ᠣᠨᠠᠭᠠᠨ ᠪᠠᠭ᠎ᠠ ᠶᠢᠨ ᠴᠠᠶᠢᠯᠭᠠᠨ ᠨᠦᠬᠦᠷᠯᠡᠯ
ᠨᠡᠶᠢᠲᠡᠯᠡᠭᠰᠡᠨ ᠴᠠᠭ᠄
2020/10/12
            ᠣᠨᠠᠭᠠᠨ ᠪᠠᠭ᠎ᠠ ᠶᠢᠨ ᠴᠠᠶᠢᠯᠭᠠᠨ ᠨᠦᠬᠦᠷᠯᠡᠯ                     ᠴᠢᠪᠠᠭ᠎ᠠ ᠲᠠᠪᠤᠳᠤᠭᠠᠷ ᠲᠤᠮᠳᠠᠳᠤ ᠰᠤᠷᠭᠠᠭᠤᠯᠢ ᠶᠢᠨ ᠰᠤᠷᠤᠭᠴᠢ   ᠴᠢᠨᠳᠠᠮᠤᠨᠢ      ︽ᠲᠢᠷ ᠁ ᠲᠢᠷ ᠁︾ ᠬᠢᠴᠢᠶᠡᠯ ᠪᠠᠭᠤᠬᠤ ᠬᠤᠨᠭ᠍ᠬᠤ ᠠᠰᠠᠷ ᠤᠨ ᠭᠤᠳᠣᠮᠵᠢ ᠪᠠᠷ ᠬᠠᠨᠭ᠍ᠬᠢᠨᠠᠳᠠᠯ᠎ᠠ ᠴᠣᠣᠷᠢᠶᠠᠳᠣᠵᠣ ᠰᠣᠷᠣᠭᠴᠢᠳ ᠲᠤ ᠦᠳᠡ ᠶᠢᠨ ᠬᠤᠭᠤᠯᠠᠨ ᠤ ᠴᠠᠭ ᠪᠣᠯᠣᠭᠰᠠᠨ ᠢ ᠮᠡᠳᠡᠬᠡᠯᠡᠯ᠎ᠡ᠃ ᠡᠨᠡ ᠬᠦ ᠳᠠᠭᠤᠨ ᠢ ᠣᠳᠠᠳᠠᠯ᠎ᠠ ᠬᠦᠯᠢᠶᠡᠵᠣ ᠰᠠᠭᠤᠭᠰᠠᠨ ᠰᠤᠷᠤᠭᠴᠢᠳ ᠪᠠᠭᠰᠢ ᠶᠢᠨ ︽ᠬᠢᠴᠢᠶᠡᠯ ᠪᠠᠭᠤ︾ ᠭᠡᠵᠣ ᠬᠡᠯᠡᠬᠦ ᠶᠢ ᠴᠦ ᠬᠦᠯᠢᠶᠡᠯ ᠦᠬᠡᠢ ᠠᠩᠬᠢ ᠶᠢᠨ ᠡᠭᠦᠳᠡ ᠪᠠᠷ ᠴᠢᠬᠢᠯᠳᠣᠨ ᠭᠠᠷᠣᠨ᠎ᠠ᠃ ᠬᠡᠣᠬᠡᠳ ᠤᠳ ᠤᠨ ᠬᠦᠯ ᠳᠤ ᠳᠦᠰ ᠲᠠᠰ ᠮᠦᠷᠭᠦᠭᠦᠯᠦᠭᠰᠡᠨ ᠮᠠᠭᠤ ᠳᠡᠮᠦᠷ ᠡᠭᠦᠳᠡ ᠴᠦ ᠵᠢᠷ ᠵᠢᠷ ᠳᠣᠣᠭᠠᠷᠴᠦ ᠣᠳᠠᠯ ᠦᠬᠡᠢ ᠠᠵᠢᠯ ᠤᠨ ᠪᠠᠶᠢᠷᠢᠨ ᠠᠴᠠ  ᠪᠠᠨ ᠪᠠᠭᠤᠬᠤ ᠪᠣᠯᠣᠭᠰᠠᠨ ᠢᠶᠠᠨ ᠮᠡᠳᠡᠭᠦᠯᠦᠨ᠎ᠡ᠃ ︽ᠠᠢ᠃ ᠡᠳᠡᠭᠡᠷ ᠬᠡᠣᠬᠡᠳ ᠤᠳ ᠢ ᠶᠠᠭᠠᠬᠢᠳᠠᠭ ᠴᠦ ᠪᠢᠯᠡ᠂ ᠬᠡᠪᠡᠴᠦ ᠬᠡᠨ ᠨᠢ ᠢᠳᠡᠵᠣ  ᠤᠤᠭᠤᠶ᠎ᠡ ᠬᠡᠵᠣ  ᠪᠤᠳᠤᠬᠤ ᠦᠬᠡᠢ ᠪᠢᠯᠡ ᠁︾ ᠬᠡᠵᠣ ᠳᠦᠳᠦᠨᠡᠵᠣ ᠰᠠᠭᠤᠭᠰᠠᠨ ᠡᠮᠡᠭᠳᠡᠢ ᠪᠠᠭᠰᠢ ᠨᠢᠳᠣᠨ ᠰᠢᠯ ᠢᠶᠠᠨ ᠳᠡᠭᠡᠭᠰᠢ ᠳᠦᠯᠬᠢᠰᠬᠢᠭᠡᠳ ᠶᠠᠭ ᠡᠭᠦᠳᠡ ᠪᠠᠷ ᠭᠠᠷᠬᠤ ᠬᠡᠵᠣ ᠪᠠᠶᠢᠭ᠎ᠠ ᠳᠦᠷᠯᠡᠬᠡᠷ ᠳᠣᠮᠣ ᠨᠢᠳᠣ ᠲᠠᠢ ᠬᠦᠦ ᠳᠤ᠄ ︽ ᠪᠠᠲᠤᠪᠤᠯᠤᠳ ᠡ᠂ ᠶᠠᠭᠠᠬᠢᠭᠰᠠᠨ ᠶᠣᠮ︖ ᠶᠠᠭᠤᠨ ᠳᠤ ᠳᠣᠭᠤᠯᠠᠩ ᠪᠣᠯᠴᠢᠬᠠᠭᠠᠳ ᠶᠠᠪᠣᠨ᠎ᠠ︖︾ ᠬᠡᠵᠣ ᠬᠠᠯᠠᠮᠵᠢᠯᠠᠭᠰᠠᠨ ᠮᠠᠶ᠋ᠢᠭ ᠢᠶᠠᠷ ᠠᠰᠠᠭᠤᠪᠠᠯ ᠪᠦᠵᠦᠩ ᠰᠢᠭ ᠲᠤᠩᠭᠤᠰ ᠲᠤᠩᠭᠤᠰ ᠦᠰᠦᠷᠦᠭᠰᠡᠨ ᠬᠦᠦ ︽ᠡᠷ᠎ᠡ ᠨᠢᠬᠡ ᠪᠦᠳᠦᠷᠢᠳᠡᠭ᠂ ᠦ ᠪᠢᠰᠢ᠂ ᠡᠷ᠎ᠡ ᠨᠢᠬᠡ ᠠᠳᠡᠳᠡᠭ᠂ ᠮᠣᠷᠢ ᠨᠢᠬᠡ ᠪᠦᠳᠦᠷᠢᠳᠡᠭ ᠬᠡᠳᠡᠭ ᠢᠶᠠᠷ ᠪᠢ ᠴᠢᠨᠢ ᠳᠣᠭᠤᠭᠠᠨ ᠭᠡᠷ ᠦᠭᠡᠳᠡ ᠵᠢᠷᠣᠭᠠᠯᠠᠵᠣ ᠪᠠᠶᠢᠭᠠᠳ ᠬᠦᠮᠦᠨ ᠤ ᠬᠦᠯ ᠳᠤ ᠣᠶᠢᠴᠢᠭᠠᠳ ᠁︾ ᠭᠡᠳ  ᠳᠡᠭᠵᠢᠨ ᠴᠣᠪᠣᠭᠤᠯᠢᠭ ᠢᠨᠢᠶᠡᠵᠡᠢ᠃      ᠡᠨᠡ ᠬᠦᠦ ᠶᠢ ᠪᠠᠳᠣᠪᠣᠯᠣᠳ ᠬᠡᠳᠡᠭ᠂ ᠳᠣᠰ ᠰᠣᠷᠭᠠᠭᠤᠯᠢ ᠶᠢᠨ ᠠᠩᠬ᠎ᠠ ᠭᠤᠷᠪᠠ ᠶᠢᠨ ᠨᠢᠬᠡᠳᠦᠭᠡᠷ ᠠᠩᠬᠢ  ᠶᠢᠨ ᠰᠣᠷᠣᠭᠴᠢ᠂ ᠰᠣᠷᠣᠯᠭ᠎ᠠ ᠬᠢᠴᠢᠶᠡᠯ ᠬᠡᠵᠣ ᠣᠪᠣᠭ᠎ᠠ ᠵᠦᠬᠡᠷ ᠪᠣᠯᠪᠠᠴᠦ ᠠᠯᠢᠶ᠎ᠠ ᠲᠦᠢᠳᠭᠡᠷ ᠤᠨ ᠬᠡᠴᠡᠬᠦᠦ ᠬᠡᠭᠴᠢ ︽ᠰᠠᠮᠵᠠ︾ ᠬᠡᠪᠡᠯ ᠨᠢᠬᠡᠯᠡ ᠦᠬᠡ᠂ ᠬᠡᠪᠡᠴᠤ ᠵᠢᠯ ᠳᠠᠷᠠᠭᠠᠯᠠᠨ ᠭᠤᠷᠪᠠᠨ ᠰᠠᠶᠢᠨᠳᠡᠢ ᠰᠣᠷᠣᠭᠴᠢ ᠪᠠᠷ ᠦᠨᠡᠯᠡᠭᠳᠡᠵᠣ᠂ ᠳᠠᠮᠢᠷ ᠤᠨ ᠳᠠᠯ᠎ᠠ ᠪᠠᠷ ᠪᠠᠨ ᠴᠦ ᠶᠡᠭᠡ ᠠᠪᠢᠶᠠᠰ ᠲᠠᠢ ᠪᠠᠷ ᠢᠶᠠᠨ ᠪᠠᠭᠰᠢ ᠰᠣᠷᠣᠭᠴᠢᠳ ᠲᠤ ᠪᠠᠨ ᠳᠠᠭᠠᠯᠠᠭᠳᠠᠵᠣ ᠶᠠᠪᠣᠳᠠᠭ᠃ ᠰᠣᠷᠣᠯᠭ᠎ᠠ ᠰᠠᠶᠢᠨ᠂ ᠳᠦᠷᠦᠭᠰᠡᠨ ᠵᠢᠰᠣ ᠨᠢ ᠴᠦ ᠪᠠᠷᠢᠮᠵᠢᠶᠠᠯᠢᠭ ᠠᠴᠠ ᠠᠷᠪᠢᠨ ᠦᠬᠢᠨ  ᠤ ᠰᠡᠳᠬᠢᠯ ᠢ ᠬᠦᠳᠡᠯᠬᠡᠵᠣ ᠠᠩᠬᠢᠯᠣᠮ᠎ᠠ ᠦᠨᠦᠷ ᠲᠠᠢ ᠵᠠᠬᠢᠳᠠᠯ ᠴᠦ ᠮᠣᠩ ᠦᠬᠡᠢ ᠳᠣᠰᠣᠭᠰᠠᠨ ᠳᠤ ᠪᠠᠨ ᠬᠠᠮᠳᠣ ᠶᠠᠪᠣᠳᠠᠭ ᠬᠦᠦᠴᠦᠦᠯ ᠳᠤ ᠪᠠᠨ ᠣᠡᠭᠬᠢᠷᠠᠳᠠᠭ ᠴᠦ ᠨᠢᠬᠡ ᠣᠳᠠᠭ᠎ᠠ ᠴᠦ ᠬᠡᠣᠬᠡᠨ ᠰᠣᠷᠣᠭᠴᠢ ᠲᠠᠢ ᠶᠠᠪᠣᠯᠴᠠᠵᠣ ᠦᠡᠭᠭᠡᠷᠡᠭᠰᠡᠨ ᠦᠬᠡᠢ ᠪᠢᠯᠡ᠃ ᠪᠠᠳᠣᠪᠣᠯᠣᠳ ᠦᠷᠬᠦᠯᠵᠢ ᠳᠣᠳᠣᠷ᠎ᠠ ᠪᠠᠨ ᠨᠠᠶᠢᠵᠠ ᠦᠬᠢᠨ ᠡᠷᠢᠬᠦ ᠦᠭᠡᠢ ᠨᠢ ᠳᠡᠭᠡᠷ᠎ᠠ ᠬᠡᠵᠣ ᠪᠣᠳᠣᠳᠠᠭ ᠴᠦ ᠦᠨᠡᠨᠳᠡᠭᠡᠨ ᠳᠡᠭᠦᠨ ᠤ ᠵᠣᠷᠢᠭ ᠬᠦᠷᠳᠡᠭ ᠦᠬᠡᠢ᠂ ᠦᠬᠢᠳ ᠲᠠᠢ ᠵᠣᠭᠤᠭ ᠬᠡᠯᠡᠯᠴᠡᠪᠡᠯ ᠡᠭ ᠮᠡᠭ ᠬᠡᠳ ᠪᠦᠳᠦᠨ ᠠᠷᠪᠠᠨ ᠦᠬᠡ ᠬᠡᠯᠡᠯᠴᠡᠬᠦ ᠦᠬᠡᠢ ᠴᠢᠷᠠᠢ ᠨᠢ ᠣᠯᠠᠶᠢᠴᠢᠬᠠᠨ᠎ᠠ᠃      ᠭᠤᠳᠣᠮᠵᠢ ᠪᠠᠷ ᠰᠠᠩᠬᠢᠨᠠᠬᠦ ᠠᠷᠢᠭᠤᠳᠬᠠᠬᠤ ᠡᠮ ᠤᠨ ᠦᠨᠦᠷ ᠬᠠᠮᠠᠷ ᠭᠠᠳᠠᠭᠤᠯᠵᠣ ᠪᠠᠳᠣᠪᠣᠯᠣᠳ ᠡᠨᠡᠬᠦ ᠦᠨᠦᠷ ᠲᠤ ᠳᠡᠰᠬᠦ ᠠᠯᠳᠠᠷᠠᠭᠰᠠᠨ ᠰᠢᠭ᠋ ᠬᠤᠷᠳᠣᠨ ᠬᠤᠷᠳᠣᠨ ᠦᠰᠦᠷᠦᠨ ᠶᠠᠪᠣᠬᠤ ᠳᠤ ᠵᠠᠷᠢᠮ ᠨᠢ ᠠᠩᠬᠢ ᠶᠢᠨ ᠭᠡᠷ  ᠠᠴᠠ ᠳᠣᠯᠣᠭᠠᠢ ᠪᠠᠨ ᠪᠣᠯᠳᠠᠶᠢᠯᠭᠠᠨ ᠬᠠᠷᠠᠨ ᠵᠠᠷᠢᠮ ᠨᠢ ᠠᠩᠬᠢ ᠶᠢᠨ ᠭᠡᠷ ᠲᠤ ᠪᠠᠨ ᠢᠪᠡᠷ ᠰᠢᠪᠡᠷ ᠵᠤᠭᠤᠭ ᠶᠠᠷᠢᠵᠤ ᠰᠠᠭᠤᠨ᠎ᠠ  ᠃  ᠪᠠᠰᠠ ᠵᠠᠷᠢᠮ ᠠᠩᠬᠢ   ᠳᠤ ᠨᠢ ᠨᠢᠬᠡ ᠬᠤᠶᠠᠷ ᠬᠦᠮᠦᠨ ᠦᠯᠡᠳᠡᠭᠡᠳ ᠶᠠᠭᠤ ᠨᠢᠬᠡ ᠶᠢ ᠬᠡᠯᠡᠯᠴᠡᠵᠣ ᠰᠠᠭᠤᠨ᠎ᠠ᠃ ︽ᠪᠠᠳᠣ ᠡ᠂ ᠬᠦᠯᠢᠶᠡᠵᠣ ᠪᠠᠶᠢᠭᠠᠷᠠᠢ︾ ᠭᠡᠵᠣ ᠨᠢᠬᠡᠨ ᠢᠷᠠᠭᠤ ᠴᠡᠬᠡᠯᠬᠡᠨ ᠳᠠᠭᠤᠨ ᠳᠡᠭᠦᠨ ᠢ ᠳᠠᠭᠤᠳᠠᠯ᠎ᠠ᠃  ᠲᠡᠷᠡ ᠬᠡᠰᠡᠭ ᠦᠰᠦᠷᠦᠭᠰᠡᠨ ᠢᠶᠠᠨ ᠳᠡᠭᠦᠨ ᠢ ᠳᠠᠭᠤᠳᠠᠭᠰᠠᠨ ᠰᠢᠭ᠋ ᠰᠠᠨᠠᠭᠳᠠᠨ ᠡᠷᠬᠢᠨ ᠬᠠᠷᠠᠵᠠᠢ᠃ ᠨᠢᠬᠡᠨ ᠳᠣᠷᠠᠩᠬᠠᠢ ᠴᠠᠭᠠᠨ ᠦᠬᠢᠨ ᠳᠡᠭᠦᠨ ᠤ ᠦᠬᠡᠳᠡ ᠠᠯᠬᠤᠨ ᠢᠷᠡᠬᠦ ᠳᠤ ᠪᠠᠳᠣᠪᠣᠯᠣᠳ ᠶᠢᠨ ᠴᠢᠷᠠᠢ ᠬᠤᠷᠣᠮᠬᠠᠨ ᠵᠠᠭᠤᠷ᠎ᠠ ᠣᠯᠠᠶᠢᠰᠬᠠᠭᠠᠳ ᠳᠠᠬᠢᠨ ᠪᠠᠰᠠ ᠬᠤᠷᠣᠮᠬᠠᠨ ᠵᠠᠭᠤᠷ᠎ᠠ ᠡᠩ ᠤᠨ ᠪᠠᠶᠢᠳᠠᠯ ᠳᠤ ᠪᠠᠨ ᠣᠷᠣᠵᠠᠢ᠃ ᠪᠠᠳᠣ ᠰᠣᠷᠣᠭᠰᠠᠨ ᠵᠠᠩ ᠢᠶᠠᠷ ᠢᠶᠠᠨ ᠬᠤᠶᠠᠷ ᠬᠦᠮᠦᠰᠬᠡ ᠪᠠᠨ ᠳᠡᠭᠡᠭᠰᠢ ᠳᠣᠷᠣᠭᠰᠢ ᠪᠣᠯᠭᠠᠨ ᠱᠤᠭ ᠲᠠᠢ ᠳᠦᠷᠢ ᠭᠠᠷᠭᠠᠨ᠄      — ᠦ᠂ ᠨᠠᠷᠬᠢᠯ ᠪᠠᠶᠢᠭᠰᠠᠨ ᠶᠣᠮ ᠤᠤ︖ ᠶᠠᠭᠠᠬᠢᠭᠠᠳ ᠪᠠᠶᠢᠷᠢ ᠲᠤ ᠪᠠᠨ ᠬᠠᠷᠢᠭ᠎ᠠ ᠦᠬᠡᠢ ᠶᠣᠮ︖      — ᠡᠩ ᠁ ᠪᠢ ᠵᠢᠵᠢᠬᠦᠷ ᠢᠶᠠᠨ ᠬᠢᠭᠡᠳ ᠬᠠᠷᠢᠬᠤ ᠬᠡᠵᠣ ᠪᠠᠶᠢᠭ᠎ᠠ ᠶᠣᠮ᠃ ᠬᠦᠯ ᠴᠢᠨᠢ ᠵᠦᠬᠡᠷ ᠪᠢᠵᠡ︖ ᠭᠡᠵᠣ ᠵᠣᠪᠠᠨᠢᠩᠭᠤᠢ ᠠᠰᠠᠭᠤᠵᠠᠢ᠃      — ᠡ ᠁ ᠡᠨᠡ ᠵᠢᠭᠠᠬᠠᠨ ᠰᠢᠷᠬ᠎ᠠ ᠶᠢ ᠁ ᠵᠦᠬᠡᠷ ᠡ ᠵᠦᠬᠡᠷ ᠬᠡᠵᠣ ᠡᠷ᠎ᠡ ᠬᠦᠮᠦᠨ ᠤ ᠮᠠᠶ᠋ᠢᠭ ᠭᠠᠷᠭᠠᠨ ᠬᠦᠯ ᠢᠶᠠᠨ ᠬᠡᠳᠣ ᠳᠡᠪᠢᠰᠦᠭᠰᠡᠨ ᠢᠶᠠᠨ ᠬᠦᠨᠳᠡᠬᠡᠴᠢᠬᠡᠳ ᠡᠰᠡᠯ᠎ᠡ ᠳᠠᠭᠤ ᠳᠠᠯᠪᠢᠴᠢᠬᠠᠭᠰᠠᠨ ᠦᠬᠡᠢ᠃ ᠨᠠᠷᠬᠢᠯ ᠳᠡᠰᠦᠭᠰᠡᠨ ᠦᠬᠡᠢ ︽ᠫᠦᠰ︾ ᠬᠢᠳᠡᠯ᠎ᠡ ᠢᠨᠢᠶᠡᠳᠣ ᠠᠯᠳᠠᠵᠣ ᠨᠠᠷᠢᠬᠠᠨ ᠬᠤᠷᠣᠭᠤ ᠪᠠᠷ ᠢᠶᠠᠨ ᠪᠠᠲᠤᠪᠤᠯᠤᠳ  ᠤᠨ ᠮᠠᠩᠨᠠᠢ ᠶᠢ ᠳᠦᠯᠬᠢᠭᠰᠡᠨ ᠨᠢ ᠪᠠᠳᠣᠪᠣᠯᠣᠳ ᠲᠤ ᠶᠡᠭᠡ ᠰᠠᠶᠢᠬᠠᠨ ᠰᠠᠨᠠᠭᠳᠠᠵᠠᠢ᠃      — ᠠᠬ᠎ᠠ ᠡ᠂ ᠪᠢ ᠴᠢᠮᠠᠢᠢ ᠳᠦᠰᠢᠬᠦ ᠤᠤ︖ ᠬᠦᠯ ᠢᠶᠠᠨ ᠬᠢᠴᠢᠶᠡ ᠳ᠋ᠡ ᠁      — ᠵᠦᠬᠡᠷ ᠬᠡᠵᠣ ᠪᠠᠶᠢᠬᠤ ᠳᠤ᠂ ᠠᠬ᠎ᠠ ᠨᠢ ᠡᠴᠢᠨᠡᠨ ᠵᠢᠯ ᠵᠦᠬᠡᠷ ᠳᠠᠮᠢᠷ ᠪᠣᠯᠪᠠᠰᠣᠷᠠᠭᠰᠠᠨ ᠪᠢᠰᠢ ᠰᠢᠣ ᠬᠡᠳ ᠣᠮᠣᠭᠳᠡᠢ ᠳᠣᠣᠭᠠᠷᠪᠠ᠃     — ᠠᠬ᠎ᠠ ᠡ ᠁ ᠴᠢᠮ᠎ᠠ ᠳᠤ ᠵᠢᠭᠠᠬᠠᠨ ᠵᠢᠮᠢᠰ ᠠᠪᠣᠯ᠎ᠠ ᠁ ᠬᠦᠯ ᠴᠢᠨᠢ ᠬᠤᠷᠳᠣᠨ ᠡᠳᠡᠭᠡᠷᠡᠬᠦ ᠶᠣᠮ ᠡ᠂ ᠪᠢ ᠵᠢᠵᠢᠬᠦᠷ ᠲᠤ ᠪᠠᠨ ᠶᠠᠪᠣᠯ᠎ᠠ ᠬᠡᠳ ᠬᠦᠶᠦᠭᠡᠳ ᠶᠠᠪᠣᠴᠢᠬᠠᠪᠠ᠃      ᠪᠠᠳᠣᠪᠣᠯᠣᠳ ᠪᠣᠭᠴᠦ ᠲᠠᠢ ᠵᠢᠮᠢᠰ ᠢ ᠪᠠᠷᠢᠭᠠᠳ ᠰᠣᠷᠣᠭᠰᠠᠨ ᠵᠠᠩ ᠢᠶᠠᠷ ᠢᠶᠠᠨ ᠳᠣᠯᠣᠭᠠᠢ ᠪᠠᠨ ᠬᠡᠰᠡᠭ ᠮᠠᠭᠠᠵᠢᠭᠰᠠᠨ ᠢᠶᠠᠨ ᠨᠠᠷᠢᠨ ᠬᠡᠳᠡᠰᠣ ᠨᠢ ᠡᠷᠳᠡ ᠡᠷᠡᠣ ᠬᠤᠭᠤᠷ ᠳᠠᠳᠠᠵᠣ ᠪᠠᠶᠢᠬᠤ ᠪᠠᠨ ᠰᠠᠶ᠋ᠢ ᠪᠣᠳᠣᠵᠣ ᠣᠯᠣᠨ ᠪᠠᠶᠢᠷᠢ ᠣᠷᠣᠭᠤ ᠪᠠᠨ ᠲᠤᠩᠭᠤᠰ ᠲᠤᠩᠭᠤᠰ ᠦᠰᠦᠷᠦᠨ ᠶᠠᠪᠣᠵᠠᠢ᠃      ᠨᠠᠷᠬᠢᠯ ᠪᠣᠯ ᠳᠦᠷᠦᠬᠦᠦ ᠵᠢᠯ ᠰᠣᠷᠭᠠᠭᠤᠯᠢ ᠰᠢᠯᠵᠢᠵᠣ ᠢᠷᠡᠭᠰᠡᠨ ᠰᠣᠷᠣᠭᠴᠢ ᠪᠢᠯᠡ᠃ ᠠᠩᠬ᠎ᠠ ᠢᠷᠡᠬᠦ ᠳᠤ  ᠪᠠᠨ ᠳᠣᠷᠠᠩᠬᠠᠢ ᠴᠠᠭᠠᠨ ᠴᠢᠷᠠᠢ ᠲᠠᠢ᠂ ᠠᠯᠠᠭ ᠬᠤᠨᠭ᠍ᠭᠤᠷ ᠨᠢᠳᠣ ᠲᠠᠢ᠂ ᠴᠠᠭᠠᠨ ᠴᠢᠷᠠᠢ ᠳᠡᠭᠡᠷ᠎ᠡ ᠮᠠᠯ ᠬᠠᠷ᠎ᠠ ᠨᠢᠳᠣ  ᠲᠠᠢ ᠪᠠᠨ ᠴᠠᠭᠠᠨ᠎ᠠ ᠪᠠᠨ ᠨᠢᠬᠡᠯᠡ ᠣᠨᠳᠣᠣ᠃ ᠠᠩᠬᠢ ᠶᠢᠨ ᠪᠠᠭᠰᠢ ᠨᠠᠷᠬᠢᠯ ᠢ ᠪᠠᠳᠣᠪᠣᠯᠣᠳ ᠤᠨ ᠬᠠᠵᠠᠭᠤ ᠶᠢᠨ ᠣᠷᠣᠨ ᠢ ᠨᠢ ᠳᠣᠬᠢᠷᠠᠭᠤᠯᠵᠠᠢ᠃ ᠣᠨᠳᠣᠣ ᠭᠠᠵᠠᠷ᠂ ᠠᠯᠢ ᠣᠯᠠᠨ ᠳᠠᠨᠢᠬᠤ ᠦᠬᠡᠢ ᠬᠦᠮᠦᠰ ᠤᠨ ᠳᠣᠮᠳᠠ ᠢᠷᠡᠭᠰᠡᠨ ᠵᠢᠭᠠᠬᠠᠨ ᠨᠠᠷᠬᠢᠯ ᠨᠣᠮᠣᠬᠠᠨ ᠬᠤᠨᠢ ᠰᠢᠭ᠋ ᠡᠨᠡ ᠳᠡᠷᠡ ᠠᠴᠠ ᠬᠢᠴᠢᠶᠡᠵᠣ ᠶᠠᠪᠣᠨ᠎ᠠ᠃  ᠲᠡᠷᠡ ᠳᠠᠨᠢᠯᠴᠠᠶ᠎ᠠ ᠬᠡᠳ ᠰᠢᠯᠳᠠᠭ ᠣᠯᠬᠤ ᠦᠬᠡᠢ ᠵᠣᠪᠠᠨ᠎ᠠ᠃ ᠳᠡᠭᠡᠵᠣ ᠪᠠᠶᠢᠳᠠᠯ᠎ᠠ ᠬᠢᠴᠢᠶᠡᠯ ᠳᠡᠭᠡᠷ᠎ᠡ ᠠᠬᠤᠣ ᠴᠦ ᠳᠣᠬᠢᠶᠠᠯ ᠢᠷᠡᠵᠡᠢ᠃ ᠬᠢᠴᠢᠶᠡᠯ ᠣᠷᠣᠵᠣ ᠪᠠᠶᠢᠬᠤ ᠳᠤ ᠨᠠᠷᠬᠢᠯ ᠰᠠᠨᠠᠮᠰᠠᠷ ᠦᠬᠡᠢ ᠪᠠᠷ ᠲᠡᠭᠦᠨ ᠤ ᠳᠣᠬᠤᠢ ᠶᠢ ᠶᠣᠪᠣᠷᠠᠭᠠᠳ ᠠᠪᠴᠠᠢ᠂ ᠲᠡᠷᠡ ᠶᠡᠬᠡᠯ᠎ᠡ ᠡᠪᠡᠳᠦᠭᠰᠡᠨ ᠳᠦᠷᠢ ᠭᠠᠷᠭᠠᠨ ᠬᠦᠮᠦᠰᠬᠡ ᠠᠳᠣᠷᠢᠨ᠄      — ᠴᠢ ᠶᠠᠭᠤᠨ ᠳᠤ ᠨᠠᠮ᠎ᠠ ᠶᠢ ᠴᠣᠬᠢᠬᠤ ᠶᠣᠮ︖ ᠬᠦᠮᠦᠨ ᠢ ᠬᠦᠭ ᠲᠠᠢ ᠮᠠᠭᠤ ᠦᠵᠡ︕ ᠬᠡᠬᠦ ᠳᠤ ᠨᠠᠷᠬᠢᠯ ᠤᠨ ᠨᠢᠳᠣ ᠠᠶᠣᠭᠰᠠᠨ ᠬᠤᠷᠠᠭᠠᠨ ᠤ ᠨᠢᠳᠣ ᠰᠢᠭ᠋ ᠳᠦᠷᠯᠡᠶᠢᠭᠰᠠᠨ ᠨᠢ ᠢᠨᠢᠶᠡᠳᠣ ᠬᠦᠷᠭᠡᠮᠡᠷ᠃ ᠳᠡᠭᠡᠭᠰᠡᠨ ᠴᠦ  ᠲᠡᠷᠡ ᠢᠨᠢᠶᠡᠭᠰᠡᠨ ᠦᠬᠡᠢ᠂ ᠶᠠᠭᠠᠬᠢᠬᠤ ᠶᠢ ᠨᠢ ᠳᠡᠩᠰᠡᠬᠦ ᠬᠡᠵᠣ᠄      — ᠦᠵᠡ︕ ᠬᠡᠵᠣ ᠶᠠᠭᠠᠬᠢᠭᠰᠠᠨ ᠴᠦ ᠦᠬᠡᠢ ᠭᠠᠷ ᠢᠶᠠᠨ ᠭᠠᠷᠭᠠᠨ ᠦᠵᠡᠬᠦᠯᠵᠡᠢ᠃      — ᠠᠬ᠎ᠠ ᠡ᠂ ᠡᠮᠴᠢ ᠶᠢᠨ ᠳᠠᠰᠤᠭ ᠲᠤ ᠣᠴᠢᠬᠤ ᠤᠤ ᠬᠡᠵᠣ ᠵᠦᠬᠡᠯᠡᠭᠬᠡᠨ ᠬᠡᠯᠡᠭᠡᠳ ᠠᠭᠤᠷᠯᠠᠭᠰᠠᠨ ᠰᠢᠨᠵᠢ ᠠᠯᠠᠭ᠎ᠠ᠃      ᠪᠠᠲᠤᠪᠤᠯᠤᠳ ᠨᠠᠷᠬᠢᠯ ᠤᠨ ᠴᠢᠷᠠᠢ ᠶᠢ ᠠᠵᠢᠭᠯᠠᠵᠣ ᠠᠵᠢᠭᠯᠠᠭᠰᠠᠨ ᠢᠶᠠᠨ ᠰᠠᠶ᠋ᠢ ᠢᠨᠢᠶᠡᠵᠣ᠄      — ᠪᠢ ᠵᠦᠬᠡᠷ ᠰᠢᠨ᠎ᠡ ᠨᠠᠶᠢᠵᠠ ᠶᠢᠨ ᠣᠬᠠᠭᠠᠨ ᠢ ᠨᠢ ᠳᠡᠩᠰᠡᠵᠣ ᠦᠵᠡᠭᠰᠡᠨ ᠶᠣᠮ᠂ ᠨᠠᠮ᠎ᠠ ᠶᠢ ᠪᠠᠳᠣᠪᠣᠯᠣᠳ ᠬᠡᠳᠡᠭ᠂ ᠨᠡᠷ᠎ᠡ ᠴᠢᠨᠢ ᠬᠡᠨ ᠪᠣᠢ︖ ᠬᠡᠬᠦᠯᠡᠷ ᠨᠠᠷᠬᠢᠯ ᠰᠠᠶ᠋ᠢ ᠢᠨᠢᠶᠡᠭᠡᠳ᠄      — ᠨᠠᠷᠬᠢᠯ︕ ᠬᠡᠵᠣ ᠱᠠᠯᠠᠪᠬᠠᠨ ᠬᠡᠯᠡᠬᠡᠳ ᠣᠷᠣᠨ ᠳᠤ ᠪᠠᠨ ᠠᠶᠠᠷᠬᠠᠨ ᠰᠠᠭᠤᠵᠠᠢ᠃      ᠰᠡᠬᠦᠯᠡᠷ ᠨᠢ ᠨᠠᠷᠬᠢᠯ ᠪᠠᠳᠣᠪᠣᠯᠣᠳ ᠬᠤᠶᠠᠷ ᠤᠨ ᠦᠬᠡ ᠣᠯᠠᠰᠢᠷᠠᠵᠣ ᠵᠢᠭᠠᠬᠠᠨ ᠵᠢᠭᠠᠬᠠᠨ ᠳᠣᠭᠯᠠᠭᠠᠮ ᠴᠦ ᠬᠢᠳᠡᠭ ᠪᠣᠯᠵᠠᠢ᠃ ᠵᠢᠭᠠᠬᠠᠨ ᠳᠡᠩᠰᠡᠯᠬᠡᠬᠡᠳ ᠬᠡᠳᠦᠷᠡᠬᠦᠯᠪᠡᠯ ᠵᠢᠭᠠᠬᠠᠨ ᠨᠢᠳᠣᠷᠭ᠎ᠠ ᠪᠠᠨ ᠳᠠᠯᠠᠶᠢᠴᠢᠬᠠᠨ᠎ᠠ᠃ ᠨᠠᠷᠬᠢᠯ  ᠤᠨ ᠬᠢᠷᠢ ᠪᠠᠷᠤᠭ ᠤᠨ ᠬᠦᠮᠦᠨ ᠳᠤ ᠪᠦᠷ ᠵᠦᠬᠡᠯᠡᠨ ᠵᠦᠬᠡᠯᠡᠨ ᠬᠠᠨᠳᠣᠳᠠᠭ᠂ ᠵᠠᠷᠢᠮ ᠡᠷᠡᠭᠳᠡᠢ ᠰᠣᠷᠣᠭᠴᠢ ᠶᠢᠨ ᠨᠠᠭᠠᠳᠣᠮ ᠤᠨ ᠴᠠᠭᠠᠨᠠᠬᠢ ᠣᠳᠬ᠎ᠠ ᠶᠢ ᠨᠢ ᠮᠡᠳᠡᠳᠡᠭ ᠦᠬᠡᠢ ᠨᠠᠮᠣᠭᠤᠬᠠᠨ ᠢᠨᠢᠶᠡᠳᠡᠭ ᠢ ᠨᠢ ᠦᠵᠡᠭᠡᠳ ᠪᠠᠳᠣᠪᠣᠯᠣᠳ ᠤᠨ ᠰᠡᠳᠬᠢᠯ ᠳᠤ ᠦᠷᠦ ᠡᠪᠡᠳᠬᠦ ᠰᠡᠳᠬᠢᠯᠬᠡ ᠳᠦᠷᠦᠵᠡᠢ᠃  ᠲᠡᠷᠡ ᠨᠢᠬᠡᠨ ᠳᠠᠪᠳᠠᠯᠭ᠎ᠠ ᠶᠢᠨ ᠬᠢᠴᠢᠶᠡᠯ ᠢ ᠳᠠᠯᠢᠮᠳᠠᠭᠤᠯᠣᠨ ᠨᠠᠮᠵᠢᠭᠤᠬᠠᠨ ᠰᠠᠭᠤᠭᠠᠳ ᠬᠢᠴᠢᠶᠡᠯ ᠳᠠᠪᠳᠠᠵᠣ ᠪᠠᠶᠢᠭ᠎ᠠ ᠨᠠᠷᠬᠢᠯ ᠢ ᠨᠠᠮᠣᠭᠤᠬᠠᠨ ᠳᠣᠣᠭᠠᠷᠣᠭᠠᠳ ᠶᠡᠬᠡᠯ᠎ᠡ ᠪᠣᠳᠣᠯᠭᠠᠰᠢᠷᠠᠭᠰᠠᠨ ᠮᠠᠶ᠋ᠢᠭᠳᠡᠢ  ᠄      — ᠨᠠᠷᠬᠢᠯ ᠡ᠂ ᠰᠣᠷᠭᠠᠭᠤᠯᠢ ᠳᠤ ᠪᠠᠨ ᠳᠠᠳᠴᠦ ᠪᠠᠶᠢᠨ᠎ᠠ ᠤᠤ︖ ᠬᠡᠵᠡᠢ᠃      — ᠳᠠᠳᠴᠦ ᠯᠡ ᠪᠠᠶᠢᠨ᠎ᠠ ᠡ᠂ ᠬᠠᠮᠳᠣ ᠰᠣᠷᠣᠭᠴᠢᠳ ᠪᠦᠷ ᠨᠠᠳᠠ ᠰᠠᠶᠢᠨ ᠰᠢᠣ᠂ ᠡᠨᠡ ᠁ ᠭᠡᠵᠣ ᠶᠡᠬᠡᠯ᠎ᠡ ᠪᠠᠶᠠᠷᠳᠡᠢ ᠢᠨᠢᠶᠡᠭᠡᠳ ᠭᠠᠷ ᠳᠠᠬᠢ ᠵᠠᠰᠠᠯ ᠤᠨ ᠡᠳ᠋ ᠪᠠᠨ ᠦᠵᠡᠬᠦᠯᠦᠨ᠎ᠡ᠃      — ᠬᠡᠨ ᠠᠪᠴᠦ ᠦᠭᠭᠦᠭᠰᠡᠨ ᠪᠣᠢ︖  ᠬᠡᠵᠣ ᠲᠡᠷᠡ ᠶᠡᠬᠡᠯ᠎ᠡ ᠭᠠᠶᠢᠬᠠᠭᠰᠠᠨ ᠬᠠᠷᠠᠴᠠ ᠪᠠᠷ ᠠᠰᠠᠭᠤᠨ᠎ᠠ᠃ ᠨᠠᠷᠬᠢᠯ ᠭᠠᠷ ᠳᠠᠬᠢ ᠵᠠᠰᠠᠯ ᠪᠠᠨ ᠶᠡᠬᠡᠯ᠎ᠡ ᠱᠤᠬᠤᠭᠤᠷᠬᠠᠨ ᠬᠠᠷᠠᠭᠰᠠᠨ ᠢᠶᠠᠨ ᠲᠡᠭᠦᠨ ᠳᠤ ᠨᠦᠬᠦᠬᠡ ᠦᠵᠦᠬᠦᠷ ᠰᠠᠭᠤᠭ᠎ᠠ ᠵᠠᠯᠠᠭᠤ ᠶᠢ ᠵᠢᠭᠠᠵᠣ ᠦᠭᠴᠠᠢ᠂ ᠲᠡᠷᠡ ᠨᠠᠷᠬᠢᠯ ᠤᠨ ᠵᠢᠭᠠᠬᠠᠨ ᠴᠦ ᠰᠡᠵᠢᠭᠯᠡᠯ ᠦᠬᠡᠢ ᠢᠨᠢᠶᠡᠬᠦ ᠶᠢ ᠦᠵᠡᠭᠡᠳ᠄      — ᠨᠠᠷᠬᠢᠯ ᠡ᠂ ᠴᠢ ᠰᠡᠬᠦᠯᠡᠷ ᠳᠠᠨᠢᠬᠤ ᠦᠬᠡᠢ ᠬᠦᠮᠦᠨ ᠤ ᠪᠡᠯᠡᠭ ᠢ ᠠᠪᠴᠦ ᠪᠣᠯᠬᠤ ᠦᠬᠡᠢ ᠰᠢᠣ᠂ ᠶᠠᠭᠤ ᠬᠡᠵᠣ ᠦᠭᠴᠦ ᠪᠠᠶᠢᠭ᠎ᠠ ᠶᠢ ᠮᠡᠳᠡᠬᠦ ᠦᠬᠡᠢ ᠬᠡᠳ ᠁ ᠬᠡᠰᠡᠭ ᠣᠳᠠᠭᠰᠠᠨ ᠢᠶᠠᠨ ᠬᠡᠷᠪᠡ ᠵᠦᠪᠰᠢᠶᠡᠷᠡᠪᠡᠯ ᠨᠠᠮ᠎ᠠ ᠶᠢ ᠠᠬ᠎ᠠ ᠪᠠᠨ ᠳᠠᠨᠢᠴᠢᠬ᠎ᠠ᠃ ᠰᠡᠬᠦᠯᠡᠷ ᠬᠦᠮᠦᠰ ᠴᠢᠮ᠎ᠠ ᠶᠢ ᠮᠠᠭᠤ ᠦᠵᠡᠪᠡᠯ ᠨᠠᠮ᠎ᠠ ᠶᠢ ᠡᠷᠢ ᠬᠡᠵᠣ ᠳᠦᠪᠯᠡᠬᠦᠬᠡᠨ ᠬᠡᠯᠡᠵᠡᠢ᠃ ᠨᠠᠷᠬᠢᠯ ᠤᠨ ᠳᠣᠳᠣᠷ᠎ᠠ ᠬᠡᠴᠢᠨᠡᠨ ᠣᠯᠠᠨ ᠠᠰᠠᠭᠤᠯᠳᠠ ᠶᠢᠨ ᠳᠡᠮᠳᠡᠭ ᠣᠪᠣᠯᠵᠠᠵᠣ ᠪᠠᠶᠢᠭᠰᠠᠨ ᠴᠦ ᠲᠡᠭᠦᠨ ᠤ ᠳᠦᠪᠯᠡᠬᠦᠨ ᠴᠢᠷᠠᠢ ᠶᠢ ᠬᠠᠷᠠᠭᠠᠳ ᠶᠡᠬᠡᠯ᠎ᠡ ᠪᠠᠶᠠᠷᠯᠠᠵᠣ᠄      — ᠵᠠ᠂ ᠠᠬ᠎ᠠ ᠡ ᠬᠡᠵᠣ ᠱᠠᠯᠠᠪᠬᠠᠨ ᠳᠠᠭᠤᠳᠠᠵᠠᠢ᠃      ᠳᠡᠷᠡ ᠡᠳᠦᠷ ᠠᠴᠠ ᠡᠬᠢᠯᠡᠵᠣ ᠪᠠᠲᠤᠪᠤᠯᠤᠳ ᠨᠢᠬᠡ ᠦᠬᠢᠨ ᠳᠡᠭᠦᠦ ᠲᠠᠢ ᠪᠣᠯᠴᠢᠬᠠᠵᠣ ᠨᠠᠷᠬᠢᠯ ᠤᠨ ᠳᠣᠳᠣᠷ᠎ᠠ ᠴᠦ ᠳᠦᠰᠢᠭ ᠳᠣᠯᠭᠠᠭᠤᠷᠢ ᠲᠠᠢ ᠪᠣᠯᠴᠢᠬᠠᠭᠰᠠᠨ ᠶᠡᠬᠡᠯ᠎ᠡ ᠪᠠᠶᠠᠷᠳᠠᠢ ᠶᠠᠪᠣᠳᠠᠭ ᠪᠣᠯᠵᠠᠢ᠃ ᠬᠡᠳᠦᠶᠢᠪᠡᠷ ᠠᠬ᠎ᠠ ᠳᠤ  ᠪᠠᠨ ᠢᠳᠡᠬᠦ ᠶᠠᠭᠤᠮ᠎ᠠ ᠪᠠᠨ ᠬᠢᠬᠠᠭᠳᠠᠳᠠᠭ ᠪᠣᠯᠪᠠᠴᠦ ᠨᠠᠷᠬᠢᠯ ᠳᠣᠷᠠᠳᠡᠢ ᠦᠭᠬᠦᠨ᠎ᠡ᠃ ᠦᠷᠬᠦᠯᠵᠢ ᠠᠪᠤ ᠡᠵᠢ ᠳᠤ  ᠪᠠᠨ ᠣᠳᠠᠰᠣ ᠠᠪᠬᠤ ᠳᠤ ᠪᠠᠨ ᠪᠠᠳᠣ ᠶᠢᠨ ᠰᠠᠶᠢᠨ ᠢ ᠶᠠᠷᠢᠨ᠎ᠠ᠂ ᠦᠨᠳᠦᠷ ᠪᠡᠶ᠎ᠡ ᠲᠠᠢ᠂ ᠳᠠᠮᠢᠷ ᠲᠤ ᠪᠠᠨ ᠰᠠᠶᠢᠨ᠂ ᠬᠢᠴᠢᠶᠡᠯ ᠳᠤ ᠪᠠᠨ ᠴᠢᠷᠮᠠᠶᠢᠯᠳᠠ ᠲᠠᠢ᠂ ᠬᠦᠮᠦᠨ ᠳᠤ ᠳᠣᠰᠠᠷᠬᠠᠭ᠃ ᠬᠠᠮᠳᠣ ᠶᠠᠪᠣᠳᠠᠭ ᠦᠬᠢᠨ ᠰᠣᠷᠣᠭᠴᠢ ᠳᠤ  ᠪᠠᠨ ᠴᠦ ᠪᠠᠳᠣ ᠶᠢ ᠶᠠᠷᠢᠨ᠎ᠠ᠃ ᠰᠠᠶᠢᠨ ᠢ ᠨᠢ ᠳᠣᠭᠠᠴᠢᠨ᠎ᠠ᠃ ᠦᠨᠡᠨ ᠢ ᠬᠡᠯᠡᠪᠡᠯ ᠳᠡᠭᠦᠨ ᠤ ᠳᠠᠷᠢᠬᠢᠨ ᠳᠤ ᠠᠪᠤ ᠡᠵᠢ ᠪᠠᠭᠰᠢ ᠠᠴᠠ ᠭᠠᠳᠠᠨ᠎ᠠ ᠪᠠᠲᠤᠪᠤᠯᠤᠳ ᠬᠠᠮᠤᠭ ᠶᠡᠭᠡ ᠪᠠᠶᠢᠷᠢ ᠰᠠᠭᠤᠷᠢ ᠲᠠᠢ ᠪᠣᠯᠵᠠᠢ᠂ ᠲᠡᠷᠡ ᠴᠦ ᠡᠨᠡ ᠦᠬᠢᠨ ᠳᠡᠭᠦᠦ ᠳᠤ ᠪᠠᠨ ᠮᠠᠭᠤ ᠦᠬᠡᠢ᠂ ᠬᠢᠴᠢᠶᠡᠯ ᠢ ᠨᠢ ᠬᠠᠪᠰᠣᠷᠣᠨ ᠵᠢᠭᠠᠨ᠎ᠠ᠃ ᠳᠡᠯᠬᠡᠬᠦᠷ ᠠᠴᠠ ᠬᠠᠶᠠ ᠰᠢᠬᠢᠷ ᠵᠢᠮᠢᠰ ᠠᠪᠴᠢᠷᠠᠳᠠᠭ ᠪᠠᠶᠢᠯ᠎ᠠ᠃      ᠨᠢᠬᠡᠨ ᠡᠳᠦᠷ ᠨᠠᠷᠬᠢᠯ ᠶᠡᠬᠡᠯ᠎ᠡ ᠣᠷᠮ᠎ᠠ ᠦᠬᠡᠢ ᠰᠠᠭᠤᠵᠠᠢ᠃ ᠴᠠᠭᠠᠬᠠᠨ ᠴᠢᠷᠠᠢ ᠳᠤ ᠨᠢ ᠵᠣᠪᠠᠨᠢᠭᠰᠠᠨ ᠪᠠᠶᠢᠳᠠᠯ ᠢᠯᠡᠷᠡᠨ ᠳᠣᠮᠪᠣᠶᠢᠵᠣ ᠰᠠᠭᠤᠬᠤ ᠶᠢ ᠨᠢ ᠬᠡᠨ ᠦᠵᠡᠪᠡᠴᠦ ᠦᠷᠦ ᠡᠪᠡᠲᠦᠮᠡᠷ᠃ ᠡᠨᠡ ᠦᠶ᠎ᠡ ᠳᠤ ᠪᠠᠳᠣᠪᠣᠯᠣᠳ ᠬᠦᠯᠦᠰᠦ ᠪᠠᠭᠠᠬᠢᠭᠤᠯᠣᠭᠰᠠᠭᠠᠷ ᠬᠡᠳᠦᠨ ᠨᠦᠬᠦᠳ ᠲᠠᠢ ᠪᠠᠨ ᠠᠩᠬᠢ ᠳᠤ ᠪᠠᠨ ᠳᠠᠯᠪᠢᠵᠣ ᠣᠷᠣᠭᠠᠳ ᠣᠷᠮ᠎ᠠ ᠦᠬᠡᠢ ᠳᠣᠮᠪᠣᠶᠢᠵᠣ ᠰᠠᠭᠤᠭ᠎ᠠ ᠨᠠᠷᠬᠢᠯ ᠦᠵᠡᠨ᠄      — ᠬᠦᠶ᠋ᠢ᠂ ᠳᠡᠭᠦᠦ ᠮᠢᠨᠢ ᠡ᠂ ᠶᠠᠭᠠᠬᠢᠭᠠᠳ ᠣᠷᠮ᠎ᠠ ᠦᠬᠡᠢ ᠪᠠᠶᠢᠭ᠎ᠠ ᠪᠣᠢ᠂ ᠶᠡᠭᠡ ᠰᠠᠶᠢᠬᠠᠨ ᠡᠳᠦᠷ ᠪᠠᠶᠢᠨ᠎ᠠ᠂ ᠨᠠᠷᠠ ᠰᠠᠯᠬᠢ ᠢᠯᠡᠬᠦᠭᠡᠨ ᠦᠵᠡᠵᠣ ᠪᠠᠢ ᠳ᠋ᠠ᠃      — ᠡᠩ ᠁      — ᠶᠠᠮᠠᠷ ᠶᠠᠪᠣᠳᠠᠯ ᠲᠠᠢ ᠪᠣᠢ︖ ᠬᠤᠷᠳᠣᠨ ᠬᠡᠯᠡ᠂ ᠦᠬᠡᠢ ᠪᠣᠯ ᠠᠭᠤᠷᠯᠠᠨ᠎ᠠ ᠰᠢᠣ ᠬᠡᠵᠣ ᠪᠠᠳᠣᠪᠣᠯᠣᠳ ᠶᠡᠭᠡ ᠳᠦᠪᠯᠡᠬᠦᠨ ᠬᠡᠯᠡᠵᠡᠢ᠃      — ᠠᠬ᠎ᠠ ᠡ᠂ ᠨᠦᠬᠦᠬᠡ ᠠᠩᠬᠢ ᠶᠢᠨ ᠴᠢᠨᠣ ᠬᠡᠯᠡᠳᠡᠭ ᠳᠦᠷᠪᠡᠨ ᠨᠢᠳᠣᠳᠣ ᠴᠢᠨᠢ ᠨᠠᠳᠠᠳᠠᠢ ᠨᠣᠣᠷᠠᠯᠳᠣᠭᠠᠳ ᠯᠡ ᠪᠠᠶᠢᠨ᠎ᠠ ᠁ ᠪᠢ ᠁ ᠨᠠᠳᠠ ᠲᠠᠢ ᠠᠭᠤᠯᠵᠠᠬᠤ ᠬᠡᠳᠡᠯ᠎ᠡ QQ ᠨᠣᠮᠧᠷ ᠢ ᠠᠪᠬᠤ ᠬᠡᠳ ᠁ ᠨᠠᠷᠬᠢᠯ ᠵᠣᠪᠠᠨᠢᠩᠭᠤᠢ ᠴᠢᠷᠠᠢ ᠭᠠᠷᠭᠠᠨ ᠬᠡᠯᠡᠬᠦ ᠳᠤ ᠲᠡᠭᠦᠨ ᠤ ᠬᠡᠳᠡᠷ ᠬᠦᠷᠴᠦ᠄      — ᠵᠠ᠂ ᠮᠠᠭᠤ ᠴᠢᠰᠣ ᠶᠢ ᠶᠡᠷᠦ ᠳᠤ ᠪᠠᠨ ᠁ ᠬᠠᠭᠤᠴᠢᠨ ᠵᠢᠯ ᠤᠨ ᠳᠣᠭᠤᠰᠣ ᠪᠠᠨ ᠭᠦᠪᠢᠭᠡ ᠦᠭᠡᠢ ᠪᠠ ᠁ ᠠᠬ᠎ᠠ ᠨᠢ ᠰᠢᠢᠳᠪᠦᠷᠢᠯᠡᠵᠣ ᠦᠭᠬᠦᠶ᠎ᠡ᠂ ᠮᠢᠨᠣ ᠳᠡᠭᠦᠦ ᠰᠠᠨᠠᠭ᠎ᠠ ᠠᠮᠣᠷ ᠠ ᠁ ᠬᠡᠵᠣ ᠬᠡᠯᠡᠭᠡᠳ ᠪᠦᠮᠪᠦᠭᠡ ᠪᠠᠨ ᠳᠡᠪᠡᠷᠢᠨ ᠭᠠᠷᠴᠠᠢ᠃      ᠳᠡᠭᠦᠨ ᠠᠴᠠ ᠰᠡᠬᠦᠯᠡᠷ ᠳᠦᠷᠪᠡᠨ ᠨᠢᠳᠣᠳᠣ ᠶᠡᠷᠦ ᠠᠴᠠ ᠨᠠᠷᠬᠢᠯ ᠲᠠᠢ ᠨᠣᠣᠷᠠᠵᠣ ᠦᠡᠭᠭᠡᠷᠡᠭᠰᠡᠨ ᠦᠬᠡᠢ᠃ ᠵᠠᠷᠢᠮ ᠬᠦᠮᠦᠨ ᠤ ᠬᠡᠯᠡᠬᠦ ᠪᠠᠷ ᠨᠠᠷᠬᠢᠯ ᠢ ᠳᠣᠭᠤᠬᠤ ᠪᠠᠨ ᠪᠠᠶᠢᠴᠢᠬᠠᠯ᠎ᠠ ᠬᠡᠨ᠎ᠡ᠃ ᠬᠡᠪᠡᠴᠦ ᠳᠦᠷᠪᠡᠨ ᠨᠢᠳᠣᠳᠣ ᠬᠤᠶᠠᠷ ᠨᠢᠳᠣᠳᠣ ᠪᠣᠯᠵᠣ ᠨᠢᠬᠡ ᠨᠢᠳᠣ ᠨᠢ ᠪᠣᠷᠣᠯᠠᠳᠠᠯ᠎ᠠ ᠬᠠᠪᠤᠲᠤᠭᠰᠠᠨ ᠨᠢ ᠦᠨᠡᠨ᠃ ᠪᠠᠳᠣᠪᠣᠯᠣᠳ ᠲᠤᠩᠭᠤᠰ ᠲᠤᠩᠭᠤᠰ ᠦᠰᠦᠷᠦᠨ ᠠᠩᠬᠢ ᠣᠷᠣᠭᠤ ᠪᠠᠨ ᠶᠠᠪᠣᠨ᠎ᠠ᠃ ᠪᠠᠳᠣᠪᠣᠯᠣᠳ ᠤᠨ ᠬᠠᠵᠠᠭᠤ  ᠳᠤ ᠦᠪᠡᠷ ᠤᠨ ᠬᠢᠨᠢ ᠰᠠᠶᠢᠨ ᠠᠬ᠎ᠠ ᠳᠡᠭᠦᠦ ᠨᠢ ᠳᠦᠰᠢᠵᠣ ᠳᠣᠯᠵᠣ ᠶᠠᠪᠣᠨ᠎ᠠ᠃ ᠶᠠᠭᠤ ᠬᠢᠬᠦ ᠳᠤ ᠴᠦ ᠬᠤᠶᠠᠭᠤᠯᠠ ᠠᠷᠭ᠎ᠠ ᠣᠬᠠᠭᠠᠨ ᠰᠡᠳᠦᠵᠣ᠂ ᠳᠡᠷᠡᠴᠢᠯᠡᠨ ᠵᠣᠳᠣᠭᠠᠨ ᠬᠢᠬᠦ ᠳᠤ ᠴᠦ ᠬᠡᠵᠢᠶᠡᠳᠡ ᠴᠤᠭ ᠣᠷᠣᠳᠠᠭ ᠪᠣᠯᠬᠤᠷ ᠰᠡᠳᠬᠢᠯ ᠰᠡᠳᠬᠢᠯ ᠢᠶᠠᠨ ᠮᠡᠳᠡᠯᠴᠡᠭᠰᠡᠨ ᠰᠠᠶᠢᠨ ᠠᠨᠳᠠ ᠪᠣᠯᠵᠠᠢ᠃ ᠪᠠᠳᠣᠪᠣᠯᠣᠳ ᠪᠣᠳᠣᠯᠭᠠᠰᠢᠷᠠᠭᠰᠠᠨ ᠮᠠᠶ᠋ᠢᠭᠳᠡᠢ ᠪᠠᠷ᠄      — ᠵᠣᠷᠢᠭ ᠡ᠂ ᠴᠢ ᠶᠠᠮᠠᠷ ᠦᠨᠳᠦᠷ ᠳᠣᠮᠳᠠᠳᠣ ᠳᠤ ᠶᠠᠪᠣᠬᠤ  ᠰᠠᠨᠠᠭᠠᠲᠠᠢ ᠪᠣᠢ︖      — ᠮᠡᠳᠡᠬᠦ ᠦᠬᠡᠢ᠂ ᠮᠡᠳᠡᠬᠦ ᠦᠬᠡᠢ᠂ ᠮᠢᠨᠣ ᠰᠣᠷᠣᠯᠭ᠎ᠠ ᠶᠢᠨ ᠬᠢᠷᠢ ᠳᠦᠪᠰᠢᠨ ᠢ ᠴᠢ ᠮᠡᠳᠡᠬᠦ ᠦᠬᠡᠢ ᠴᠦ ᠪᠢᠰᠢ ᠬᠡᠵᠣ ᠰᠡᠬᠦᠷᠡᠰᠦᠯᠡᠭᠰᠡᠨ ᠢᠶᠠᠨ᠄      — ᠴᠢ ᠶᠠᠮᠠᠷ ᠰᠣᠷᠭᠠᠭᠤᠯᠢ ᠳᠤ ᠶᠠᠪᠣᠨ᠎ᠠ ᠪᠣᠢ︖ ᠠᠳᠡ ᠪᠠᠨ ᠦᠯᠡᠳᠡᠨ᠎ᠡ ᠤᠤ︖ ᠬᠤᠳᠠ ᠶᠢᠨ ᠬᠢ  ᠳᠤ ᠶᠠᠪᠣᠨ᠎ᠠ ᠤᠤ︖      — ᠠᠪᠤ ᠶᠢᠨ ᠰᠠᠨᠠᠭ᠎ᠠ ᠪᠣᠯ ᠬᠤᠳᠠ ᠶᠢᠨ ᠬᠢ ᠳᠤ ᠶᠠᠪᠣᠭᠤᠯᠣᠨ᠎ᠠ ᠬᠡᠨ᠎ᠡ᠂ ᠪᠢ ᠴᠦ ᠳᠣᠷᠠᠯᠠᠭᠠᠳ ᠪᠠᠶᠢᠬᠤ ᠶᠣᠮ᠃      — ᠬᠢ ᠬᠡ᠂ ᠳᠣᠷᠠᠯᠠᠪᠠᠯ ᠶᠠᠪᠣᠨ᠎ᠠ ᠯᠡ ᠪᠢᠵᠡ᠂ ᠠᠬ᠎ᠠ ᠳᠡᠭᠦᠦ ᠪᠠᠨ ᠬᠠᠷᠢᠨ ᠪᠢᠳᠡᠬᠡᠢ ᠮᠠᠷᠳᠠᠴᠢᠬ᠎ᠠ ᠬᠡᠳ ᠵᠣᠷᠢᠭ ᠢᠨᠢᠶᠡᠵᠡᠢ᠃      — ᠬᠦᠢ ᠬᠦ᠋᠂ ᠴᠢᠮ᠎ᠠ ᠶᠢ ᠮᠠᠷᠳᠠᠨ᠎ᠠ ᠬᠡᠨ᠎ᠡ ᠤᠤ︖  ᠬᠡᠨ ᠢ ᠮᠠᠷᠳᠠᠪᠠᠴᠦ ᠴᠢᠮ᠎ᠠ ᠶᠢ ᠮᠠᠷᠳᠠᠬᠤ ᠦᠬᠡᠢ ᠶᠤᠮ ᠡ᠃ ᠵᠣᠷᠢᠭ ᠵᠠᠯᠢᠬᠠᠢ ᠢᠨᠢᠶᠡᠭᠰᠡᠨ ᠢᠶᠠᠨ᠄      — ᠬᠦ᠋ ᠬᠦ᠋᠂ ᠴᠢ ᠴᠢᠨᠢ ᠬᠤᠳᠠᠯ ᠬᠡᠯᠡᠬᠦ ᠶᠢ ᠰᠣᠷᠴᠢᠬᠠᠵᠠᠢ  ᠁ ᠨᠠᠷᠬᠢᠯ ᠢ ᠮᠠᠷᠲᠠᠴᠢᠬᠠᠨ᠎ᠠ ᠬᠡᠵᠤ ᠤᠤ      — ᠠ ᠁ ᠪᠢᠳᠡᠬᠡᠢ ᠳᠣᠩᠭᠤᠰ ᠳ᠋ᠡ ᠬᠦᠶ᠋ᠢ᠂ ᠳᠡᠷᠡ ᠴᠢᠨᠢ ᠮᠢᠨᠣ ᠲᠠᠨᠢᠭᠰᠠᠨ ᠲᠡᠭᠦᠤ ᠰᠢᠣ︕      ᠬᠤᠶᠠᠭᠤᠯᠠ ᠢᠨᠢᠶᠡᠯᠳᠣᠨ ᠬᠦᠬᠡᠷᠦᠭᠰᠡᠭᠡᠷ ᠠᠩᠬᠢ ᠶᠢᠨ ᠬᠡᠷ ᠬᠦᠷᠴᠠᠢ᠃ ᠵᠣᠷᠢᠭ ᠤᠨ ᠬᠡᠯᠡᠭᠰᠡᠨ ᠦᠬᠡ ᠳᠠᠷᠢᠬᠢᠨ ᠳᠤ ᠡᠷᠬᠢᠯᠳᠦᠬᠦ ᠳᠤ ᠪᠠᠳᠣᠪᠣᠯᠣᠳ ᠤᠨ ᠴᠢᠷᠠᠢ ᠦᠪᠡᠷ ᠤᠨ ᠡᠷᠬᠡ ᠦᠬᠡᠢ ᠨᠢᠯᠴᠢᠬᠢᠨᠡᠨ᠎ᠡ᠃ ᠨᠠᠷᠬᠢᠯ ᠳᠡᠷᠡ ᠬᠤᠶᠠᠷ ᠠᠩᠬᠢ ᠶᠢᠨ ᠬᠡᠷ ᠲᠤ ᠪᠠᠨ ᠦᠷᠬᠦᠯᠵᠢ ᠵᠤᠭᠤᠭᠳᠠᠵᠤ᠂ ᠠᠮᠠᠷᠠᠯᠳᠠ ᠳᠤ ᠪᠠᠨ ᠵᠠᠬᠢᠳᠠᠯ ᠴᠢᠮᠡᠭᠡ ᠨᠡᠪᠳᠡᠷᠡᠭᠡᠳ ᠠᠮᠵᠢᠳᠠᠭ ᠴᠦ ᠨᠦᠬᠦᠷ ᠶᠣᠰᠣᠨ ᠤ ᠴᠠᠶᠢᠯᠭᠠᠨ ᠰᠡᠳᠬᠢᠯᠬᠡ ᠠᠴᠠ ᠠᠷᠠᠢ ᠳᠠᠪᠠᠭ᠎ᠠ ᠦᠬᠡᠢ᠃      ᠠᠩᠬ᠎ᠠ ᠭᠤᠷᠪᠠ ᠶᠢᠨ ᠬᠤᠭᠤᠴᠠᠭ᠎ᠠ ᠬᠡᠭᠴᠢ ᠪᠠᠴᠢᠮ ᠶᠠᠭᠠᠷᠠᠤ ᠴᠠᠭ ᠡ᠃ ᠪᠠᠳᠣᠪᠣᠯᠣᠳ ᠨᠠᠷᠬᠢᠯ ᠬᠤᠶᠠᠭᠤᠯᠠ ᠶᠡᠷᠦᠩᠭᠡᠢ ᠳᠠᠪᠳᠠᠯᠭ᠎ᠠ ᠪᠣᠯᠪᠠᠰᠣᠷᠠᠯ ᠤᠨ ᠰᠡᠳᠦᠪ ᠬᠢᠭᠡᠳ ᠶᠠᠭᠠᠷᠠᠵᠣ᠂ ᠦᠷᠯᠦᠬᠡ ᠡᠷᠳᠡ ᠪᠣᠰᠴᠦ ᠣᠷᠣᠢ ᠡᠷᠳᠡ ᠣᠨᠳᠠᠳᠠᠭ ᠵᠢᠮ᠎ᠡ ᠶᠣᠰᠣᠭᠠᠷ ᠴᠠᠭ ᠮᠦᠴᠡ ᠶᠢ ᠦᠡᠭᠭᠡᠷᠡᠬᠡᠨ᠎ᠡ᠃ ᠬᠡᠪᠡᠴᠦ ᠨᠠᠷᠬᠢᠯ ᠲᠡᠭᠦᠨ ᠤ ᠬᠤᠪᠴᠠᠰᠣ ᠶᠢ ᠣᠬᠢᠶᠠᠵᠣ ᠦᠭᠬᠦ᠂ ᠡᠨᠡ ᠳᠡᠷᠡ ᠶᠢ ᠨᠢ ᠳᠡᠭᠰᠢᠯᠡᠬᠦ ᠬᠡᠵᠣ ᠦᠷᠬᠦᠯᠵᠢ ᠶᠠᠭᠠᠷᠠᠨ᠎ᠠ᠃ ︽ᠪᠢ ᠳᠡᠬᠦᠦ ᠴᠢᠨᠢ ᠰᠢᠣ᠂ ᠠᠬ᠎ᠠ ᠡ᠂ ᠦᠬᠢᠨ ᠬᠦᠮᠦᠨ ᠣᠬᠢᠶᠠᠵᠣ ᠴᠡᠪᠡᠷᠯᠡᠬᠦ ᠳᠤ ᠪᠠᠨ ᠢᠯᠡᠬᠦᠦ ᠪᠠᠶᠢᠳᠠᠭ ᠶᠣᠮ ᠡ︾ ᠬᠡᠵᠣ ᠡᠨᠡ ᠳᠡᠷᠡ   ᠶᠢ ᠨᠢ ᠬᠢᠵᠣ ᠶᠠᠭᠠᠷᠠᠬᠤ ᠳᠤ ᠪᠠᠳᠣᠪᠣᠯᠣᠳ ᠬᠡᠴᠢᠨᠡᠨ ᠬᠤᠷᠢᠭᠠᠳᠠᠭ ᠴᠦ ᠨᠠᠷᠬᠢᠯ ᠤᠨ ᠵᠣᠵᠢᠭ ᠨᠢ ᠬᠦᠳᠡᠯᠦᠬᠡᠳ ᠪᠣᠯᠬᠤ ᠦᠬᠡᠢ᠃ ᠵᠢᠭᠠᠬᠠᠨ ᠨᠢᠳᠣᠷᠭ᠎ᠠ ᠪᠠᠨ ᠳᠡᠭᠡᠷ᠎ᠡ ᠳᠠᠯᠠᠶᠢᠳᠠᠭ ᠴᠦ ᠪᠠᠭᠤᠯᠭᠠᠭᠰᠠᠨ ᠣᠳᠠᠭ᠎ᠠ ᠦᠬᠡᠢ᠃ ︽ᠠ ᠪᠣᠯᠵᠠᠢ᠂ ᠳᠡᠭᠡᠪᠡᠯ ᠣᠬᠢᠶᠠ᠂ ᠬᠠᠨᠳᠠᠭᠠᠰᠣ ᠭᠬᠢᠷᠳᠦᠴᠢᠬᠡᠭᠰᠡᠨ ᠪᠠᠶᠢᠨ᠎ᠠ᠂ ᠮᠠᠢ︾ ᠬᠡᠳ ᠦᠭᠬᠦᠭᠡᠳ ᠶᠠᠪᠣᠭᠤᠯᠣᠨ᠎ᠠ᠃ ᠨᠠᠷᠬᠢᠯ ᠴᠦ ᠶᠡᠭᠡ ᠳᠣᠷᠠᠳᠡᠢ ᠳᠣᠰᠴᠦ ᠠᠪᠣᠭᠠᠳ ᠮᠣᠣᠷ ᠰᠢᠭ᠋ ᠴᠢᠷᠠᠶᠢᠯᠠᠭᠠᠳ ᠴᠠᠭᠠᠰᠢ ᠶᠠᠪᠣᠨ᠎ᠠ᠃      ᠦᠨᠡᠨᠳᠡᠬᠡᠨ ᠨᠠᠷᠬᠢᠯ ᠤᠨ ᠰᠡᠳᠬᠢᠯ ᠳᠤ ᠪᠠᠳᠣᠪᠣᠯᠣᠳ ᠨᠢᠬᠡᠨᠳᠡ ᠠᠬ᠎ᠠ ᠶᠢᠨ ᠳᠡᠳᠦᠢ ᠯᠡ ᠪᠢᠰᠢ ᠪᠣᠯᠵᠠᠢ᠃ ᠲᠡᠷᠡ ᠳᠡᠭᠦᠨ ᠢ ᠬᠠᠪᠰᠣᠷᠠᠨ᠎ᠠ᠂ ᠦᠪᠡᠷ ᠤᠨ ᠬᠢᠨᠢ ᠳᠦᠯᠦᠬᠡ ᠵᠣᠳᠣᠭᠠᠨ ᠴᠦ ᠬᠢᠴᠢᠬᠡᠳᠡᠭ᠂ ᠬᠢᠴᠢᠶᠡᠯ ᠳᠠᠪᠳᠠᠯᠭ᠎ᠠ  ᠶᠢ ᠨᠢ ᠦᠷᠬᠦᠯᠵᠢ ᠵᠢᠯᠣᠭᠤᠳᠣᠨ᠎ᠠ᠃ ᠬᠡᠪᠡᠴᠦ ᠪᠠᠳᠣᠪᠣᠯᠣᠳ ᠤᠨ ᠬᠠᠷᠠᠯᠳᠠ ᠪᠣᠯ ᠬᠤᠳᠠ ᠶᠢᠨ ᠦᠨᠳᠦᠷ ᠳᠡᠭᠡᠳᠣ᠂ ᠨᠠᠷᠬᠢᠯ ᠠᠷᠠᠢ ᠳᠣᠯᠢᠳᠠᠬᠤ ᠰᠢᠭ᠋ ᠪᠣᠯᠬᠤᠷ ᠲᠡᠭᠦᠨ ᠢ ᠶᠠᠪᠣᠬᠤ ᠠᠴᠠ ᠡᠮᠦᠨ᠎ᠡ ᠢᠯᠡᠬᠦᠬᠡᠨ ᠣᠶᠢᠷᠠᠳᠣᠬᠤ ᠶᠢ ᠰᠠᠨᠠᠵᠠᠢ᠃       ᠁ ᠁      ᠳᠣᠮᠳᠠᠳᠣ ᠰᠢᠯᠭᠠᠯᠳᠠ ᠦᠡᠭᠭᠡᠷᠡᠴᠢᠬᠡᠯ᠎ᠡ᠃ ᠰᠣᠷᠭᠠᠭᠤᠯᠢ ᠶᠢᠨ ᠬᠦᠷᠢᠶᠡᠨ ᠳᠤ ᠰᠣᠷᠣᠭᠴᠢᠳ ᠴᠣᠪᠣᠷᠠᠯᠳᠣᠵᠣ ᠬᠦᠮᠦᠨ ᠪᠦᠬᠦᠨ ᠤ ᠰᠡᠳᠬᠢᠯᠬᠡ ᠠᠳᠠᠯᠢ ᠦᠬᠡᠢ᠃ ᠬᠦᠰᠡᠯ ᠳᠤ ᠪᠠᠨ ᠬᠦᠷᠦᠭᠰᠡᠨ ᠨᠢᠬᠡ ᠨᠢ ᠠᠮᠠ ᠬᠠᠮᠬᠢᠯ ᠦᠬᠡᠢ ᠪᠠᠶᠠᠷᠯᠠᠵᠣ ᠭᠤᠭᠤᠵᠢᠭᠳᠠᠭᠰᠠᠨ ᠨᠢᠬᠡ ᠨᠢ ᠣᠡᠭᠰᠢᠢᠵᠣ ᠰᠠᠭᠤᠨ᠎ᠠ᠃ ᠰᠠᠯᠬᠤ ᠶᠢᠨ ᠭᠤᠨᠢᠭᠳᠣ ᠳᠡᠭᠦᠰᠬᠡᠯ ᠪᠠᠳᠣᠪᠣᠯᠣᠳ ᠬᠢᠭᠡᠳ ᠠᠩᠬᠢ ᠶᠢᠨ ᠬᠡᠷ ᠢ ᠪᠦᠷᠬᠦᠵᠣ ᠪᠠᠭᠰᠢ ᠶᠢᠨ ᠵᠦᠬᠡᠯᠡᠨ ᠶᠠᠷᠢᠶ᠎ᠠ᠂ ᠡᠨᠡᠬᠦ ᠰᠡᠳᠬᠢᠯᠬᠡ ᠶᠢ ᠨᠡᠩ ᠬᠦᠨᠳᠣ ᠪᠣᠯᠭᠠᠨ᠎ᠠ᠃ ᠵᠠᠷᠢᠮ ᠬᠡᠦᠬᠡᠨ ᠰᠣᠷᠣᠭᠴᠢ ᠨᠢ ᠬᠠᠶᠠ ᠬᠠᠶᠠ ᠨᠢᠳᠣ ᠪᠠᠨ ᠠᠷᠴᠢᠨ᠎ᠠ᠃ ᠨᠠᠷᠬᠢᠯ ᠬᠡᠳᠦᠶᠢᠪᠡᠷ ᠰᠡᠬᠦᠯᠡᠷ ᠢᠷᠡᠭᠰᠡᠨ ᠴᠦ ᠬᠠᠮᠳᠣ ᠨᠢᠬᠡ ᠵᠢᠯ ᠰᠠᠭᠤᠭᠰᠠᠨ ᠠᠩᠬᠢ ᠶᠢᠨ ᠨᠦᠬᠦᠳ ᠠᠴᠠ ᠪᠠᠨ ᠰᠠᠯᠬᠤ ᠳᠤ ᠵᠣᠪᠠᠨᠢᠵᠣ ᠠᠯᠠᠭ ᠬᠤᠨᠭ᠍ᠭᠤᠷ ᠨᠢᠳᠣ ᠨᠢ ᠵᠠᠶᠢᠷᠳᠣᠨ᠎ᠠ᠃ ᠬᠦᠮᠦᠨ ᠤ ᠨᠢᠬᠡ ᠨᠠᠰᠣᠨ ᠳᠤ ᠵᠦᠢᠯ ᠵᠢᠰᠣᠮ ᠤᠨ ᠬᠦᠮᠦᠰ ᠳᠠᠭᠠᠷᠠᠳᠠᠭ ᠴᠦ ᠵᠠᠩ ᠢᠶᠠᠨ ᠮᠡᠳᠡᠯᠴᠡᠵᠣ ᠰᠡᠳᠬᠢᠯ ᠢᠶᠠᠨ ᠣᠯᠣᠴᠠᠭᠰᠠᠨ ᠨᠢ ᠬᠡᠳᠦᠢ ᠯᠡ ᠪᠠᠶᠢᠬᠤ ᠪᠣᠢ ᠳ᠋ᠠ᠃ ᠪᠠᠳᠣᠪᠣᠯᠣᠳ ᠬᠡᠳᠦᠨ ᠡᠷᠡᠭᠳᠡᠢ ᠰᠣᠷᠣᠭᠴᠢ ᠲᠠᠢ ᠪᠠᠨ ᠶᠠᠷᠢᠯᠴᠠᠵᠣ ᠯᠡ ᠰᠠᠭᠤᠨ᠎ᠠ᠃ ᠬᠡᠳᠦᠨ ᠰᠣᠷᠣᠭᠴᠢ ᠬᠠᠶᠠ ᠳᠤ ᠪᠠᠨ ᠢᠨᠢᠶᠡᠯᠳᠦᠨ᠎ᠡ᠃      — ᠪᠠᠳᠣ ᠡ᠂ ᠨᠠᠮᠠᠢᠢ ᠪᠢᠳᠡᠬᠡᠢ ᠮᠠᠷᠳᠠᠴᠢᠬ᠎ᠠ ᠳ᠋ᠠ⁈      — ᠮᠠᠷᠳᠠᠬᠤ ᠦᠬᠡᠢ᠂ ᠮᠠᠷᠳᠠᠬᠤ ᠦᠬᠡᠢ᠂  ᠬᠡᠨ ᠢ ᠮᠠᠷᠳᠠᠭᠰᠠᠨ ᠴᠦ ᠴᠢᠮ᠎ᠠ ᠶᠢ ᠮᠠᠷᠳᠠᠬᠤ ᠦᠬᠡᠢ ᠬᠡᠳ ᠯᠡ ᠣᠯᠠᠨ ᠢᠶᠠᠨ ᠢᠨᠢᠶᠡᠯᠬᠡᠨ᠎ᠡ᠃ ᠬᠠᠵᠠᠭᠤ ᠳᠤ ᠨᠢ ᠨᠣᠮᠣᠶᠢᠵᠣ ᠰᠠᠭᠤᠭᠰᠠᠨ ᠨᠠᠷᠬᠢᠯ ᠳᠣᠯᠣᠭᠠᠢ ᠪᠠᠨ ᠳᠠᠯᠵᠠᠶᠢᠯᠭᠠᠨ ᠮᠣᠣᠷ ᠤᠨ ᠳᠦᠷᠢᠯᠡᠬᠡᠳ᠄      — ᠨᠠᠮ᠎ᠠ ᠶᠢ ᠮᠠᠷᠳᠠᠨ᠎ᠠ ᠤᠤ︖ ᠬᠡᠵᠡᠢ᠃      — ᠮᠠᠷᠳᠠᠬᠤ ᠦᠬᠡᠢ ᠁ ᠳᠡᠭᠦᠦ ᠪᠠᠨ ᠶᠠᠭᠤᠨ ᠳᠤ ᠮᠠᠷᠳᠠᠨ᠎ᠠ ᠪᠤᠢ︕ ᠭᠡᠵᠣ ᠪᠠᠳᠣᠪᠣᠯᠣᠳ ᠳᠦᠪᠯᠡᠬᠦᠨ ᠬᠡᠯᠡᠵᠡᠢ᠃ ᠨᠠᠷᠬᠢᠯ ᠶᠡᠭᠡ ᠪᠠᠶᠠᠷᠯᠠᠭᠰᠠᠨ ᠢᠶᠠᠨ᠄      — ᠠᠬ᠎ᠠ ᠡ᠂ ᠬᠠᠨᠳᠠᠭᠠᠰᠣ ᠶᠢ ᠴᠢᠨᠢ ᠬᠠᠳᠠᠭᠠᠭᠠᠳ ᠳᠠᠯᠪᠢᠴᠢᠬᠠᠭᠰᠠᠨ ᠪᠠᠶᠢᠷᠢ ᠠᠴᠠ ᠪᠠᠨ ᠠᠪᠬᠤ ᠪᠠᠨ ᠪᠣᠣ ᠮᠠᠷᠳᠠᠴᠢᠬ᠎ᠠ ᠬᠡᠵᠣ ᠴᠣᠪᠣᠭᠤᠯᠢᠭ ᠢᠨᠢᠶᠡᠵᠡᠢ᠃      ᠪᠠᠳᠣᠪᠣᠯᠣᠳ ᠤᠨ ᠰᠡᠳᠬᠢᠯ ᠳᠤ ᠦᠪᠡᠷ ᠤᠨ ᠡᠷᠬᠡ ᠦᠬᠡᠢ ᠦᠶᠦᠭ ᠳᠣᠯᠠᠭᠠᠨ᠃ ᠨᠠᠷᠬᠢᠯ ᠤᠨ ᠬᠠᠵᠠᠭᠤ  ᠳᠤ ᠰᠠᠭᠤᠪᠠᠯ ᠬᠡᠵᠢᠶᠡᠳᠡ ᠯᠡ ᠠᠬ᠎ᠠ ᠨᠢ ᠶᠤᠮ ᠰᠢᠭ᠋ ᠰᠠᠨᠠᠭᠳᠠᠳᠠᠭ᠃ ᠡᠨᠡ ᠨᠠᠰᠣᠨ ᠳᠤ ᠪᠠᠨ ᠪᠠᠰᠠ ᠦᠬᠡᠷ᠎ᠡ ᠨᠠᠷᠬᠢᠯ ᠰᠢᠭ᠋ ᠨᠠᠶᠢᠵᠢ ᠲᠠᠢ ᠳᠠᠭᠠᠷᠠᠳᠠᠭ ᠪᠣᠯ ᠤᠤ︖ ᠬᠡᠵᠣ ᠪᠣᠳᠣᠨ᠎ᠠ᠃ ᠪᠠᠳᠣᠪᠣᠯᠣᠳ ᠨᠠᠷᠬᠢᠯ ᠳᠤ ᠣᠯᠠᠨ ᠶᠠᠭᠤᠮ᠎ᠠ ᠵᠠᠬᠢᠨ᠎ᠠ᠂ ᠨᠠᠷᠬᠢᠯ ᠡᠵᠢ ᠶᠢᠨ ᠢᠶᠠᠨ ᠰᠣᠷᠭᠠᠯ ᠢ ᠰᠣᠨᠣᠰᠴᠦ ᠪᠠᠶᠢᠭ᠎ᠠ ᠪᠠᠭ᠎ᠠ ᠬᠡᠣᠬᠡᠳ ᠰᠢᠭ᠋ ᠳᠣᠯᠣᠭᠠᠢ ᠳᠣᠬᠢᠨ᠎ᠠ᠃ ᠶᠠᠪᠣᠬᠤ ᠶᠢᠨ ᠦᠵᠦᠬᠦᠷ ᠪᠠᠳᠣᠪᠣᠯᠣᠳ ᠴᠣᠪᠣᠭᠤᠯᠢᠭ ᠢᠨᠢᠶᠡᠭᠰᠡᠨ ᠢᠶᠠᠨ᠄      — ᠶᠠᠮᠠᠷ ᠦᠬᠦᠵᠣ ᠣᠨᠠᠨ᠎ᠠ ᠬᠡᠵᠣ ᠪᠣᠢ ᠤᠤ︖ ᠣᠰᠣᠨ ᠨᠢᠳᠦᠯᠡᠬᠡᠳ ᠁ ᠬᠡᠳ ᠵᠢᠭᠠᠬᠠᠨ ᠪᠣᠳᠣᠯᠭᠠᠰᠢᠷᠠᠭᠰᠠᠨ ᠢᠶᠠᠨ ᠦᠪᠡᠷ ᠤᠨ ᠪᠡᠶᠡᠨ ᠠᠴᠠ ᠪᠠᠨ ᠰᠠᠯᠭᠠᠳᠠᠭ ᠦᠬᠡᠢ ᠵᠡᠬᠦᠳᠡᠭ ᠠᠷᠢᠶᠠᠳᠡᠨ ᠤ ᠰᠢᠳᠣ ᠪᠠᠷ ᠬᠢᠭᠰᠡᠨ ᠰᠣᠨᠳᠣᠷ ᠢᠶᠠᠨ ᠨᠠᠷᠬᠢᠯ ᠳᠤ ᠦᠭᠬᠦᠭᠡᠳ᠄      — ᠨᠠᠷᠬᠢᠯ ᠡ᠂ ᠡᠭᠦᠨ ᠢ ᠦᠵᠡᠪᠡᠯ ᠠᠬ᠎ᠠ ᠪᠠᠨ ᠦᠵᠡᠭᠰᠡᠨ ᠰᠢᠭ ᠬᠡᠵᠣ ᠲᠧᠯᠸᠢᠰ ᠳᠡᠭᠡᠷ᠎ᠡ ᠦᠷᠬᠦᠯᠵᠢ ᠳᠣᠭᠯᠠᠳᠠᠭ ᠪᠠᠭᠠᠳᠣᠷ ᠡᠷᠡᠴᠣᠳ ᠢ ᠳᠠᠭᠤᠷᠢᠶᠠᠨ ᠶᠡᠬᠡᠯ᠎ᠡ ᠯᠡ ᠳᠦᠪᠯᠡᠬᠦᠨ ᠬᠡᠯᠡᠵᠡᠢ᠃ ᠨᠠᠷᠬᠢᠯ ᠶᠡᠬᠡᠯ᠎ᠡ ᠰᠠᠨᠠᠭ᠎ᠠ ᠠᠮᠣᠷᠠᠭᠰᠠᠨ ᠮᠠᠶ᠋ᠢᠭᠳᠡᠢ ᠵᠠᠶᠢᠷ ᠲᠠᠢ ᠨᠢᠳᠣ ᠪᠠᠨ ᠠᠷᠴᠢᠭᠰᠠᠨ ᠢᠶᠠᠨ᠄      — ᠮᠡᠳᠡᠯ᠎ᠡ ᠁ ᠠᠬ᠎ᠠ ᠠ ᠁ ᠬᠠᠨᠳᠠᠭᠠᠵᠠ ᠪᠠᠨ ᠁ ᠬᠡᠵᠣ ᠬᠡᠯᠡᠭᠡᠳ ᠴᠠᠭᠠᠳᠣᠬᠢ ᠪᠠᠨ ᠬᠢᠵᠣ ᠶᠠᠪᠣᠵᠠᠢ᠃      — ᠡᠩ ᠁ ᠮᠡᠳᠡᠭᠰᠡᠨ ᠬᠡᠳ ᠪᠠᠳᠣᠪᠣᠯᠣᠳ ᠭᠠᠷᠴᠦ ᠶᠠᠪᠣᠵᠠᠢ᠃      ᠪᠠᠳᠣᠪᠣᠯᠣᠳ ᠪᠠᠶᠢᠷᠢ ᠳᠤ ᠪᠠᠨ ᠬᠤᠪᠴᠠᠰᠣ ᠬᠤᠨᠠᠷ ᠢᠶᠠᠨ ᠲᠢᠭᠯᠡᠵᠣ ᠰᠠᠭᠤᠨ᠎ᠠ᠃ ᠦᠵᠡᠬᠦ ᠳᠣᠷᠠᠳᠡᠢ ᠨᠣᠮ  ᠢᠶᠠᠨ᠂ ᠬᠤᠪᠴᠠᠰᠣ ᠬᠤᠨᠠᠷ ᠭᠡᠳ ᠭᠤᠷᠪᠠᠨ ᠵᠢᠯ ᠵᠠᠷᠣᠭᠰᠠᠨ ᠡᠳ᠋ᠯᠡᠭᠰᠡᠨ ᠢᠶᠠᠨ ᠲᠢᠭᠯᠡᠵᠣ ᠳᠦᠪ ᠳᠦᠬᠦᠷᠡᠩ ᠬᠡᠳᠦᠨ ᠪᠣᠭᠴᠦ ᠪᠣᠯᠵᠠᠢ᠃ ᠨᠣᠮ ᠪᠣᠯᠭᠠᠨ᠂ ᠡᠳ᠋ ᠪᠣᠯᠭᠠᠨ ᠳᠤ ᠨᠢ ᠨᠢᠬᠡᠨ ᠵᠦᠢᠯ ᠤᠨ ᠦᠯᠢᠬᠡᠷ ᠠᠭᠤᠯᠤᠭᠲᠠᠵᠤ ᠮᠠᠷᠳᠠᠭᠳᠠᠰᠢ ᠦᠬᠡᠢ ᠡᠷᠬᠢᠴᠡᠬᠦᠯᠦᠯ ᠳᠤ ᠤᠷᠤᠭᠤᠯᠤᠨ᠎ᠠ᠃ ᠡᠨᠡ ᠳᠡᠷᠡ ᠪᠠᠨ ᠪᠦᠷᠢᠨ ᠳᠦᠬᠦᠷ ᠪᠣᠯᠭᠠᠵᠣ ᠶᠠᠪᠣᠬᠤ  ᠳᠤ ᠪᠠᠨ ᠨᠠᠷᠬᠢᠯ ᠤᠨ ᠬᠡᠯᠡᠭᠰᠡᠨ ᠬᠠᠨᠳᠠᠭᠠᠵᠠ ᠶᠢ ᠪᠣᠳᠣᠵᠣ ᠣᠯᠣᠯ᠎ᠠ᠂ ᠳᠡᠮᠦᠷ ᠣᠷᠣᠨ ᠤ ᠨᠦᠬᠦᠭᠡ ᠦᠵᠦᠬᠦᠷ ᠡᠯᠬᠦᠵᠣ ᠪᠠᠶᠢᠭᠰᠠᠨ ᠳᠠᠮᠢᠷ ᠤᠨ ᠬᠠᠨᠳᠠᠭᠠᠰᠣ ᠶᠢ ᠠᠪᠣᠯ᠎ᠠ᠃ ᠨᠠᠷᠬᠢᠯ ᠤᠨ ᠪᠢᠴᠢᠬᠠᠨ ᠭᠠᠷ ᠬᠡᠴᠢᠨᠡᠨ ᠣᠳᠠᠭᠠᠨ ᠨᠣᠬᠤᠯᠠᠵᠤ ᠭᠭᠢᠷ ᠢ ᠨᠢ ᠭᠠᠷᠭᠠᠭᠰᠠᠨ ᠪᠣᠯ  ᠡ ᠁ ᠬᠡᠵᠣ ᠪᠣᠳᠣᠭᠠᠳ ᠨᠠᠷᠬᠢᠯ ᠢ ᠦᠷᠦ ᠡᠪᠡᠳᠴᠠᠢ᠃      ᠁ ᠁      ᠳᠡᠷᠭᠡᠨ ᠴᠣᠩᠬᠤ ᠪᠠᠷ ᠰᠡᠷᠢᠬᠦᠨ ᠰᠠᠯᠬᠢ ᠰᠡᠪᠢᠯᠵᠡᠨ ᠨᠣᠭᠤᠭᠠᠨ ᠤ ᠦᠨᠦᠷ ᠰᠡᠳᠬᠢᠯ ᠢ ᠣᠬᠢᠶᠠᠵᠣ ᠰᠠᠯᠬᠢᠨ  ᠤ ᠳᠣᠮᠳᠠ ᠬᠠᠶᠠ ᠬᠠᠶᠠ ᠠᠪᠤ ᠶᠢᠨ ᠬᠦᠯᠦᠰᠦᠯᠢᠭ ᠦᠨᠦᠷ ᠦᠨᠦᠷᠳᠦᠭᠳᠡᠬᠦ ᠰᠢᠭ᠋ ᠪᠤᠯᠬᠤ ᠳᠤ ᠪᠠᠳᠣ ᠶᠢᠨ ᠣᠷᠮ᠎ᠠ ᠰᠡᠷᠬᠦᠨ ᠮᠠᠩᠨᠠᠢ ᠲᠡᠨᠢᠢᠵᠠᠢ᠃ ᠬᠤᠯᠠ ᠶᠢᠨ ᠠᠶᠠᠨ ᠤ ᠳᠡᠷᠭᠡ ᠬᠠᠶᠠ ᠬᠠᠶᠠ ᠳᠡᠭᠡᠰ ᠳᠣᠭᠤᠰ ᠦᠰᠦᠷᠬᠢᠯᠡᠨ ᠠᠯᠣᠰ ᠬᠤᠯᠠ ᠶᠢ ᠴᠢᠭᠯᠡᠵᠦ ᠶᠠᠪᠣᠨ᠎ᠠ᠃  ᠬᠠᠨᠳᠠᠭᠠᠵᠠ ᠶᠢᠨ ᠢᠶᠠᠨ ᠬᠠᠯᠠᠭᠠᠰᠤᠨ ᠳᠤ ᠨᠢᠬᠡ ᠶᠠᠭᠤᠮ᠎ᠠ ᠲᠡᠮᠲᠡᠷᠢᠭᠲᠡᠪᠡ᠃ ᠭᠠᠷᠭᠠᠭᠠᠳ ᠦᠵᠡᠬᠦ ᠳᠤ ᠳᠦᠷᠦᠬᠦᠦ ᠵᠢᠯ ᠤᠨ ᠬᠠᠨᠭ᠍ᠰᠢ ᠳᠤ ᠰᠣᠷᠭᠠᠭᠤᠯᠢ ᠶᠢᠨ ᠠᠷᠣ ᠶᠢᠨ ᠦᠨᠳᠦᠷ ᠠᠭᠤᠯᠠᠨ ᠳᠡᠭᠡᠷ᠎ᠡ ᠨᠠᠷᠬᠢᠯ ᠲᠠᠢ ᠰᠡᠬᠦᠳᠡᠷᠯᠡᠭᠰᠡᠨ ᠰᠡᠬᠦᠳᠡᠷ ᠪᠠᠶᠢᠪᠠ᠃ ᠨᠠᠷᠬᠢᠯ ᠲᠡᠭᠦᠨ ᠤ ᠭᠠᠷ ᠠᠶᠠᠷᠬᠠᠨ ᠰᠣᠭᠤᠪᠴᠢᠯᠠᠵᠣ ᠨᠠᠮᠣᠭᠤᠬᠠᠨ ᠢᠨᠢᠶᠡᠵᠡᠢ᠃  ᠲᠡᠷᠡ ᠳᠣᠮᠣ ᠡᠷ᠎ᠡ ᠬᠦᠮᠦᠨ ᠤ ᠮᠠᠶ᠋ᠢᠭᠳᠡᠢ ᠰᠦᠪᠡᠭᠡ ᠳᠣᠯᠣᠨ ᠵᠣᠭᠰᠣᠨ᠎ᠠ᠃ ᠬᠡᠨᠡᠳᠳᠡ ᠳᠡᠷᠭᠡ ᠳᠣᠯᠬᠢᠰᠴᠦ ᠰᠡᠬᠦᠳᠡᠷ ᠢᠶᠠᠨ ᠳᠣᠣᠷ᠎ᠠ ᠣᠨᠠᠭᠠᠵᠠᠢ᠃ ᠰᠡᠬᠦᠳᠡᠷ ᠤᠨ ᠠᠷᠣ ᠳᠤ ᠬᠡᠳᠦᠨ ᠦᠰᠦᠭ ᠳᠣᠷᠠᠶᠢᠨ᠎ᠠ᠃ ︽ᠠᠬ᠎ᠠ ᠡ᠂ ᠡᠳᠦᠷ ᠪᠣᠯᠭᠠᠨ ᠤ ᠪᠠᠶᠠᠷ ᠪᠠᠶᠠᠰᠣᠯ ᠪᠦᠷ ᠴᠢᠨᠦᠬᠢ ᠪᠠᠶᠢᠬᠤ ᠪᠣᠯᠳᠣᠭᠠᠢ︾ ᠭᠡᠬᠦ ᠬᠡᠳᠦᠨ ᠦᠰᠦᠭ  ᠤᠨ ᠴᠠᠭᠠᠨ᠎ᠠ ᠨᠠᠷᠬᠢᠯ ᠤᠨ ᠠᠯᠠᠭ ᠬᠤᠨᠭ᠍ᠭᠤᠷ ᠨᠢᠳᠣ ᠵᠦᠬᠡᠯᠡᠬᠡᠨ ᠢᠨᠢᠶᠡᠳᠣ ᠳᠣᠳᠣᠷᠠᠬᠤ ᠰᠢᠭ᠋᠃      ᠪᠠᠳᠣ ᠶᠢᠨ ᠨᠢᠳᠣ ᠦᠪᠡᠷ ᠤᠨ ᠡᠷᠬᠡ ᠦᠬᠡᠢ ᠣᠰᠣᠨ ᠬᠦᠷᠢᠶ᠎ᠡ ᠳᠠᠳᠠᠵᠠᠢ᠃ ᠨᠢᠬᠡ ᠵᠢᠯ ᠤᠨ ᠳᠣᠷᠰᠢ ᠬᠡᠴᠢᠨᠡᠨ ᠣᠳᠠᠭ᠎ᠠ ᠨᠠᠷᠬᠢᠯ ᠢ ᠬᠤᠯᠠᠭᠠᠶᠢᠯᠠᠨ ᠰᠢᠷᠪᠢᠵᠣ ᠪᠠᠶᠢᠭᠰᠠᠨ ᠴᠦ ︽ᠳᠡᠷᠡ ᠴᠢᠨᠢ ᠮᠢᠨᠣ ᠳᠡᠭᠦᠦ ᠰᠢᠣ︾ ᠬᠡᠵᠣ ᠰᠡᠳᠬᠢᠯ ᠢᠶᠠᠨ ᠪᠠᠷᠢᠨ ᠶᠠᠪᠣᠵᠠᠢ᠃ ᠳᠡᠷᠭᠡᠨ ᠴᠣᠩᠬᠤ ᠪᠠᠷ ᠰᠡᠩᠬᠢᠨᠡᠬᠦ ᠰᠡᠷᠢᠬᠦᠨ ᠰᠡᠯᠬᠢ ᠰᠡᠳᠬᠢᠯ ᠰᠡᠷᠬᠦᠬᠡᠵᠣ ᠪᠠᠳᠣᠪᠣᠯᠣᠳ ᠦᠪᠡᠷ ᠤᠨ ᠡᠷᠬᠡ ᠦᠬᠡᠢ ︽ᠨᠠᠷᠬᠢᠯ ᠡ︕ ᠪᠢᠳᠡ ᠯᠠᠪᠳᠡᠢ ᠡᠭᠦᠷᠢᠳᠡ ᠶᠢᠨ ᠰᠠᠶᠢᠨ ᠨᠠᠶᠢᠵᠠ ᠪᠣᠯᠬᠤ ᠶᠣᠮ︾ ᠬᠡᠵᠣ ᠰᠢᠪᠡᠨᠡᠬᠡᠳ ᠨᠢᠳᠣ ᠪᠠᠨ ᠠᠯᠭᠤᠷᠬᠠᠨ ᠠᠨᠢᠭᠠᠳ ᠦᠨᠦᠬᠢ ᠰᠡᠬᠦᠳᠡᠷ ᠢᠶᠠᠨ ᠵᠢᠷᠦᠬᠡᠨ ᠳᠤ ᠪᠠᠨ ᠨᠠᠭᠠᠵᠠᠢ ᠁      ᠮᠠᠰᠢᠨ ᠲᠡᠷᠭᠡ ᠠᠶᠠᠨ ᠤ ᠬᠠᠷᠠᠯᠳᠠ ᠪᠠᠨ ᠴᠢᠭᠯᠡᠨ ᠳᠠᠪᠬᠢᠨ᠎ᠠ᠃                                    ※ ᠲᠤᠰ ᠵᠤᠬᠢᠶᠠᠯ  ᠲᠠᠪᠤᠲᠤᠭᠠᠷ ᠤᠲᠠᠭᠠᠨ ᠤ ᠨᠠᠢᠮᠠᠨ ᠰᠢᠷᠭ᠎ᠠ ᠵᠤᠬᠢᠶᠠᠯ ᠤᠨ ᠤᠷᠤᠯᠲᠤᠭᠠᠨ ᠳᠤ ᠭᠤᠷᠪᠠᠲᠤᠭᠠᠷ ᠲᠡᠰ ᠤᠨ ᠱᠠᠩᠨᠠᠯ ᠬᠦᠷᠲᠡᠪᠡ᠃                                           ᠵᠢᠯᠤᠭᠤᠳᠤᠭᠰᠠᠨ ᠪᠠᠭᠰᠢ —  ᠪᠠ᠊ · ᠰᠡᠴᠡᠩᠭᠤᠸ᠎ᠠ  
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号