| | ᠨᠠᠮᠤᠷ ᠤᠨ ᠰᠢᠷᠭᠠᠯ ᠥᠩᠭᠡ ᠪᠠᠷ ᠪᠣᠳᠤᠭᠳᠠᠭᠰᠠᠨ ᠠᠷᠪᠠᠳᠤᠭᠠᠷ ᠰᠠᠷ᠎ᠠ ᠶᠢᠨ ᠲᠠᠩᠰᠤᠭ ᠤᠯᠠᠷᠢᠯ ᠳᠤ | ᠪᠠᠭᠠᠴᠣᠳ ᠤᠨ ᠬᠤᠰᠢᠭᠤᠴᠢ ᠠᠩᠭᠢ ᠶᠢᠨ ᠵᠣᠬᠢᠶᠠᠨ ᠪᠠᠶᠢᠭᠤᠯᠤᠯᠲᠠ ᠨᠢ ᠦᠪᠡᠷ ᠤᠨ ᠪᠠᠶᠠᠷ ᠤᠨ ᠡᠳᠦᠷ ᠢᠶᠠᠨ | ᠤᠭᠲᠤᠨ ᠠᠪᠴᠢᠷᠠᠵᠠᠢ᠂ ᠥᠨᠥ ᠵᠢᠯ ᠪᠣᠯ ᠪᠠᠭᠠᠴᠤᠳ ᠤᠨ ᠬᠤᠰᠢᠭᠤᠴᠢ ᠠᠩᠭᠢ ᠶᠢᠨ ᠵᠣᠬᠢᠶᠠᠨ ᠪᠠᠶᠢᠭᠤᠯᠤᠯᠲᠠ | ᠪᠠᠶᠢᠭᠤᠯᠤᠭᠳᠠᠭᠰᠠᠨ 71 ᠵᠢᠯ ᠤᠨ ᠣᠢ ᠪᠣᠯᠤᠨ᠎ᠠ᠃ ᠠᠷᠤ ᠬᠤᠷᠴᠢᠨ ᠬᠤᠰᠢᠭᠤᠨ ᠤ ᠬᠠᠨ ᠠᠭᠤᠯᠠ ᠪᠠᠭ᠎ᠠ | ᠰᠤᠷᠭᠠᠭᠤᠯᠢ ᠨᠢ 2020 ᠣᠨ ᠤ 10 ᠰᠠᠷ᠎ᠠ ᠶᠢᠨ 13 ᠤ ᠡᠳᠦᠷ ᠪᠠᠭᠠᠴᠤᠳ ᠤᠨ ᠬᠤᠰᠢᠭᠤᠴᠢ ᠠᠩᠭᠢ ᠶᠢᠨ | ᠵᠣᠬᠢᠶᠠᠨ ᠪᠠᠶᠢᠭᠤᠯᠤᠯᠲᠠ ᠪᠠᠶᠢᠭᠤᠯᠤᠭᠳᠠᠭᠰᠠᠨ 71 ᠵᠢᠯ ᠤᠨ ᠣᠢ ᠶᠢ ᠲᠤᠷᠠᠰᠬᠠᠨ ᠲᠡᠮᠳᠡᠭᠯᠡᠬᠦ ᠵᠢᠴᠢ ᠨᠢᠭᠡᠳᠦᠭᠡᠷ | ᠣᠨ ᠤ ᠪᠢᠴᠢᠬᠠᠨ ᠰᠤᠷᠤᠭᠴᠢᠳ ᠢᠶᠠᠨ ᠢᠷᠠᠭᠤ ᠠᠯᠳᠠᠷ ᠲᠠᠢ ᠪᠠᠷ ᠪᠠᠭᠠᠴᠤᠳ ᠤᠨ ᠬᠤᠰᠢᠭᠤᠴᠢ ᠠᠩᠭᠢ ᠳᠤ ᠡᠯᠰᠡᠬᠦ | ᠬᠦᠳᠡᠯᠭᠡᠭᠡᠨ ᠢᠶᠠᠨ ᠦᠪᠡᠳᠡᠭᠰᠢ ᠶᠠᠪᠣᠭᠳᠠᠭᠤᠯᠤᠭᠰᠠᠨ ᠪᠠᠶᠢᠨ᠎ᠠ᠃ | | | | | | | | | | | | | | ᠬᠦᠳᠡᠯᠭᠡᠭᠡᠨ ᠨᠢ ᠴᠤᠭ ᠵᠢᠪᠬᠤᠯᠠᠩ ᠲᠠᠢ ᠬᠤᠰᠢᠭᠤᠴᠢ ᠠᠩᠭᠢ ᠶᠢᠨ ᠰᠦᠯᠳᠡ ᠲᠠᠭᠤᠤ ᠶᠢᠨ ᠳᠤᠮᠲᠠ | ᠬᠦᠰᠢᠭᠡ ᠪᠠᠨ ᠢᠷᠡᠵᠦ᠂ ᠠᠩᠭᠢ ᠶᠢᠨ ᠲᠤᠭ ᠲᠠᠯᠠᠪᠠᠢ ᠳᠤ ᠣᠷᠤᠵᠤ᠂ ᠬᠤᠰᠢᠭᠤᠴᠢ ᠠᠩᠭᠢ ᠶᠢᠨ ᠶᠣᠰᠤ ᠬᠢᠵᠦ᠂ | ᠪᠠᠭᠠᠴᠤᠳ ᠤᠨ ᠶᠡᠭᠡ ᠠᠩᠭᠢ ᠶᠢᠨ ᠬᠠᠪᠰᠣᠷᠤᠨ ᠵᠢᠯᠣᠭᠤᠳᠤᠭᠴᠢ ᠠᠴᠠ 186 ᠨᠡᠷ᠎ᠡ ᠨᠢᠭᠡᠳᠦᠭᠡᠷ ᠣᠨ ᠤ | ᠰᠤᠷᠤᠭᠴᠢᠳ ᠢ ᠪᠠᠭᠠᠴᠤᠳ ᠤᠨ ᠬᠤᠰᠢᠭᠤᠴᠢ ᠠᠩᠭᠢ ᠶᠢᠨ ᠭᠡᠰᠢᠭᠦᠨ ᠢᠶᠠᠷ ᠡᠯᠰᠡᠬᠦ ᠶᠢ ᠵᠥᠪᠰᠢᠶᠡᠷᠡᠨ ᠨᠡᠷᠡᠰ ᠢ ᠨᠢ | ᠨᠡᠶᠢᠲᠡᠯᠡᠨ᠂ ᠠᠬᠠᠮᠠᠳ ᠬᠤᠰᠢᠭᠤᠴᠢ ᠠᠩᠭᠢ ᠶᠢᠨ ᠭᠡᠰᠢᠭᠦᠳ ᠠᠴᠠ ᠭᠠᠯ ᠤᠯᠠᠭᠠᠨ ᠪᠥᠴᠡ ᠶᠢ ᠪᠢᠴᠢᠬᠠᠨ | ᠰᠤᠷᠤᠭᠴᠢᠳ ᠤᠨ ᠬᠦᠵᠦᠭᠦᠨ ᠳᠤ ᠵᠡᠭᠦᠯᠭᠡᠵᠦ᠂ ᠵᠢᠩᠬᠢᠨᠢ ᠪᠠᠷ ᠪᠠᠭᠠᠴᠤᠳ ᠤᠨ ᠬᠤᠰᠢᠭᠤᠴᠢ ᠠᠩᠭᠢ ᠶᠢᠨ ᠭᠡᠰᠢᠭᠦᠨ | ᠪᠣᠯᠤᠭᠰᠠᠨ ᠢ ᠲᠣᠩᠬᠠᠯᠠᠭᠰᠠᠨ ᠪᠠᠶᠢᠨ᠎ᠠ᠃ ᠪᠦᠬᠦᠶᠢᠯᠡ ᠬᠤᠰᠢᠭᠤᠴᠢ ᠠᠩᠭᠢ ᠶᠢᠨ ᠭᠡᠰᠢᠭᠦᠳ ᠲᠤᠭ ᠤᠨ ᠲᠣᠣᠷ᠎ᠠ | ᠲᠠᠩᠭᠠᠷᠢᠭ ᠬᠢᠵᠦ᠂ ᠨᠠᠮ ᠤᠨ ᠢᠶᠠᠨ ᠵᠢᠯᠣᠭᠤᠳᠤᠯᠭ᠎ᠠ ᠶᠢ ᠰᠣᠨᠤᠰᠤᠨ᠂ ᠴᠢᠷᠮᠠᠶᠢᠨ ᠰᠣᠷᠤᠯᠴᠠᠵᠤ ᠡᠬᠡ | ᠤᠯᠤᠰ ᠤᠨ ᠢᠶᠠᠨ ᠰᠢᠯᠢᠳᠡᠭ ᠵᠠᠯᠭᠠᠮᠵᠢᠯᠠᠭᠴᠢ ᠪᠣᠯᠬᠤ ᠪᠠᠷ ᠵᠣᠷᠢᠭ ᠢᠶᠠᠨ ᠢᠯᠡᠳᠭᠡᠵᠡᠢ᠃ ᠠᠬᠠᠮᠠᠳ ᠬᠤᠰᠢᠭᠤᠴᠢ | ᠠᠩᠭᠢ ᠶᠢᠨ ᠭᠡᠰᠢᠭᠦᠨ ᠤ ᠲᠦᠯᠦᠭᠡᠯᠡᠭᠴᠢ ᠠᠴᠠ ᠵᠣᠷᠢᠭᠵᠢᠭᠤᠯᠤᠯ ᠤᠨ ᠦᠭᠡ ᠶᠠᠷᠢᠵᠦ᠂ ᠰᠢᠨ᠎ᠡ ᠬᠤᠰᠢᠭᠤᠴᠢ | ᠠᠩᠭᠢ ᠶᠢᠨ ᠭᠡᠰᠢᠭᠦᠨ ᠤ ᠲᠦᠯᠦᠭᠡᠯᠡᠭᠴᠢ ᠠᠴᠠ ᠵᠣᠷᠢᠭ ᠢᠶᠠᠨ ᠢᠯᠡᠳᠭᠡᠵᠡᠢ᠃ ᠮᠥᠨ ᠴᠤ ᠨᠢᠭᠡᠳᠦᠭᠡᠷ ᠣᠨ ᠤ 5 | ᠪᠠᠭᠰᠢ ᠶᠢ ᠳᠤᠮᠳᠠ ᠠᠩᠭᠢ ᠶᠢᠨ ᠬᠠᠪᠰᠣᠷᠤᠨ ᠵᠢᠯᠣᠭᠤᠳᠤᠭᠴᠢ ᠪᠠᠷ ᠤᠷᠢᠵᠣ᠂ ᠳᠤᠮᠳᠠ ᠠᠩᠭᠢ ᠶᠢᠨ ᠲᠤᠭ | ᠣᠯᠭᠤᠭᠰᠠᠨ ᠪᠦᠭᠡᠳ ᠬᠤᠰᠢᠭᠤᠴᠢ ᠠᠩᠭᠢ ᠶᠢᠨ ᠶᠡᠭᠡ ᠠᠩᠭᠢ ᠶᠢᠨ ᠬᠠᠪᠰᠤᠷᠣᠨ ᠵᠢᠯᠣᠭᠤᠳᠤᠭᠴᠢ ᠠᠴᠠ ᠰᠢᠨ᠎ᠡ | ᠪᠠᠭᠠᠴᠤᠳ ᠤᠨ ᠬᠤᠰᠢᠭᠤᠴᠢ ᠠᠩᠭᠢ ᠶᠢᠨ ᠭᠡᠰᠢᠭᠦᠳ ᠲᠤ ᠵᠣᠬᠢᠶᠠᠨ ᠪᠠᠶᠢᠭᠤᠯᠤᠯᠲᠠ ᠪᠠᠨ ᠲᠠᠨᠢᠯᠴᠠᠭᠤᠯᠵᠦ᠂ | ᠪᠦᠬᠦᠶᠢᠯᠡ ᠬᠤᠰᠢᠭᠤᠴᠢ ᠠᠩᠭᠢ ᠶᠢᠨ ᠭᠡᠰᠢᠭᠦᠳ ᠲᠤ ᠵᠣᠬᠢᠶᠠᠨ ᠪᠠᠶᠢᠭᠤᠯᠤᠯᠲᠠ ᠶᠢᠨ ᠲᠡᠣᠬᠡᠲᠥ ᠬᠠᠷᠢᠭᠤᠴᠠᠯᠭ᠎ᠠ ᠶᠢ | ᠮᠡᠳᠡᠭᠦᠯᠵᠦ᠂ ᠱᠠᠭᠠᠷᠳᠠᠯᠭ᠎ᠠ ᠲᠠᠯᠪᠢᠭᠰᠠᠨ ᠪᠠᠶᠢᠨ᠎ᠠ᠃ | | | | | ᠰᠤᠷᠭᠠᠭᠤᠯᠢ ᠶᠢᠨ ᠲᠡᠳ᠋ ᠵᠠᠬᠢᠷᠤᠯ ᠠᠴᠠ ᠬᠦᠳᠡᠯᠭᠡᠭᠡᠨ ᠳᠤ ᠳ᠋ᠦᠩᠨᠡᠯᠲᠡ ᠬᠢᠵᠦ᠂ ᠰᠢᠨ᠎ᠡ ᠪᠠᠷ ᠡᠯᠰᠡᠭᠳᠡᠭᠰᠡᠨ | ᠪᠠᠭᠠᠴᠤᠳ ᠤᠨ ᠬᠤᠰᠢᠭᠤᠴᠢ ᠠᠩᠭᠢ ᠶᠢᠨ ᠭᠡᠰᠢᠭᠦᠳ ᠲᠤ ᠪᠠᠶᠠᠷ ᠬᠦᠷᠭᠡᠵᠦ᠂ ᠬᠤᠰᠢᠭᠤᠴᠢ ᠠᠩᠭᠢ ᠶᠢᠨ | ᠭᠡᠰᠢᠭᠦᠳ ᠢ ᠰᠢ ᠶᠢᠨ ᠫᠢᠩ ᠶᠡᠷᠦᠩᠬᠡᠢ ᠱᠦᠵᠢ ᠶᠢᠨ ᠪᠠᠭᠠᠴᠤᠳ ᠤᠨ ᠬᠤᠰᠢᠭᠤᠴᠢ ᠠᠩᠭᠢ ᠶᠢᠨ ᠭᠡᠰᠢᠭᠦᠳ ᠲᠤ | ᠲᠠᠯᠪᠢᠭᠰᠠᠨ ᠱᠠᠭᠠᠷᠳᠠᠯᠭ᠎ᠠ ᠶᠢ ᠪᠠᠲᠤ ᠴᠡᠭᠡᠵᠢᠯᠡᠵᠦ᠂ ᠪᠠᠭᠠᠴᠣᠳ ᠬᠡᠣᠬᠡᠳ ᠨᠢᠭᠡᠪᠦᠷᠢ ᠨᠠᠶᠢᠭᠡᠮ ᠵᠢᠷᠤᠮᠲᠤ | ᠭᠤᠤᠯᠯᠠᠭᠴᠢ ᠦᠷᠲᠡᠭ ᠤᠨ ᠦᠵᠡᠯᠲᠡ ᠲᠠᠢ ᠪᠠᠶᠢᠵᠦ᠂ ᠬᠦᠰᠡᠯᠡᠩ ᠲᠠᠢ᠂ ᠶᠤᠰᠤ ᠮᠣᠷᠠᠯ ᠲᠠᠢ᠂ ᠡᠬᠡ ᠤᠯᠤᠰ ᠢᠶᠠᠨ | ᠬᠠᠶᠢᠷᠠᠯᠠᠨ᠂ ᠡᠪ ᠬᠠᠮᠲᠤ ᠨᠠᠮ ᠢᠶᠠᠨ ᠬᠦᠷᠢᠶᠡᠯᠡᠨ᠂ ᠰᠤᠷᠤᠯᠴᠠᠬᠤ ᠲᠣᠷᠠᠲᠠᠢ᠂ ᠬᠦᠳᠡᠯᠮᠣᠷᠢ ᠶᠢ ᠬᠠᠶᠢᠷᠠᠯᠠᠨ᠂ | ᠨᠡᠶᠢᠭᠡᠮ ᠵᠢᠷᠤᠮᠲᠣ ᠡᠬᠡ ᠤᠯᠤᠰ ᠲᠤ ᠪᠠᠨ ᠲᠤᠰᠠᠲᠠᠢ ᠬᠦᠮᠦᠨ ᠪᠣᠯᠤᠭᠠᠷᠠᠢ ᠭᠡᠵᠦ ᠱᠠᠭᠠᠷᠳᠠᠬᠤ ᠶᠢᠨ ᠬᠠᠮᠲᠤ | ᠬᠠᠪᠰᠤᠷᠣᠨ ᠵᠢᠯᠣᠭᠤᠳᠤᠭᠴᠢ ᠪᠠᠭᠰᠢ ᠨᠠᠷ ᠢ ᠰᠢᠯᠢᠳᠡᠭ ᠤᠯᠠᠮᠵᠢᠯᠠᠯ ᠢᠶᠠᠨ ᠵᠠᠯᠭᠠᠮᠵᠢᠯᠠᠨ ᠪᠠᠳᠠᠷᠠᠭᠤᠯᠵᠣ᠂ | ᠬᠤᠰᠢᠭᠤᠴᠢ ᠠᠩᠭᠢ ᠶᠢᠨ ᠠᠵᠢᠯ ᠢᠶᠠᠨ ᠰᠢᠨ᠎ᠡ ᠨᠢᠭᠡᠨ ᠲᠡᠭᠲᠡᠷ ᠲᠤ ᠬᠦᠷᠭᠡᠭᠡᠷᠡᠢ ᠭᠡᠵᠡᠢ᠃ ︵ᠵᠠᠯᠭᠠᠬᠦᠦ︶ | |