᠠᠵᠤ᠂ ᠳᠤᠷ᠎ᠠ ᠪᠠᠷ ᠬᠦᠳᠡᠯᠬᠦ ᠦᠬᠡᠢ᠂ ᠰᠡᠳᠦᠯᠳᠡ ᠦᠭᠬᠦ ᠦᠬᠡᠢ᠂ ᠠᠭᠠᠵᠢᠮ ᠢᠶᠠᠷ ᠤᠬᠤᠷᠢᠨ᠎ᠠ᠃      ● ᠠᠷᠢᠶᠠᠳᠠᠨ ᠳᠠᠭᠠᠷᠢᠨ ᠢᠷᠡᠬᠦ ᠦᠶᠡᠰ ᠠᠷᠭ᠎ᠠ ᠰᠦᠪᠡᠭᠴᠢᠯᠡᠨ ᠠᠷᠢᠶᠠᠳᠠᠨ ᠤ ᠨᠢᠳᠦ᠂ ᠬᠠᠮᠠᠷ᠂ ᠬᠦᠵᠦᠬᠦᠤ᠂ ᠵᠢᠷᠦᠬᠡ᠂ ᠬᠤᠭᠤᠯᠠᠢ ᠵᠡᠷᠬᠡ ᠶᠢ ᠨᠢ ᠤᠨᠤᠭᠠᠵᠤ ᠴᠤᠬᠢᠨ᠎ᠠ᠃      ● ᠳᠡᠷᠬᠡ ᠵᠢᠯᠤᠭᠤᠳᠴᠤ ᠪᠠᠶᠢᠬᠤ ᠳᠤ ᠪᠠᠨ ᠠᠷᠢᠶᠠᠳᠠᠨ ᠲᠠᠢ ᠳᠠᠭᠠᠷᠠᠯᠳᠤᠪᠠᠯ ᠳᠡᠷᠬᠡᠨ ᠤ ᠴᠤᠩᠬᠤ ᠡᠬᠦᠳᠡ  ᠪᠠᠨ ᠴᠢᠩᠭ᠎ᠠ ᠪᠢᠳᠡᠬᠦᠮᠵᠢᠯᠡᠵᠦ᠂ ᠠᠷᠢᠶᠠᠳᠠᠨ ᠵᠠᠮ ᠤᠭᠳᠤᠯᠵᠤ ᠭᠠᠷᠤᠭᠰᠠᠨ ᠤ ᠳᠠᠷᠠᠭ᠎ᠠ ᠬᠤᠷᠳᠤᠬᠠᠨ ᠵᠠᠶᠢᠯᠠᠵᠤ ᠶᠠᠪᠤᠨ᠎ᠠ᠃ ᠬᠡᠷᠪᠡ ᠠᠰ ᠡᠮᠦᠨ᠎ᠡ ᠨᠢ ᠬᠦᠷᠴᠦ ᠢᠷᠡᠭᠰᠡᠨ ᠪᠤᠯ ᠬᠦᠳᠡᠯᠵᠦ ᠪᠤᠯᠬᠤ ᠦᠬᠡᠢ᠂ ᠳᠠᠭᠤ ᠭᠠᠷᠭᠠᠬᠤ ᠦᠬᠡᠢ ᠪᠠᠶᠢᠬᠤ ᠬᠡᠷᠡᠭᠳᠠᠢ᠃      ᠳᠤᠪᠷᠠᠭ ᠲᠤ ᠪᠤᠯᠠᠭᠳᠠᠬᠤ      ᠳᠤᠪᠷᠠᠭ ᠲᠤ ᠪᠤᠯᠠᠭᠳᠠᠬᠤ ᠬᠡᠳᠡᠭ ᠨᠢ ᠬᠡᠨᠡᠳᠳᠡ ᠡᠬᠦᠰᠦᠭᠰᠡᠨ ᠬᠡᠷᠡᠭ ᠤᠴᠢᠷ ᠠᠴᠠ ᠪᠤᠯᠵᠤ ᠨᠤᠷᠠᠭᠰᠠᠨ ᠬᠡᠷᠡᠮ ᠵᠡᠷᠬᠡ ᠶᠢᠨ ᠳᠤᠤᠷ᠎ᠠ ᠪᠤᠯᠠᠭᠳᠠᠵᠤ ᠬᠤᠷᠢᠭᠳᠠᠬᠤ ᠶᠢ ᠵᠢᠭᠠᠨ᠎ᠠ᠃      ᠠᠷᠭᠠᠴᠠᠭᠠᠬᠤ ᠭᠤᠤᠯᠳᠠᠯᠭ᠎ᠠ      ● ᠪᠠᠬᠢᠯᠢᠭ᠌ ᠪᠤᠰᠤ ᠵᠦᠢᠯ ᠠᠴᠠ ᠬᠦᠯ ᠭᠠᠷ ᠢᠶᠠᠨ ᠵᠠᠶᠢᠯᠠᠭᠤᠯᠵᠤ᠂ ᠪᠡᠶ᠎ᠡ ᠳᠡᠬᠡᠷ᠎ᠡ ᠳᠠᠷᠤᠭᠰᠠᠨ ᠪᠤᠳᠠᠰ ᠢ ᠰᠢᠯᠵᠢᠬᠦᠯᠵᠦ ᠠᠷᠢᠯᠭᠠᠨ᠎ᠠ᠃ ᠠᠯᠴᠢᠭᠤᠷ᠂ ᠬᠤᠪᠴᠠᠰᠤ ᠵᠡᠷᠬᠡ ᠪᠠᠷ ᠠᠮᠠ ᠬᠠᠮᠠᠷ ᠢᠶᠠᠨ ᠳᠠᠭᠯᠠᠵᠤ᠂ ᠳᠤᠭᠤᠰᠤ ᠰᠢᠷᠤᠢ ᠳᠤ ᠬᠠᠭ᠋ᠠᠵᠤ ᠪᠦᠭᠯᠡᠷᠡᠬᠦ ᠠᠴᠠ ᠰᠡᠷᠬᠡᠶᠢᠯᠡᠬᠦ ᠬᠡᠷᠡᠭᠳᠠᠢ᠃      ● ᠤᠷᠤᠨ ᠵᠠᠢ ᠪᠠᠨ ᠴᠢᠷᠮᠠᠶᠢᠨ ᠦᠷᠬᠡᠳᠬᠡᠵᠦ᠂ ᠬᠦᠷᠦᠯᠴᠡᠬᠦᠶᠢᠴᠡ ᠠᠭᠠᠷ ᠲᠠᠢ ᠪᠠᠶᠢᠯᠭᠠᠨ᠎ᠠ᠃      ● ᠰᠤᠬᠤᠷ ᠪᠠᠯᠠᠢ ᠪᠠᠷ ᠬᠠᠰᠬᠢᠷᠬᠤ ᠦᠬᠡᠢ᠂ ᠬᠦᠴᠦ ᠳᠠᠮᠢᠷ ᠢᠶᠠᠨ ᠨᠦᠬᠡᠴᠡᠯᠡᠬᠦ ᠶᠢ ᠠᠩᠬᠠᠷᠬᠤ ᠬᠡᠷᠡᠭᠳᠠᠢ᠃
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号