ᠠᠷᠤ ᠬᠤᠷᠴᠢᠨ ᠬᠤᠰᠢᠭᠤᠨ ᠤ ᠬᠠᠨ ᠠᠭᠤᠯᠠ ᠪᠠᠭ᠎ᠠ ᠰᠤᠷᠭᠠᠭᠤᠯᠢ ᠨᠢ ᠭᠠᠵᠠᠷ ᠬᠦᠳᠡᠯᠥᠯᠲᠡ ᠶᠢᠨ ᠭᠠᠮᠰᠢᠭ ᠠᠴᠠ ᠵᠠᠶᠢᠯᠠᠬᠤ ᠠᠮᠤᠷ ᠲᠦᠪᠰᠢᠨ ᠤ ᠰᠤᠷᠢᠯᠲᠠ ᠬᠢᠪᠡ
ᠨᠡᠶᠢᠲᠡᠯᠡᠭᠰᠡᠨ ᠴᠠᠭ᠄
2020/10/12
ᠠᠷᠤ ᠬᠤᠷᠴᠢᠨ ᠬᠤᠰᠢᠭᠤᠨ ᠤ ᠬᠠᠨ ᠠᠭᠤᠯᠠ ᠪᠠᠭ᠎ᠠ ᠰᠤᠷᠭᠠᠭᠤᠯᠢ ᠨᠢ ᠪᠠᠭᠰᠢ ᠰᠤᠷᠤᠭᠴᠢ ᠶᠢᠨ ᠭᠠᠵᠠᠷ ᠬᠦᠳᠡᠯᠥᠯᠲᠡ᠂ ᠭᠠᠮᠰᠢᠭ ᠠᠴᠠ ᠵᠠᠶᠢᠯᠠᠬᠤ᠂ ᠪᠠᠴᠢᠮ ᠪᠠᠶᠢᠳᠠᠯ ᠢ ᠠᠷᠭᠠᠴᠠᠭᠠᠬᠤ ᠴᠢᠳᠠᠪᠦᠷᠢ᠂ ᠦᠪᠡᠷ ᠢ ᠪᠠᠨ ᠠᠪᠣᠷᠠᠵᠤ ᠬᠠᠮᠠᠭᠠᠯᠠᠬᠤ ᠴᠢᠳᠠᠪᠦᠷᠢ ᠶᠢ ᠲᠡᠭᠡᠭᠰᠢᠯᠡᠭᠦᠯᠬᠦ ᠶᠢᠨ ᠲᠥᠯᠥᠭᠡ 2020 ᠣᠨ ᠤ 10 ᠰᠠᠷ᠎ᠠ ᠶᠢᠨ 9 ᠤ ᠡᠳᠦᠷ ᠪᠦᠬᠦ ᠪᠠᠭᠰᠢ ᠰᠣᠷᠤᠭᠴᠢ ᠣᠷᠤᠯᠴᠠᠭᠰᠠᠨ ᠭᠠᠵᠠᠷ ᠬᠦᠳᠡᠯᠥᠯᠲᠡ ᠶᠢᠨ ᠭᠠᠮᠰᠢᠭ ᠠᠴᠠ ᠵᠠᠶᠢᠯᠠᠬᠤ ᠠᠮᠤᠷ ᠲᠦᠪᠰᠢᠨ ᠤ ᠰᠤᠷᠢᠯᠲᠠ ᠬᠢᠪᠡ᠃
       ᠦᠳᠡ ᠶᠢᠨ ᠡᠮᠦᠨᠡᠬᠢ ᠬᠤᠶᠠᠳᠤᠭᠠᠷ ᠬᠢᠴᠢᠶᠡᠯ ᠪᠠᠭᠤᠬᠤ ᠠᠴᠠ ᠡᠮᠦᠨᠡᠬᠡᠨ ᠰᠡᠷᠡᠮᠵᠢ ᠶᠢᠨ ᠬᠤᠩᠬᠤ ᠲᠤᠤᠭᠠᠷᠴᠤ᠂ ᠬᠢᠴᠢᠶᠡᠯᠯᠡᠵᠦ ᠪᠠᠶᠢᠭᠰᠠᠨ ᠪᠠᠭᠰᠢ ᠨᠠᠷ ᠲᠣᠣᠷᠬᠠᠨ ᠢᠶᠠᠨ ᠰᠤᠷᠤᠭᠴᠢᠳ ᠢ ᠵᠢᠯᠤᠭᠤᠳᠤᠨ ᠬᠤᠶᠠᠷ ᠭᠠᠷ ᠢᠶᠠᠷ ᠨᠢ ᠲᠣᠯᠤᠭᠠᠢ ᠪᠠᠨ ᠬᠠᠮᠠᠭᠠᠯᠠᠵᠤ᠂ ᠰᠢᠷᠡᠭᠡᠨ ᠲᠣᠣᠷ᠎ᠠ ᠣᠷᠤᠬᠤ ᠠᠯᠬᠤᠮ ᠢ ᠬᠡᠳᠦᠬᠡᠨ ᠰᠧᠺᠦᠨ᠋ᠲ ᠤᠨ ᠲᠣᠳᠤᠷ᠎ᠠ ᠪᠡᠶᠡᠯᠡᠭᠦᠯᠵᠦ᠂ ᠬᠤᠶᠠᠳᠤᠭᠠᠷ ᠪᠠᠴᠢᠮ ᠲᠠᠷᠬᠠᠬᠤ ᠬᠤᠩᠬᠤ ᠲᠤᠤᠭᠠᠷᠤᠮᠠᠭᠴᠠ ᠠᠰᠠᠷ ᠤᠨ ᠭᠤᠳᠤᠮᠵᠢ ᠪᠠ ᠱᠠᠲᠤ ᠶᠢᠨ ᠬᠠᠵᠠᠭᠤᠳᠡᠬᠢ ᠪᠠᠭᠰᠢ ᠨᠠᠷ ᠤᠨ ᠬᠠᠮᠠᠭᠠᠯᠠᠯ ᠲᠤᠤᠷ᠎ᠠ ᠮᠠᠰᠢ ᠲᠦᠷᠭᠡᠨ ᠢᠶᠠᠷ ᠬᠢᠴᠢᠶᠡᠯ ᠤᠨ ᠠᠰᠠᠷ ᠠᠴᠠ ᠡᠮᠬᠢ ᠲᠢᠭᠯᠢᠮ ᠲᠠᠢ ᠪᠠᠭᠤᠵᠤ᠂ ᠬᠥᠯ ᠪᠥᠮᠪᠥᠭᠡᠨ ᠲᠠᠯᠠᠪᠠᠢ ᠳᠤ ᠠᠮᠣᠷ ᠲᠦᠪᠰᠢᠨ ᠴᠤᠭᠯᠠᠷᠠᠵᠠᠭᠠᠭᠰᠠᠨ ᠪᠠᠶᠢᠨ᠎ᠠ᠃ ᠲᠤᠰ ᠤᠳᠠᠭᠠᠨ ᠤ ᠰᠣᠷᠢᠯᠲᠠ ᠳᠤ ᠨᠢᠭᠡᠳᠦᠭᠡᠷ ᠣᠨ ᠤ ᠰᠤᠷᠤᠭᠴᠢᠳ ᠲᠤ ᠠᠮᠣᠷ ᠲᠦᠪᠰᠢᠨ ᠤ ᠵᠠᠮ ᠱᠤᠭᠤᠮ ᠢ ᠲᠠᠨᠢᠭᠤᠯᠵᠣ᠂ ᠰᠤᠷᠢᠯᠲᠠ ᠳᠤ ᠢᠳᠡᠪᠬᠢᠲᠡᠢ ᠣᠷᠤᠯᠴᠠᠵᠤ᠂ ᠪᠠᠴᠢᠮ ᠪᠠᠶᠢᠳᠠᠯ ᠳᠤ ᠣᠪᠤᠭᠠᠷᠠᠯᠳᠤᠵᠤ ᠴᠢᠬᠢᠯᠳᠦᠬᠦ ᠦᠭᠡᠢ᠂ ᠡᠮᠬᠢ ᠲᠢᠭᠯᠢᠮ ᠢ ᠠᠩᠬᠠᠷᠬᠤ ᠬᠡᠷᠡᠭᠲᠡᠢ ᠭᠡᠳᠡᠭ ᠢ ᠣᠶᠢᠯᠠᠭᠠᠭᠤᠯᠤᠭᠰᠠᠨ ᠪᠠᠶᠢᠨ᠎ᠠ᠃
       ᠠᠮᠤᠷ ᠲᠦᠪᠰᠢᠨ ᠢ ᠬᠤᠪᠢᠶᠠᠨ ᠬᠠᠷᠢᠭᠤᠴᠠᠵᠤ ᠪᠠᠶᠢᠭ᠎ᠠ ᠡᠷᠬᠢᠯᠡᠭᠴᠢ ᠠᠴᠠ ᠲᠤᠰ ᠤᠳᠠᠭᠠᠨ ᠤ ᠰᠣᠷᠢᠯᠲᠠ ᠳᠤ ᠳ᠋ᠦᠩᠨᠡᠯᠲᠡ ᠬᠢᠵᠦ᠂ ᠪᠦᠬᠦ ᠪᠠᠭᠰᠢ ᠰᠣᠷᠤᠭᠴᠢ ᠶᠢᠨ ᠢᠳᠡᠪᠬᠢᠲᠡᠢ ᠬᠠᠮᠵᠢᠯᠴᠠᠭ᠎ᠠ ᠪᠠᠷ ᠲᠤᠰ ᠤᠳᠠᠭᠠᠨ ᠤ ᠰᠣᠷᠢᠯᠲᠠ ᠨᠢ ᠠᠮᠵᠢᠯᠲᠠ ᠲᠠᠢ ᠶᠠᠪᠤᠭᠳᠠᠵᠤ ᠲᠤᠭᠳᠠᠭᠰᠠᠨ ᠵᠣᠷᠢᠯᠭ᠎ᠠ ᠳᠤ ᠪᠠᠨ ᠬᠦᠷᠴᠦ ᠴᠢᠳᠠᠭᠰᠠᠨ ᠪᠠᠶᠢᠨ᠎ᠠ᠃ ᠬᠤᠶᠢᠰᠢᠳᠡ ᠪᠠᠭᠰᠢ ᠰᠣᠷᠤᠭᠴᠢᠳ ᠰᠣᠨᠤᠷ ᠰᠡᠷᠡᠮᠵᠢ ᠪᠠᠨ ᠲᠡᠭᠡᠭᠰᠢᠯᠡᠭᠦᠯᠵᠦ ᠭᠠᠵᠠᠷ ᠬᠦᠳᠡᠯᠥᠯᠲᠡ ᠵᠡᠷᠭᠡ ᠡᠯ᠎ᠡ ᠵᠥᠢᠯ ᠤᠨ ᠭᠠᠮᠰᠢᠭ ᠠᠴᠠ ᠵᠠᠶᠢᠯᠠᠬᠤ᠂ ᠪᠠᠴᠢᠮ ᠪᠠᠶᠢᠳᠠᠯ ᠢ ᠠᠷᠭᠠᠴᠠᠭᠠᠤ ᠴᠢᠳᠠᠪᠦᠷᠢ ᠪᠠᠨ ᠲᠡᠭᠡᠭᠰᠢᠯᠡᠭᠦᠯᠵᠦ᠂ ᠠᠮᠤᠷ ᠲᠦᠪᠰᠢᠨ ᠢᠶᠠᠷ ᠠᠵᠢᠯᠯᠠᠵᠤ ᠰᠣᠷᠤᠯᠴᠠᠬᠤ ᠶᠢ ᠪᠠᠳᠤᠯᠠᠬᠤ ᠬᠡᠷᠡᠭᠲᠡᠢ ᠭᠡᠰᠡᠨ ᠪᠠᠶᠢᠨ᠎ᠠ᠃  ︵ᠵᠠᠯᠭᠠᠬᠦᠦ︶
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号