ᠠᠷᠤ ᠬᠤᠷᠴᠢᠨ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ ᠰᠣᠶᠣᠯ ᠲᠠᠮᠢᠷ ᠷᠠᠳᠢᠤ᠋ | ᠲᠧᠯᠸᠢᠰ ᠵᠤᠭᠠᠴᠠᠯ ᠤᠨ ᠲᠤᠪᠴᠢᠶ᠎ᠠ᠂ ᠰᠤᠷᠭᠠᠨ ᠬᠦᠮᠦᠵᠢᠯ ᠤᠨ ᠲᠣᠪᠴᠢᠶᠠᠨ ᠠᠴᠠ ᠭᠤᠣᠯᠯᠠᠨ ᠡᠷᠬᠢᠯᠡᠵᠦ᠂ | ᠬᠤᠰᠢᠭᠤᠨ ᠰᠢᠨᠬᠤᠸᠠ ᠨᠤᠮ ᠤᠨ ᠲᠡᠯᠭᠡᠭᠦᠷ᠂ ᠰᠣᠶᠤᠯ ᠤᠨ ᠣᠷᠳᠤᠨ ᠠᠴᠠ ᠲᠠᠭᠠᠭᠠᠴᠢᠯᠠᠨ ᠡᠷᠬᠢᠯᠡᠭᠰᠡᠨ ᠪᠦᠬᠦ | ᠬᠤᠰᠢᠭᠤᠨ ᠤ ︽ᠰᠣᠶᠤᠯ ᠤᠷᠠᠯᠢᠭ ᠢᠶᠠᠷ ᠶᠠᠳᠠᠭᠤ ᠶᠢ ᠲᠡᠳᠭᠦᠨ᠂ ᠨᠤᠮ ᠪᠢᠴᠢᠭ ᠢᠶᠠᠷ ᠠᠷᠠᠳ ᠲᠤ ᠠᠰᠢᠭ | ᠬᠦᠷᠳᠡᠭᠡᠨ᠂ ᠪᠦᠬᠦ ᠠᠷᠠᠳ ᠢᠶᠠᠷ ᠢᠶᠠᠨ ᠨᠤᠮ ᠤᠩᠰᠢᠵᠠᠭᠠᠶᠠ︾ ᠭᠡᠬᠦ ᠭᠤᠣᠯ ᠰᠡᠳᠤᠪᠲᠤ ᠤᠷᠠᠨ ᠤᠩᠰᠢᠯᠭ᠎ᠠ ᠶᠢᠨ | ᠤᠷᠤᠯᠳᠤᠭᠠᠨ 2018 ᠣᠨ ᠤ 10 ᠰᠠᠷ᠎ᠠ ᠶᠢᠨ 20 ᠤ ᠡᠳᠦᠷ ᠴᠢᠪᠠᠭ᠎ᠠ ᠲᠤᠷᠰᠢᠯᠲᠠ ᠶᠢᠨ ᠪᠠᠭ᠎ᠠ | ᠰᠤᠷᠭᠠᠭᠤᠯᠢ ᠳᠤ ᠦᠪᠡᠳᠡᠭᠰᠢ ᠶᠠᠪᠣᠭᠳᠠᠭᠰᠠᠨ ᠪᠠᠶᠢᠨ᠎ᠠ᠃ | | | | | | ᠬᠠᠨ ᠠᠭᠤᠯᠠ ᠪᠠᠭ᠎ᠠ ᠰᠣᠷᠭᠠᠭᠤᠯᠢ ᠠᠴᠠ ᠮᠠᠠᠳᠠ ᠵᠡᠷᠭᠡ 9 ᠰᠣᠷᠤᠭᠴᠢ ᠣᠷᠤᠯᠴᠠᠵᠤ᠂ 5.4 ᠳ᠋ᠦ᠋ᠭᠡᠷ | ᠠᠩᠭᠢ ᠶᠢᠨ ᠬᠠ᠊ · ᠰᠢᠭᠤᠢ ᠨᠢᠭᠡᠳᠦᠭᠡᠷ ᠲᠡᠰ᠂ 5.4 ᠳ᠋ᠦ᠋ᠭᠡᠷ ᠠᠩᠭᠢ ᠶᠢᠨ ᠮᠠᠠᠳᠠ᠂ 4.2 ᠳ᠋ᠤᠭᠠᠷ ᠠᠩᠭᠢ ᠶᠢᠨ ᠪᠦ᠊ | · ᠦᠢᠯᠡᠰ ᠬᠤᠶᠠᠳᠤᠭᠠᠷ ᠲᠡᠰ᠂ 5.4 ᠳ᠋ᠦ᠋ᠭᠡᠷ ᠠᠩᠭᠢ ᠶᠢᠨ ᠠᠨᠠᠷ᠂ 5.4 ᠳ᠋ᠦ᠋ᠭᠡᠷ ᠠᠩᠭᠢ ᠶᠢᠨ ᠰᠢᠭᠤᠢ᠂ 5.4 | ᠳ᠋ᠦ᠋ᠭᠡᠷ ᠠᠩᠭᠢ ᠶᠢᠨ ᠠᠰᠢᠳᠠ᠂ ᠢᠯᠠᠨ᠎ᠠ ᠨᠠᠷ ᠤᠨ ᠤᠩᠰᠢᠭᠰᠠᠨ ᠬᠠᠮᠲᠤ ᠶᠢᠨ ᠰᠢᠯᠥᠭ ︽ᠪᠢ ᠡᠬᠡ ᠣᠷᠤᠨ ᠲᠠᠢ | ᠬᠦᠮᠦᠨ︾ ᠭᠡᠬᠦ ᠰᠢᠯᠥᠭ ᠲᠤᠰ ᠲᠤᠰ ᠭᠤᠷᠪᠠᠳᠤᠭᠠᠷ ᠲᠡᠰ ᠲᠤ ᠲᠣᠳᠤᠷᠠᠨ ᠦᠵᠡᠭᠴᠢ ᠣᠯᠠᠨ ᠤ ᠬᠠᠷᠠᠭ᠎ᠠ ᠶᠢ | ᠮᠢᠯᠢᠶᠠᠵᠤ᠂ ᠰᠣᠨᠤᠰᠤᠭᠴᠢ ᠲᠥᠮᠡᠨ ᠤ ᠰᠣᠨᠤᠷ ᠢ ᠪᠠᠶᠠᠰᠬᠠᠭᠰᠠᠨ ᠪᠠᠶᠢᠨ᠎ᠠ᠃ | | | | ᠲᠤᠰ ᠤᠷᠤᠯᠳᠤᠭᠠᠨ ᠨᠢ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ | ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠣᠯᠤᠨ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ | ᠵᠣᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠰᠢ ᠶᠢᠨ ᠫᠢᠩ ᠤᠨ ᠰᠢᠷᠢᠰ ᠶᠠᠷᠢᠶᠠᠨ ᠤ ᠵᠣᠷᠢᠭ | ᠰᠠᠨᠠᠭ᠎ᠠ ᠪᠣᠯᠤᠨ ᠲᠦᠷᠦ ᠶᠢ ᠵᠠᠰᠠᠵᠤ ᠵᠠᠰᠠᠭ ᠢ ᠡᠷᠬᠢᠯᠡᠬᠦ ᠠᠷᠭ᠎ᠠ ᠪᠤᠳᠤᠯᠭ᠎ᠠ ᠶᠢ ᠰᠤᠷᠤᠯᠴᠠᠵᠤ ᠤᠬᠠᠭᠤᠯᠤᠨ | ᠲᠤᠭᠤᠰᠢᠯᠠᠭᠤᠯᠵᠤ᠂ ᠥᠭᠡᠷᠡᠴᠢᠯᠡᠯᠲᠡ ᠨᠡᠭᠡᠭᠡᠯᠲᠡ ᠶᠢᠨ 40 ᠵᠢᠯ ᠤᠨ ᠦᠷ᠎ᠡ ᠪᠦᠲᠦᠭᠡᠯ ᠢ ᠢᠯᠡᠷᠡᠭᠦᠯᠦᠨ᠂ | ᠨᠡᠶᠢᠭᠡᠮ ᠵᠢᠷᠤᠮᠳᠤ ᠭᠤᠣᠯᠯᠠᠭᠴᠢ ᠦᠷᠲᠡᠭ ᠤᠨ ᠦᠵᠡᠯᠲᠡ ᠶᠢ ᠪᠤᠢ ᠪᠤᠯᠭᠠᠵᠤ᠂ ᠰᠣᠶᠤᠯ ᠤᠷᠠᠯᠢᠭ ᠢᠶᠠᠷ ᠶᠠᠳᠠᠭᠤ ᠶᠢ | ᠲᠡᠳᠭᠦᠨ᠂ ᠨᠤᠮ ᠪᠢᠴᠢᠭ ᠢᠶᠠᠷ ᠠᠷᠠᠳ ᠲᠤ ᠠᠰᠢᠭ ᠬᠦᠷᠳᠡᠭᠡᠨ᠂ ᠪᠦᠬᠦ ᠠᠷᠠᠳ ᠢᠶᠠᠷ ᠢᠶᠠᠨ ᠨᠤᠮ ᠤᠩᠰᠢᠵᠤ᠂ | ᠦᠷᠭᠡᠨ ᠤᠯᠠᠨ ᠲᠥᠮᠡᠨ ᠤ ᠰᠣᠶᠣᠯ ᠤᠨ ᠬᠡᠪ ᠴᠢᠨᠠᠷ ᠢ ᠲᠡᠭᠡᠭᠰᠢᠯᠡᠭᠦᠯᠦᠨ᠂ ᠰᠠᠶᠢᠨ ᠰᠠᠶᠢᠬᠠᠨ ᠨᠡᠶᠢᠭᠡᠮ ᠤᠨ | ᠪᠠᠶᠢᠳᠠᠯ ᠢ ᠪᠣᠢ ᠪᠣᠯᠭᠠᠬᠤ ᠳᠤ ᠲᠥᠯᠬᠢᠴᠡ ᠦᠢᠯᠡᠳᠦᠯ ᠦᠵᠡᠭᠦᠯᠦᠭᠰᠡᠨ ᠪᠠᠶᠢᠨ᠎ᠠ᠃ ︵ᠵᠠᠯᠭᠠᠬᠦᠤ︶ | |